ᠬᠦᠮᠦᠨ ᠤ ᠬᠦᠴᠦᠨ ᠤ ᠡᠬᠢ ᠪᠠᠶᠠᠯᠢᠭ ᠪᠠ ᠨᠡᠶᠢᠬᠡᠮ ᠤᠨ ᠪᠠᠳᠤᠯᠠᠭ᠎ᠠ ᠶᠢᠨ ᠶᠠᠮᠤᠨ᠄ ᠡᠨᠡ ᠵᠢᠯ ᠪᠠ ᠢᠷᠡᠬᠦ ᠵᠢᠯ ᠳᠤ ᠵᠢᠯ ᠪᠦᠷᠢ 700 ᠲᠦᠮᠡ ᠭᠠᠷᠤᠢ ᠬᠦᠯᠦᠰᠦᠨ ᠲᠠᠷᠢᠶᠠᠴᠢᠨ ᠳᠤ ᠪᠤᠯᠪᠠᠰᠤᠷᠠᠯ ᠬᠦᠷᠳᠡᠭᠡᠨ᠎ᠠ
ᠨᠡᠶᠢᠲᠡᠯᠡᠭᠰᠡᠨ ᠴᠠᠭ᠄
2020/7/8
     ᠬᠦᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠳᠤᠯᠠᠭ᠎ᠠ ᠶᠢᠨ ᠶᠠᠮᠤᠨ ᠲᠦᠷᠦᠭᠦᠬᠡᠨ ᠮᠡᠳᠡᠭᠳᠡᠯ ᠪᠠᠭᠤᠯᠭᠠᠵᠤ᠂ ︽ᠬᠦᠯᠦᠰᠦᠨ ᠲᠠᠷᠢᠶᠠᠴᠢᠨ ᠤ ᠠᠵᠢᠯ ᠤᠯᠭᠤᠯᠳᠠ ᠶᠢ ᠲᠤᠭᠳᠠᠪᠤᠷᠢᠵᠢᠭᠤᠯᠬᠤ ᠠᠵᠢᠯ ᠮᠡᠷᠭᠡᠵᠢᠯ ᠤᠨ ᠪᠤᠯᠪᠠᠰᠤᠷᠠᠯ ᠬᠦᠷᠳᠡᠭᠡᠬᠦ ᠲᠦᠯᠦᠪᠯᠡᠭᠡ︾ ᠶᠢ ᠬᠡᠷᠡᠭᠵᠢᠭᠦᠯᠬᠦ ᠪᠠᠷ ᠲᠤᠭᠳᠠᠵᠤ᠂ ᠡᠨᠡ ᠵᠢᠯ ᠪᠠ ᠢᠷᠡᠬᠦ ᠵᠢᠯ ᠳᠤ ᠵᠢᠯ ᠪᠦᠷᠢ 700 ᠲᠦᠮᠠ ᠭᠠᠷᠤᠢ ᠬᠦᠯᠦᠰᠦᠨ ᠲᠠᠷᠢᠶᠠᠴᠢᠨ ᠳᠤ ᠪᠤᠯᠪᠠᠰᠤᠷᠠᠯ ᠬᠦᠷᠳᠡᠭᠡᠬᠦ ᠪᠠᠷ ᠪᠤᠢ᠃      ᠤᠶᠢᠯᠠᠭᠠᠭᠰᠠᠨ ᠢᠶᠠᠷ᠂ ᠠᠵᠢᠯ ᠮᠡᠷᠭᠡᠵᠢᠯ ᠤᠨ ᠪᠤᠯᠪᠠᠰᠤᠷᠠᠯ ᠬᠦᠷᠳᠡᠭᠡᠬᠦ ᠬᠦᠮᠦᠰ ᠲᠤ ᠠᠵᠢᠯ ᠤᠨ ᠪᠠᠶᠢᠷᠢ ᠳᠠᠭᠠᠨ ᠪᠠᠶᠢᠭ᠎ᠠ ᠬᠦᠯᠦᠰᠦᠨ ᠲᠠᠷᠢᠶᠠᠴᠢᠨ᠂ ᠬᠤᠳᠠ ᠪᠠᠯᠭᠠᠰᠤᠨ ᠤ ᠠᠵᠢᠯ ᠡᠷᠢᠵᠤ ᠪᠠᠶᠢᠭ᠎ᠠ ᠪᠤᠶᠤ ᠠᠵᠢᠯ ᠠᠯᠳᠠᠭᠰᠠᠨ ᠬᠦᠯᠦᠰᠦᠨ ᠲᠠᠷᠢᠶᠠᠴᠢᠨ᠂ ᠬᠦᠳᠡᠭᠡ ᠲᠤᠰᠬᠤᠨ ᠤ ᠰᠢᠨ᠎ᠠ ᠪᠠᠷ ᠰᠢᠯᠵᠢᠭᠰᠡᠨ ᠬᠦᠳᠡᠯᠮᠦᠷᠢ ᠬᠦᠴᠦ᠂ ᠨᠤᠲᠤᠭ ᠲᠠᠭᠠᠨ ᠪᠤᠴᠠᠭᠰᠠᠨ ᠬᠦᠯᠦᠰᠦᠨ ᠲᠠᠷᠢᠶᠠᠴᠢᠨ ᠪᠤᠯᠤᠨ ᠶᠠᠳᠠᠭᠤ ᠬᠦᠴᠢᠷᠳᠡᠯᠳᠠᠢ ᠬᠦᠳᠡᠯᠮᠦᠷᠢ ᠬᠦᠴᠦ ᠵᠡᠷᠭᠡ ᠶᠢ ᠪᠠᠭᠳᠠᠭᠠᠵᠤ ᠪᠠᠶᠢᠨ᠎ᠠ᠃      ᠲᠦᠯᠦᠪᠯᠡᠭᠡ ᠳᠤ᠂ ᠠᠵᠤ ᠠᠬᠤᠶᠢᠯᠠᠯ ᠢᠶᠠᠷ ᠭᠤᠤᠯ ᠪᠤᠯᠭᠠᠵᠤ᠂ ᠠᠵᠢᠯ ᠤᠨ ᠪᠠᠶᠢᠷᠢ ᠳᠠᠭᠠᠨ ᠪᠠᠶᠢᠭ᠎ᠠ ᠪᠠ ᠠᠵᠢᠯ ᠡᠷᠢᠵᠤ ᠪᠠᠶᠢᠭ᠎ᠠ ᠬᠦᠯᠦᠰᠦᠨ ᠲᠠᠷᠢᠶᠠᠴᠢᠳ ᠢ ᠵᠤᠬᠢᠶᠠᠨ ᠪᠠᠶᠢᠭᠤᠯᠵᠤ ᠠᠵᠢᠯ ᠢᠶᠠᠷ ᠪᠤᠯᠪᠠᠰᠤᠷᠠᠯ ᠢ ᠤᠷᠤᠯᠠᠭᠤᠯᠵᠤ᠂ ᠪᠤᠯᠪᠠᠰᠤᠷᠠᠯ ᠢᠶᠠᠷ ᠠᠵᠢᠯ ᠤᠨ ᠪᠠᠶᠢᠷᠢ ᠶᠢ ᠲᠤᠭᠳᠠᠪᠤᠷᠢᠵᠢᠭᠤᠯᠬᠤ ᠶᠢ ᠪᠡᠶᠡᠯᠡᠭᠦᠯᠬᠦ ᠬᠡᠷᠡᠭᠳᠠᠢ᠃ ᠬᠦᠯᠦᠰᠦᠨ ᠲᠠᠷᠢᠶᠠᠴᠢᠳ ᠤᠨ ᠤᠤᠯ ᠨᠤᠲᠤᠭ ᠢᠶᠠᠷ ᠭᠤᠤᠯ ᠪᠤᠯᠭᠠᠵᠤ᠂ ᠨᠤᠲᠤᠭ ᠲᠠᠭᠠᠨ ᠬᠠᠷᠢᠭᠰᠠᠨ ᠬᠦᠯᠦᠰᠦᠨ ᠲᠠᠷᠢᠶᠠᠴᠢᠳ ᠢ ᠵᠤᠬᠢᠶᠠᠨ ᠪᠠᠶᠢᠭᠤᠯᠵᠤ ᠠᠵᠢᠯ ᠤᠯᠵᠤ ᠦᠢᠯᠡᠰ ᠪᠤᠰᠬᠠᠬᠤ ᠪᠤᠯᠪᠠᠰᠤᠷᠠᠯ ᠢ ᠵᠤᠬᠢᠶᠠᠨ ᠪᠠᠶᠢᠭᠤᠯᠵᠤ᠂ ᠬᠦᠯᠦᠰᠦᠨ ᠲᠠᠷᠢᠶᠠᠴᠢᠨ ᠤ ᠤᠶᠢᠷ᠎ᠠ ᠬᠠᠪᠢ ᠳᠠᠭᠠᠨ ᠠᠵᠢᠯ ᠤᠯᠵᠤ ᠦᠢᠯᠡᠰ ᠪᠤᠰᠬᠠᠬᠤ ᠶᠢ ᠠᠬᠢᠭᠤᠯᠬᠤ ᠬᠡᠷᠡᠭᠳᠠᠢ᠃ ᠰᠢᠶᠠᠨ ᠲᠤᠭᠤᠷᠢᠬ ᠤᠨ ᠠᠵᠤ ᠠᠬᠤᠢ ᠶᠢᠨ ᠬᠦᠭᠵᠢᠯᠳᠠ ᠪᠤᠯᠤᠨ ᠨᠡᠶᠢᠳᠠ ᠶᠢᠨ ᠠᠰᠠᠷᠠᠮᠵᠢ ᠶᠢᠨ ᠠᠵᠢᠯ ᠤᠨ ᠪᠠᠶᠢᠷᠢ ᠶᠢᠨ ᠭᠡᠷᠡᠭᠴᠡᠭᠡ ᠶᠢ ᠦᠨᠳᠤᠰᠤᠯᠠᠵᠤ᠂ ᠰᠢᠶᠠᠨ ᠲᠤᠭᠤᠷᠢᠬ ᠤᠨ ᠳᠤᠳᠤᠷᠠᠬᠢ ᠦᠢᠯᠡᠳᠪᠤᠷᠢᠯᠠᠯ ᠤᠶᠢᠯᠡᠳᠬᠦ ᠤᠶᠢᠯᠡᠰ᠂ ᠪᠠᠷᠢᠯᠭ᠎ᠠ ᠶᠢᠨ ᠤᠶᠢᠯᠡᠰ᠂ ᠤᠶᠢᠯᠡᠴᠢᠯᠡᠬᠡᠨ ᠤ ᠤᠶᠢᠯᠡᠰ᠂ ᠨᠤᠳᠤᠬ ᠤᠨ ᠭᠠᠷᠤᠯᠳᠠ ᠶᠢᠨ ᠤᠶᠢᠯᠡᠰ᠂ ᠵᠤᠭ᠎ᠠ ᠰᠡᠯᠡᠬᠦᠴᠡᠯ ᠤᠨ ᠤᠶᠢᠯᠡᠰ᠂ ᠢᠳᠡᠬᠡᠨ ᠤᠮᠳᠠᠭᠠᠨ ᠤ ᠤᠶᠢᠯᠡᠰ ᠵᠡᠷᠬᠡ ᠪᠠᠷ ᠭᠤᠤᠯᠯᠠᠭᠤᠯᠵᠤ ᠤᠷ᠎ᠠ ᠮᠡᠷᠬᠡᠵᠢᠯ ᠤᠨ ᠪᠤᠯᠪᠠᠰᠤᠷᠠᠯ ᠬᠦᠷᠳᠡᠭᠡᠵᠦ᠂ ᠨᠤᠳᠤᠬ ᠲᠠᠭᠠᠨ ᠪᠤᠴᠠᠬᠰᠠᠨ ᠬᠦᠯᠤᠰᠤᠨ ᠲᠠᠷᠢᠶᠠᠴᠢᠨ ᠤ ᠠᠵᠢᠯ ᠮᠡᠷᠬᠡᠵᠢᠯ ᠤᠨ ᠰᠤᠯᠢᠬᠳᠠᠯ ᠪᠤᠯᠤᠨ ᠲᠠᠬᠢᠨ ᠠᠵᠢᠯ ᠤᠯᠬᠤ ᠴᠢᠳᠠᠪᠤᠷᠢ ᠶᠢ ᠲᠡᠭᠡᠭᠰᠢᠯᠡᠬᠦᠯᠵᠤ᠂ ᠨᠤᠳᠤᠬ ᠲᠠᠭᠠᠨ ᠪᠤᠴᠠᠬᠰᠠᠨ ᠬᠦᠯᠤᠰᠤᠨ ᠲᠠᠷᠢᠶᠠᠴᠢᠨ ᠤ ᠲᠠᠬᠢᠨ ᠠᠵᠢᠯ ᠤᠯᠬᠤ ᠶᠢ ᠠᠬᠢᠭᠤᠯᠤᠨ᠎ᠠ ᠬᠡᠵᠤ ᠴᠢᠬᠤᠯᠠᠴᠢᠯᠠᠪᠠ᠃      ᠡᠬᠦᠨ ᠠᠴᠠ ᠭᠠᠳᠠᠨ᠎ᠠ᠂ ᠠᠵᠢᠯᠴᠢᠨ ᠭᠡᠷᠡᠭᠯᠡᠬᠦ ᠭᠠᠵᠠᠷ ᠤᠷᠤᠨ ᠤ ᠬᠢᠨ ᠲᠤᠬᠠᠢ ᠶᠢᠨ ᠭᠠᠵᠠᠷ ᠤᠨ ᠬᠦᠭᠵᠢᠯᠳᠠ ᠪᠤᠯᠤᠨ ᠠᠵᠤ ᠠᠬᠤᠶᠢᠯᠠᠯ ᠤᠨ ᠠᠵᠢᠯᠴᠢᠨ ᠭᠡᠷᠡᠭᠯᠡᠬᠦ ᠭᠡᠷᠡᠭᠴᠡᠭᠡ ᠵᠢᠴᠢ ᠬᠦᠯᠤᠰᠤᠨ ᠲᠠᠷᠢᠶᠠᠴᠢᠨ ᠤ ᠬᠦᠰᠡᠯ ᠱᠠᠭᠠᠷᠳᠠᠯᠭ᠎ᠠ ᠶᠢ ᠦᠨᠳᠤᠰᠤᠯᠠᠵᠤ᠂ ᠴᠢᠭᠯᠡᠭᠦᠯᠤᠯᠳᠤ ᠴᠢᠨᠠᠷᠳᠠᠢ ᠲᠤᠭᠳᠠᠬᠰᠠᠨ ᠴᠢᠭᠯᠡᠯ ᠲᠠᠢ᠂ ᠲᠤᠭᠳᠠᠬᠰᠠᠨ ᠠᠵᠢᠯ ᠤᠨ ᠪᠠᠶᠢᠷᠢ ᠶᠢᠨ ᠪᠤᠯᠪᠠᠰᠤᠷᠠᠯ ᠪᠤᠯᠤᠨ ᠲᠤᠰᠬᠠᠢ ᠮᠡᠷᠬᠡᠵᠢᠯ ᠤᠨ ᠪᠤᠯᠪᠠᠰᠤᠷᠠᠯ ᠢ ᠵᠤᠬᠢᠶᠠᠨ ᠪᠠᠶᠢᠭᠤᠯᠵᠤ᠂ ᠠᠵᠢᠯ ᠤᠨ ᠪᠠᠶᠢᠷᠢ ᠰᠤᠯᠢᠬᠰᠠᠨ ᠪᠠ ᠠᠵᠢᠯ ᠠᠯᠳᠠᠬᠰᠠᠨ ᠬᠦᠯᠤᠰᠤᠨ ᠲᠠᠷᠢᠶᠠᠴᠢᠨ ᠤ ᠤᠷ᠎ᠠ ᠮᠡᠷᠬᠡᠵᠢᠯ ᠤᠨ ᠴᠢᠳᠠᠪᠤᠷᠢ ᠶᠢ ᠲᠡᠭᠡᠭᠰᠢᠯᠡᠬᠦᠯᠵᠤ᠂ ᠲᠤᠬᠠᠢ ᠶᠢᠨ ᠭᠠᠵᠠᠷ ᠤᠨ ᠠᠵᠤ ᠤᠶᠢᠯᠡᠰ ᠤᠨ ᠬᠦᠭᠵᠢᠯᠳᠠ ᠶᠢ ᠲᠡᠮᠵᠢᠨ᠎ᠠ᠃ ᠲᠦᠯᠤᠪᠯᠡᠭᠡ ᠳᠤ ᠵᠠᠬ᠎ᠠ ᠲᠡᠯᠬᠡᠬᠦᠷ ᠲᠤ ᠪᠠᠴᠢᠮ ᠭᠡᠷᠡᠭᠴᠡᠭᠡ ᠲᠠᠢ ᠲᠤᠳᠠᠬᠳᠠᠵᠤ ᠪᠦᠬᠦᠢ ᠠᠵᠢᠯ ᠮᠡᠷᠬᠡᠵᠢᠯ ᠢᠶᠠᠷ ᠭᠤᠤᠯᠯᠠᠭᠤᠯᠵᠤ᠂ ᠪᠠᠷᠢᠯᠭ᠎ᠠ᠂ ᠮᠠᠰᠢᠨ ᠮᠧᠬᠠᠨᠢᠬ᠂ ᠰᠠᠯᠪᠢᠨ ᠵᠠᠰᠠᠬᠤ᠂ ᠬᠡᠷ ᠤᠨ ᠶᠠᠪᠤᠳᠠᠯ᠂ ᠨᠠᠰᠤᠵᠢᠯ ᠤᠨ ᠠᠰᠠᠷᠠᠮᠵᠢ᠂ ᠢᠳᠡᠬᠡᠨ ᠤᠮᠳᠠᠭᠠᠨ᠂ ᠠᠮᠤᠷ ᠲᠦᠪᠰᠢᠨ ᠤ ᠬᠠᠮᠠᠭᠠᠯᠠᠯᠳᠠ᠂ ᠪᠠᠷᠠᠭᠠᠨ ᠤ ᠬᠦᠢᠯᠬᠡᠬᠡ ᠵᠡᠷᠬᠡ ᠬᠦᠯᠤᠰᠤᠨ ᠲᠠᠷᠢᠶᠠᠴᠢᠨ ᠤ ᠠᠵᠢᠯ ᠤᠯᠬᠤ ᠳᠤ ᠲᠤᠬᠢᠷᠠᠬᠤ ᠤᠷ᠎ᠠ ᠮᠡᠷᠬᠡᠵᠢᠯ ᠤᠨ ᠪᠤᠯᠪᠠᠰᠤᠷᠠᠯ ᠪᠤᠯᠤᠨ ᠲᠦᠷᠬᠡᠨ ᠬᠦᠷᠭᠡᠭᠴᠢ᠂ ᠰᠦᠯᠵᠢᠶᠡᠨ ᠪᠤᠯᠵᠤᠭᠠᠳᠦ ᠪᠠᠷᠠᠭ᠎ᠠ ᠬᠦᠷᠭᠡᠭᠴᠢ᠂ ᠰᠢᠭᠤᠳ ᠨᠡᠪᠳᠡᠷᠡᠬᠦᠯᠭᠡ ᠬᠢᠬᠦ ᠪᠤᠷᠤᠯᠠᠭᠤᠯᠤᠬᠴᠢ᠂ ᠮᠠᠰᠢᠨ ᠲᠡᠷᠬᠡᠨ ᠤ ᠤᠷᠤᠯᠠᠬᠴᠢ ᠵᠢᠯᠤᠭᠤᠴᠢ ᠵᠡᠷᠬᠡ ᠰᠢᠨ᠎ᠠ ᠠᠵᠢᠯ ᠮᠡᠷᠬᠡᠵᠢᠯ ᠰᠢᠨ᠎ᠠ ᠡᠵᠡᠩᠨᠠᠯᠳᠠ ᠶᠢᠨ ᠬᠡᠯᠪᠡᠷᠢ ᠶᠢᠨ ᠪᠤᠯᠪᠠᠰᠤᠷᠠᠯ ᠢ ᠴᠢᠬᠤᠯᠠᠴᠢᠯᠠᠬᠤ ᠬᠡᠷᠡᠭᠳᠠᠢ ᠭᠡᠵᠦ ᠱᠠᠭᠠᠷᠳᠠᠪᠠ᠃                                                                                                ᠵᠣᠬᠢᠶᠠᠭᠴᠢ᠄ ᠸᠠᠩ ᠢᠤ ᠯᠢᠩ
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2