ᠰᠢᠬᠢᠷ ᠬᠡᠲᠦ ᠤᠯᠠᠨ ᠢᠲᠡᠬᠦ ᠨᠢ ᠰᠡᠳᠬᠢᠯ ᠤᠨ ᠲᠠᠷᠤᠯᠲᠠ ᠶᠢ ᠤᠯᠠᠮ ᠨᠡᠮᠡᠭᠲᠡᠬᠦᠯᠬᠦ ᠪᠤᠯᠤᠨ᠎ᠠ ᠭᠡᠵᠦ ᠰᠤᠲᠤᠯᠭᠠᠨ ᠨᠤᠲᠠᠯᠠᠪᠠ
ᠨᠡᠶᠢᠲᠡᠯᠡᠭᠰᠡᠨ ᠴᠠᠭ᠄
2021/9/13
      ᠠᠮᠧᠷᠢᠺᠠ ᠶᠢᠨ ᠺᠠᠨᠰᠠᠰ ᠶᠡᠭᠡ ᠰᠤᠷᠭᠠᠭᠤᠯᠢ ᠶᠢᠨ ᠤᠶᠢᠷ᠎ᠠ ᠳᠤ ᠨᠡᠶᠢᠲᠡᠯᠡᠭᠰᠡᠨ ᠨᠢᠭᠡ ᠰᠤᠲᠤᠯᠭᠠᠨ ᠳᠤ ᠨᠤᠲᠠᠯᠠᠭᠰᠠᠨ ᠢᠶᠠᠷ ᠰᠢᠬᠢᠷ ᠬᠡᠲᠦ ᠤᠯᠠᠨ ᠢᠲᠡᠬᠦ ᠨᠢ ᠰᠡᠳᠬᠢᠯ ᠤᠨ ᠲᠠᠷᠤᠯᠲᠠ ᠶᠢ ᠤᠯᠠᠮ ᠨᠡᠮᠡᠭᠲᠡᠬᠦᠯᠬᠦ ᠪᠤᠯᠤᠨ᠎ᠠ ᠭᠡᠵᠡᠢ᠃      ᠺᠠᠨᠰᠠᠰ ᠶᠡᠭᠡ ᠰᠤᠷᠭᠠᠭᠤᠯᠢ ᠶᠢᠨ ᠰᠤᠲᠤᠯᠭᠠᠲᠠᠨ ᠠᠴᠠ ᠨᠡᠶᠢᠲᠡᠯᠡᠭᠰᠡᠨ ᠰᠤᠨᠢᠨ ᠮᠡᠲᠡᠭᠡᠨ ᠤ ᠡᠬᠡ ᠪᠢᠴᠢᠭ ᠲᠡᠭᠡᠨ᠂ ᠡᠪᠦᠯ ᠤᠨ ᠤᠯᠠᠷᠢᠯ ᠪᠤᠯ ᠰᠡᠳᠬᠢᠯ ᠤᠨ ᠬᠢᠮᠤᠷᠠᠯ ᠠᠮᠠᠷᠬᠠᠨ ᠬᠦᠲᠡᠯᠬᠦ ᠴᠠᠭ ᠪᠤᠯᠬᠤ ᠶᠤᠮ᠃ ᠡᠪᠦᠯ ᠤᠨ ᠤᠯᠠᠷᠢᠯ ᠳᠤ ᠨᠠᠷᠠᠨ ᠤ ᠲᠤᠰᠤᠯᠲᠠ ᠪᠠᠭᠠᠰᠤᠭᠰᠠᠨ ᠠᠴᠠ ᠪᠤᠯᠵᠤ ᠬᠦᠮᠦᠰ ᠤᠨ ᠡᠲᠦᠷ ᠰᠦᠨᠢ ᠶᠢᠨ ᠠᠶᠢᠵᠠᠮ ᠢ ᠰᠠᠮᠠᠭᠤᠷᠠᠭᠤᠯᠤᠨ ᠤᠨᠲᠠᠯᠭ᠎ᠠ ᠶᠢ ᠨᠦᠯᠦᠭᠡᠯᠡᠲᠡᠭ᠃ ᠰᠡᠳᠬᠢᠯ ᠤᠨ ᠬᠢᠮᠤᠷᠠᠯ ᠲᠠᠢ ᠬᠦᠮᠦᠨ ᠰᠢᠬᠢᠷᠯᠢᠭ ᠢᠲᠡᠭᠡᠨ ᠢᠲᠡᠬᠦ ᠨᠢ ᠤᠬᠤᠷᠬᠠᠨ ᠬᠤᠭᠤᠴᠠᠭᠠᠨ ᠳᠤ ᠤᠷᠮ᠎ᠠ ᠰᠡᠳᠬᠢᠯ ᠢ ᠨᠢ ᠬᠤᠪᠢᠷᠠᠭᠤᠯᠬᠤ ᠪᠤᠯᠪᠠᠴᠤ ᠤᠷᠲᠤ ᠬᠤᠭᠤᠴᠠᠭᠠᠨ ᠳᠤ ᠰᠡᠳᠬᠢᠴᠡ ᠶᠢᠨ ᠡᠷᠡᠬᠦᠯ ᠮᠡᠨᠳᠦ ᠳᠤ ᠰᠦᠷᠬᠦ ᠨᠦᠯᠦᠭᠡ ᠪᠤᠯᠲᠠᠭ ᠭᠡᠵᠡᠢ᠃      ᠤᠶᠢᠷ᠎ᠠ ᠳᠤ ᠰᠤᠲᠤᠯᠭᠠᠲᠠᠳ ᠠᠴᠠ ᠠᠩᠭ᠍ᠯᠢ ᠶᠢᠨ ︽ᠡᠮᠨᠡᠯᠭᠡ ᠶᠢᠨ ᠤᠬᠠᠭᠠᠨ ᠤ ᠲᠠᠭᠠᠮᠠᠭ︾ ᠰᠡᠳᠬᠦᠯ ᠳᠤ ᠬᠤᠯᠪᠤᠭᠲᠠᠯ ᠪᠦᠬᠦᠢ ᠦᠬᠦᠯᠡᠯ ᠨᠡᠶᠢᠲᠡᠯᠡᠪᠡ᠃ ᠲᠡᠲᠡᠨᠦᠰ ᠰᠢᠬᠢᠷ ᠢᠲᠡᠭᠰᠡᠨ ᠠᠴᠠ ᠪᠤᠯᠵᠤ ᠪᠢᠤᠯᠤᠬᠢ ᠪᠤᠯᠤᠨ ᠰᠡᠳᠬᠢᠴᠡ ᠳᠤ ᠦᠵᠡᠬᠦᠯᠬᠦ ᠨᠦᠯᠦᠭᠡᠨ ᠤ ᠲᠤᠬᠠᠢ ᠵᠠᠲᠠᠯᠤᠨ ᠰᠢᠨᠵᠢᠯᠡᠵᠦ᠂ ᠬᠡᠲᠦ ᠤᠯᠠᠨ ᠢᠲᠡᠭᠰᠡᠨ ᠠᠴᠠ ᠪᠤᠯᠵᠤ ᠠᠮᠠᠷᠬᠠᠨ ᠡᠪᠡᠳᠴᠢᠨ ᠢᠯᠡᠷᠡᠨ᠂ ᠡᠪᠡᠳᠴᠢᠨ ᠲᠠᠢ ᠬᠤᠯᠪᠤᠭ᠎ᠠ ᠲᠠᠢ ᠵᠠᠷᠢᠮ ᠬᠤᠷᠮᠤᠨ ᠨᠢ ᠶᠡᠭᠡ ᠲᠠᠷᠢᠬᠢ ᠶᠢ ᠬᠢᠮᠤᠷᠠᠯ ᠲᠠᠢ ᠪᠠᠶᠢᠲᠠᠯ ᠳᠤ ᠤᠷᠤᠭᠤᠯᠲᠠᠭ ᠭᠡᠵᠤ ᠵᠠᠲᠠᠯᠤᠨ ᠰᠢᠨᠵᠢᠯᠡᠪᠡ᠃                             ᠢᠷᠡᠯᠳᠡ᠄ ᠰᠢᠨᠬᠤᠧᠠ ᠬᠤᠷᠢᠶ᠎ᠠ
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2