ᠮᠤᠩᠭᠤᠯ ᠠᠴᠠ ᠡᠮᠦᠨᠡᠬᠢ ᠦᠶ᠎ᠡ ᠶᠢᠨ ᠮᠤᠩᠭᠤᠯ ᠦᠨᠳᠦᠷᠯᠢᠭ ᠤᠨ ᠠᠶᠢᠮᠠᠭ ᠶᠠᠰᠤᠲᠠᠨ ᠨᠤᠭᠤᠳ ︵ᠲᠦᠷᠭᠦᠳ︶
ᠨᠡᠶᠢᠲᠡᠯᠡᠭᠰᠡᠨ ᠴᠠᠭ᠄
2020/7/14
ᠲᠦᠷᠭᠦᠳ    ᠲᠦᠷᠭᠦᠳ ᠪᠤᠯ ᠲᠢᠶᠧᠯᠧ ᠶᠢᠨ ᠨᠢᠭᠡᠨ ᠰᠠᠯᠠᠭ᠎ᠠ᠂ ᠠᠩᠬᠠᠨ ᠳᠠᠭᠠᠨ ᠤᠳᠤ ᠶᠢᠨ ᠶᠧᠨᠧᠰᠠᠢ ᠮᠦᠷᠡᠨ  ᠤ ᠡᠬᠢ ᠬᠠᠪᠢ ᠳᠤ ᠨᠤᠲᠤᠭᠯᠠᠵᠦ ᠪᠠᠶᠢᠭᠠᠳ ᠬᠤᠵᠢᠮ ᠨᠢ ᠡᠮᠦᠨᠡᠰᠢᠯᠡᠵᠦ ᠭᠤᠤᠴᠠᠩ ︵ᠤᠳᠤ ᠶᠢᠨ ᠰᠢᠨᠵᠢᠶᠠᠩ ᠤᠨ ᠲᠦᠷᠫᠠᠨ︶ ᠤᠨ ᠪᠸᠢ ᠱᠠᠨ ︵ᠤᠳᠤ ᠶᠢᠨ ᠪᠤᠭᠳᠠ ᠠᠭᠤᠯᠠ︶ ᠳᠤ ᠬᠦᠷᠴᠦ ᠨᠤᠲᠤᠭᠯᠠᠵᠠᠢ᠃5 ᠳ᠋ᠤᠭᠠᠷ ᠵᠠᠭᠤᠨ ᠤ ᠳᠤᠮᠳᠠᠴᠢ ᠪᠠᠷ ᠵᠤᠵᠸᠠ ᠨᠠᠷ ᠭᠤᠤᠴᠠᠩ ᠢ ᠡᠵᠡᠯᠡᠭᠰᠡᠨ ᠠᠴᠠ ᠪᠤᠯᠵᠤ᠂ ᠲᠦᠷᠭᠦᠳᠴᠤᠳ ᠠᠯᠳᠠᠢ ᠠᠭᠤᠯᠠᠨ ᠤ ᠦᠯᠭᠡ ᠳᠤ ᠨᠡᠭᠦᠳᠡᠯᠯᠡᠨ ᠤᠴᠢᠭᠰᠠᠨ ᠪᠠᠶᠢᠪᠠ᠃ 552 ᠤᠨ ᠳᠤ᠂ ᠲᠦᠷᠭᠦᠳ ᠤᠨ ᠠᠬᠠᠯᠠᠭᠴᠢ ᠲᠤᠮᠠᠨ ᠵᠤᠵᠸᠠ  ᠢ ᠮᠦᠬᠦᠭᠡᠭᠡᠳ᠂ ᠭᠤᠪᠢ ᠶᠢᠨ ᠤᠮᠠᠷᠠᠲᠦ ᠪᠠᠷ ᠲᠦᠪᠯᠡᠭᠰᠡᠨ ᠲᠦᠷᠭᠦᠳ ᠬᠠᠭᠠᠨᠯᠢᠭ ᠢ ᠪᠠᠶᠢᠭᠤᠯᠵᠤ᠂ ᠲᠡᠷᠡ ᠦᠪᠡᠷᠲᠡᠭᠡᠨ ᠢᠯᠢ ᠬᠠᠭᠠᠨ ᠬᠡᠮᠡᠵᠠᠢ᠃ ᠮᠤᠭᠠᠨ ᠬᠠᠭᠠᠨ ᠤ ᠦᠶ᠎ᠡ ︵553—572︶ ᠳᠤ ᠲᠦᠷᠭᠦᠳ ᠨᠢ ᠤᠯᠠᠮ ᠬᠦᠴᠦᠷᠭᠡᠭᠵᠢᠵᠦ᠂ ᠨᠤᠲᠤᠭ ᠤᠨ ᠬᠢᠵᠠᠭᠠᠷ ᠨᠢ ᠵᠡᠭᠦᠨᠲᠠᠢ ᠯᠢᠶᠤᠤᠾᠧ ᠭᠤᠤᠯ ᠠᠴᠠ ᠪᠠᠷᠠᠭᠤᠨᠰᠢ ᠲᠤᠳᠤᠭᠠᠲᠤ ᠲᠠᠩᠭᠢᠰ ᠲᠤᠯᠵᠤ᠂ ᠡᠮᠦᠨᠡᠰᠢ ᠠᠮᠦ᠋ ᠮᠦᠷᠡᠨ ᠠᠴᠠ ᠤᠮᠠᠷᠠᠰᠢ ᠪᠠᠶᠢᠭᠠᠯ ᠳᠠᠯᠠᠢ ᠬᠦᠷᠦᠭᠰᠡᠨ ᠪᠠᠶᠢᠪᠠ᠃      585 ᠤᠨ ᠳᠤ᠂ ᠲᠦᠷᠭᠦᠳ ᠵᠡᠭᠦᠨ ᠪᠠᠷᠠᠭᠤᠨ ᠬᠤᠶᠠᠷ ᠪᠦᠯᠦᠭ ᠪᠤᠯᠵᠤ ᠰᠠᠯᠤᠭᠠᠳ᠂ ᠵᠡᠭᠦᠨ ᠲᠦᠷᠭᠦᠳ  ᠨᠢ ᠬᠢᠲᠠᠳ ᠤᠨ ᠰᠦᠢ ᠤᠯᠤᠰ ᠲᠠᠢ ᠡᠪᠰᠡᠵᠦ585 ᠤᠨ ᠳᠤ ᠱᠠᠪᠷᠠᠭ (沙钵略) ᠬᠠᠭᠠᠨ ᠤᠯᠠᠨ ᠢᠶᠠᠨ ᠳᠠᠭᠠᠭᠤᠯᠵᠤ ᠭᠤᠪᠢ ᠶᠢᠨ ᠡᠮᠦᠨ᠎ᠡ ᠤᠷᠴᠢᠮ ᠤᠴᠢᠵᠦ ᠨᠤᠲᠤᠭᠯᠠᠪᠠ᠃ ᠵᠡᠭᠦᠨ ᠲᠦᠷᠭᠦᠳ ᠨᠢ ᠰᠢᠪᠢ ᠬᠠᠭᠠᠨ ︵609—619︶ ᠤ ᠦᠶ᠎ᠡ ᠨᠤᠶᠠᠯᠠᠯ ᠤᠨ ᠴᠠᠭ ᠲᠤ ᠳᠠᠬᠢᠨᠲᠠ ᠬᠦᠴᠦᠷᠭᠡᠭᠵᠢᠭᠰᠡᠨ ᠮᠦᠷᠲᠡᠭᠡᠨ10 ᠲᠦᠮᠡᠨ ᠮᠤᠷᠢᠲᠦ ᠴᠡᠷᠢᠭ ᠢᠶᠠᠷ ᠰᠦᠢ ᠶᠠᠩ ᠳ᠋ᠢ ᠬᠠᠭᠠᠨ ᠢ ᠶᠠᠨᠮᠧᠨ ᠪᠤᠭᠤᠮᠲᠠ ︵ᠤᠳᠤ ᠶᠢᠨ ᠱᠠᠨ ᠰᠢ ᠶᠢᠨ ᠳ᠋ᠠᠢ ᠰᠢᠶᠠᠨ  ᠳᠤ ᠪᠤᠢ︶ ᠳᠤ ᠪᠦᠰᠡᠯᠡᠵᠦ ᠦᠩᠭᠡᠷᠡᠵᠠᠢ᠃ 628 ᠤᠨ ᠳᠤ᠂ ᠲᠦᠷᠭᠦᠳ ᠤᠨ ᠬᠠᠷᠢᠶᠠᠲᠦ ᠰᠢᠤᠸᠠᠢ ᠶᠠᠨ ᠲᠦᠸᠧ ︵ᠰᠢᠷᠸᠠᠷᠳᠤᠰ︶ ᠭᠤᠪᠢ ᠶᠢᠨ ᠤᠮᠠᠷ᠎ᠠ ᠤᠯᠤᠰ ᠪᠠᠶᠢᠭᠤᠯᠵᠤ᠂630 ᠤᠨ ᠳᠤ ᠲᠠᠩ ᠤᠯᠤᠰ ᠲᠠᠢ ᠬᠤᠷᠰᠢᠨ ᠵᠡᠭᠦᠨ ᠲᠦᠷᠭᠦᠳ ᠬᠠᠭᠠᠨᠯᠢᠭ ᠢ ᠮᠦᠬᠦᠭᠡᠪᠡ᠃      682 ᠤᠨ ᠳᠤ᠂ ᠭᠤᠪᠢ ᠶᠢᠨ ᠡᠮᠦᠨ᠎ᠡ ᠪᠠᠶᠢᠭᠰᠠᠨ ᠵᠡᠭᠦᠨ ᠲᠦᠷᠭᠦᠳ ᠤᠨ ᠬᠦᠴᠦᠯᠦᠭ ᠲᠠᠩ ᠤᠯᠤᠰ  ᠠᠴᠠ ᠤᠷᠪᠠᠵᠦ ᠰᠢᠨ᠎ᠡ ᠲᠦᠷᠭᠦᠳ ᠬᠠᠭᠠᠨᠯᠢᠭ ︵ᠶᠡᠷᠦ ᠳᠡᠭᠡᠨ ︽ᠳᠠᠷᠠᠭᠠᠴᠢ ᠶᠢᠨ ᠲᠦᠷᠭᠦᠳ︾ ᠭᠡᠳᠡᠭ︶ ᠢ ᠪᠠᠶᠢᠭᠤᠯᠤᠭᠰᠠᠨ ᠪᠠᠶᠢᠨ᠎ᠠ᠃ ᠬᠤᠶᠢᠲᠦ ᠲᠦᠷᠭᠦᠳ ᠨᠢ ᠭᠤᠪᠢ ᠶᠢᠨ ᠤᠮᠠᠷ᠎ᠠ ᠶᠢᠨ ᠡᠳᠦᠭᠡᠨ ᠠᠭᠤᠯᠠᠨ ︵ᠤᠳᠤ ᠶᠢᠨ ᠮᠤᠩᠭᠤᠯ ᠤᠯᠤᠰ ᠤᠨ ᠬᠠᠩᠭᠠᠢ ᠠᠭᠤᠯᠠ︶ ᠳᠤ ᠬᠠᠨ ᠤᠷᠳᠤ ᠪᠠᠶᠢᠭᠤᠯᠵᠤ᠂ ᠪᠠᠰᠠ ᠭᠤᠪᠢ ᠶᠢᠨ ᠡᠮᠦᠨ᠎ᠡ ᠶᠢᠨ ᠾᠧ ᠱᠠ ᠬᠤᠲᠠᠨ ︵ᠤᠳᠤ ᠶᠢᠨ ᠦᠪᠦᠷ ᠮᠤᠩᠭᠤᠯ ᠤᠨ ᠬᠦᠬᠡᠬᠤᠲᠠ ᠶᠢᠨ ᠤᠮᠠᠷ᠎ᠠ ᠪᠠᠶᠢᠪᠠ︶ ᠳᠤ ᠡᠮᠦᠨᠡᠲᠦ ᠬᠠᠨ ᠤᠷᠳᠤ ᠪᠠᠶᠢᠭᠤᠯᠵᠤ᠂ ᠨᠤᠶᠠᠨ ᠲᠤᠮᠢᠯᠠᠭᠰᠠᠨ ᠪᠠᠶᠢᠪᠠ᠃745 ᠤᠨ ᠳᠤ ᠲᠦᠷᠭᠦᠳ ᠬᠠᠭᠠᠨᠯᠢᠭ ᠢ ᠤᠶᠢᠭᠤᠷᠴᠤᠳ ᠮᠦᠬᠦᠭᠡᠵᠠᠢ᠃     ᠲᠦᠷᠭᠦᠳ ᠬᠠᠭᠠᠨᠯᠢᠭ ᠢ ᠴᠤᠭᠴᠠᠯᠠᠭᠴᠢ ᠲᠦᠮᠡᠨ ᠤ ᠳᠡᠭᠦᠦ ᠪᠤᠯᠬᠤ ᠱᠢ ᠳ᠋ᠢᠶᠠᠨ ᠮᠢ ︵ᠰᠢᠷᠳᠡᠮᠢᠰ︶562 ᠤᠨ ᠳᠤ ᠦᠪᠡᠷ ᠢ ᠪᠠᠨ ᠬᠠᠭᠠᠨ ᠡᠷᠭᠦᠵᠦ᠂ ︽ᠠᠷᠪᠠᠨ ᠤᠪᠤᠭᠲᠠᠨ ᠠᠶᠢᠮᠠᠭ︾ ᠬᠡᠮᠡᠨ ᠠᠯᠳᠠᠷᠰᠢᠵᠦ᠂ ᠤᠳᠤ ᠶᠢᠨ ᠰᠢᠨᠵᠢᠶᠠᠩ ᠤᠷᠴᠢᠮ ᠳᠤ ᠪᠠᠷᠠᠭᠤᠨ ᠲᠦᠷᠭᠦᠳ ᠬᠠᠭᠠᠨᠯᠢᠭ ᠢ ᠪᠠᠶᠢᠭᠤᠯᠵᠠᠢ᠃ 7 ᠳ᠋ᠤᠭᠠᠷ ᠵᠠᠭᠤᠨ ᠤ ᠡᠬᠢᠨ ᠢᠶᠠᠷ ᠪᠠᠷᠠᠭᠤᠨ ᠲᠦᠷᠭᠦᠳ ᠬᠠᠭᠠᠨᠯᠢᠭ ᠳᠤᠮᠳᠠᠳᠤ ᠠᠽᠢᠶ᠎ᠡ᠂ ᠪᠠᠷᠠᠭᠤᠨ ᠬᠢᠵᠠᠭᠠᠷ ᠤᠷᠤᠨ ᠤ ᠠᠭᠤᠳᠠᠮ ᠭᠠᠵᠠᠷ ᠤᠳ ᠢ ᠡᠵᠡᠮᠰᠢᠯ ᠳᠡᠭᠡᠨ ᠤᠷᠤᠭᠤᠯᠵᠠᠢ᠃ 640 —648  ᠤᠨ ᠤ ᠬᠤᠭᠤᠷᠤᠨᠳᠤ ᠲᠠᠩ ᠤᠯᠤᠰ ᠲᠦᠷᠭᠦᠳ ᠲᠠᠢ ᠳᠠᠶᠢᠳᠤᠨ ᠲᠡᠭᠷᠢ ᠠᠭᠤᠯᠠ ᠢ ᠠᠷᠤ ᠤᠷᠤᠨ ᠢ ᠡᠵᠡᠯᠡᠭᠡᠳ ᠺᠦᠴᠠ ︵ᠤᠳᠤ ᠶᠢᠨ ᠰᠢᠨᠵᠢᠶᠠᠩ ᠤᠨ ᠺᠦᠴᠧ ᠰᠢᠶᠠᠨ︶ ᠵᠡᠷᠭᠡ ᠴᠡᠷᠢᠭ ᠤᠨ ᠰᠠᠭᠤᠷᠢᠨ ᠨᠤᠭᠤᠳ ᠢ ᠪᠠᠶᠢᠭᠤᠯᠪᠠ᠃ 651 ᠤᠨ ᠳᠤ ᠪᠠᠷᠠᠭᠤᠨ ᠲᠦᠷᠭᠦᠳ ᠤᠨ ᠱᠠ ᠪᠥᠸᠧ ᠯᠥᠸᠧ ︵ᠱᠠᠪᠠᠷᠠᠭ︶ ᠬᠠᠭᠠᠨ ᠲᠠᠩ ᠤᠯᠤᠰ ᠠᠴᠠ ᠤᠷᠪᠠᠵᠤ᠂ ᠪᠠᠷᠠᠭᠤᠨ ᠬᠢᠵᠠᠭᠠᠷ ᠤᠷᠤᠨ ᠢ ᠤᠤᠯᠭᠠᠯᠠᠨ ᠳᠤᠪᠲᠤᠯᠤᠭᠰᠠᠨ ᠠᠴᠠ ᠲᠠᠩ ᠤᠯᠤᠰ 651—657 ᠤᠨ ᠳᠤ ᠤᠳᠠᠭ᠎ᠠ ᠳᠠᠷᠠᠭᠠᠯᠠᠨ ᠴᠡᠷᠢᠭ ᠬᠦᠳᠡᠯᠭᠡᠵᠦ᠂ ᠡᠴᠦᠰ ᠲᠡᠭᠡᠨ657 ᠤᠨ ᠳᠤ ᠪᠠᠷᠠᠭᠤᠨ ᠲᠦᠷᠭᠦᠳ ᠬᠠᠭᠠᠨᠯᠢᠭ ᠢ ᠮᠦᠬᠦᠭᠡᠵᠠᠢ᠃                                                    ᠨᠠᠶᠢᠷᠠᠭᠤᠯᠤᠭᠴᠢ᠄ ᠡᠷᠳᠡᠨᠢᠴᠤᠭᠲᠦ                          ᠬᠢᠨᠠᠭᠴᠢ᠄ ᠭᠡᠷᠡᠯᠲᠦ
 
ᠢᠷᠡᠯᠲᠡ᠄ ᠮᠤᠩᠭᠤᠯ ᠤᠨ ᠲᠡᠥᠬᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2