| ᠦᠨᠳᠦᠰᠦᠳᠡᠨ ᠤ ᠰᠢᠯᠢᠳᠡᠭ ᠰᠤᠶᠤᠯ ᠢ ᠤᠯᠠᠮᠵᠢᠯᠠᠬᠤ ᠰᠢᠰᠲ᠋ᠧᠮ ᠢ ᠪᠠᠶᠢᠭᠤᠯᠵᠤ ᠡᠬᠡ ᠤᠯᠤᠰ ᠤᠨ ᠤᠮᠠᠷᠠᠳᠤ ᠶᠢᠨ | ᠰᠤᠶᠤᠯ ᠤᠨ ᠦᠵᠡᠰᠭᠦᠯᠡᠩᠳᠦ ᠰᠠᠶᠢᠬᠠᠨ ᠦᠵᠡᠮᠵᠢ ᠶᠢᠨ ᠤᠷᠤᠨ ᠢ ᠴᠤᠬᠴᠠᠯᠠᠰᠤᠭᠠᠢ — 2015 ᠤᠨ ᠤ | ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠲᠡᠤᠬᠡ ᠶᠢᠨ ᠲᠤᠷᠠᠰᠬᠠᠯᠳᠤ ᠵᠦᠢᠯᠡᠰ ᠬᠠᠭᠤᠴᠢ | ᠰᠤᠳᠤᠯᠤᠯ ᠤᠨ ᠴᠢᠬᠤᠯᠠ ᠢᠯᠡᠷᠡᠭᠦᠯᠦᠯᠳᠡ ᠶᠢ ᠲᠡᠮᠳᠡᠭᠯᠡᠪᠡ | ᠢᠤᠢ ᠮᠢᠨ ᠤ ᠪᠠᠭᠤᠷᠢ ᠨᠢ ᠤᠯᠠᠭᠠᠨᠴᠠᠪ ᠬᠤᠳᠠ ᠶᠢᠨ ᠬᠤᠸᠠᠳᠧ ᠰᠢᠶᠠᠨ ᠤ ᠵᠡᠭᠦᠨ ᠬᠤᠶᠢᠲᠦ ᠬᠡᠰᠡᠭ ᠤᠨ | ᠠᠭᠤᠯᠠᠷᠬᠠᠭ ᠭᠠᠵᠠᠷ ᠤᠷᠤᠨ ᠢᠶᠠᠷ ᠪᠠᠶᠢᠷᠢᠯᠠᠵᠦ᠂ ᠪᠠᠭᠤᠷᠢ ᠶᠢᠨ ᠭᠤᠷᠪᠠᠨ ᠲᠠᠯ᠎ᠡ ᠪᠠᠷ ᠠᠭᠤᠯᠠ ᠬᠦᠷᠢᠶᠡᠯᠡᠭᠡᠳ᠂ | ᠲᠡᠪᠢᠭᠦᠷ ᠬᠡᠯᠪᠡᠷᠢ ᠶᠢᠨ ᠪᠦᠲᠦᠴᠡ ᠢᠯᠡᠷᠡᠵᠦ᠂ ᠶᠡᠷᠦᠩᠬᠡᠢ ᠲᠠᠯᠠᠪᠠᠢ ᠨᠢ 5000 ᠲᠡᠭᠰᠢ ᠲᠦᠷᠪᠡᠯᠵᠢᠨ ᠮᠧᠳ᠋ᠷ ᠪᠤᠢ᠃ | 2015 ᠤᠨ ᠤ 7 ᠰᠠᠷ᠎ᠡ ᠠᠴᠠ 11 ᠰᠠᠷ᠎ᠡ ᠳᠤ᠂ ᠦᠪᠦᠷ ᠮᠤᠩᠭᠤᠯ ᠤᠨ ᠲᠡᠤᠬᠡ ᠶᠢᠨ ᠲᠤᠷᠠᠰᠬᠠᠯᠲᠦ ᠵᠦᠢᠯᠡᠰ | ᠬᠠᠭᠤᠴᠢ ᠰᠤᠳᠤᠯᠤᠯ ᠤᠨ ᠭᠠᠵᠠᠷ ᠪᠠ ᠤᠯᠠᠭᠠᠨᠴᠠᠪ ᠬᠤᠲᠠ ᠶᠢᠨ ᠮᠦᠽᠸᠢ ᠲᠠᠢ ᠬᠠᠮᠲᠤᠷᠠᠨ ᠲᠤᠰ ᠪᠠᠭᠤᠷᠢ ᠳᠤ | ᠬᠠᠭᠤᠴᠢ ᠰᠤᠳᠤᠯᠤᠯ ᠬᠢᠵᠦ᠂ 700 ᠲᠡᠭᠰᠢ ᠲᠦᠷᠪᠡᠯᠵᠢᠨ ᠮᠧᠳ᠋ᠷ ᠲᠡᠯᠡᠪᠠᠢ ᠲᠠᠢ ᠪᠠᠭᠤᠷᠢ ᠶᠢᠨ ᠦᠯᠡᠳᠡᠭᠳᠡᠯ ᠢ | ᠠᠭᠤᠳᠠᠯᠤᠨ ᠢᠯᠡᠷᠡᠭᠦᠯᠵᠦ᠂ 9 ᠰᠠᠭᠤᠷᠢ ᠪᠠᠶᠢᠰᠢᠩ ᠤᠨ ᠪᠠᠭᠤᠷᠢ ᠳᠤ ᠴᠡᠪᠡᠷᠯᠡᠯᠲᠡ ᠬᠢᠵᠡᠢ᠃ ᠠᠭᠤᠳᠠᠯᠤᠨ | ᠮᠠᠯᠳᠠᠯᠲᠠ ᠠᠴᠠ ᠢᠯᠡᠷᠡᠭᠦᠯᠦᠭᠰᠡᠨ ᠬᠠᠭᠤᠴᠢ ᠡᠳ᠋ ᠨᠢ ᠭᠤᠤᠯᠳᠠᠭᠤ ᠲᠦᠷᠪᠡᠳᠦᠭᠡᠷ ᠲᠡᠭᠳᠡᠷ ᠤᠨ ᠲᠤᠤᠷ᠎ᠡ ᠬᠡᠰᠡᠭ | ᠪᠤᠶᠤ ᠪᠠᠶᠢᠰᠢᠩ ᠤᠨ ᠪᠠᠭᠤᠷᠢ ᠶᠢᠨ ᠲᠤᠲᠤᠷᠠᠬᠢ ᠨᠡᠮᠡᠯᠲᠡ ᠰᠢᠷᠤᠢ ᠶᠢᠨ ᠬᠡᠰᠡᠭ ᠢᠶᠠᠷ ᠲᠦᠪᠯᠡᠷᠡᠵᠦ ᠪᠤᠢ᠃ ᠮᠠᠯᠲᠠᠵᠦ | ᠢᠯᠡᠷᠡᠭᠦᠯᠦᠭᠰᠡᠨ ᠬᠠᠭᠤᠴᠢ ᠡᠳ᠋ ᠨᠡᠶᠢᠲᠡ 1500 ᠭᠠᠷᠤᠢ ᠵᠦᠢᠯ ᠪᠠᠶᠢᠵᠦ᠂ ᠤᠯᠠᠩᠬᠢ ᠨᠢ ᠪᠦᠷ ᠴᠢᠯᠠᠭᠤᠨ ᠡᠳ᠋ᠯᠡᠯ | ᠬᠡᠷᠡᠭᠰᠡᠯ᠂ ᠪᠠᠰᠠ ᠴᠦᠬᠡᠨ ᠲᠤᠭᠠᠨ ᠤ ᠱᠠᠭᠠᠵᠠᠩ ᠬᠡᠷᠡᠭᠰᠡᠯ᠂ ᠶᠠᠰᠤᠨ ᠬᠡᠷᠡᠭᠰᠡᠯ ᠪᠤᠢ᠃ ᠴᠢᠯᠠᠭᠤᠨ ᠬᠡᠷᠡᠭᠰᠡᠯ ᠤᠨ | ᠤᠯᠠᠩᠬᠢ ᠨᠢ ᠪᠦᠷ ᠪᠤᠷᠤ ᠬᠠᠷ᠎ᠠ ᠦᠡᠭᠭᠡ ᠶᠢᠨ ᠰᠢᠪᠠᠷ ᠴᠢᠯᠠᠭᠤᠯᠢᠭ ᠢᠶᠠᠷ ᠬᠢᠭᠰᠡᠨ ᠡᠳ᠋ ᠪᠠᠶᠢᠵᠦ᠂ ᠬᠠᠪᠢᠷᠭᠠᠨ | ᠬᠡᠯᠪᠡᠷᠢ ᠶᠢᠨ ᠴᠢᠯᠠᠭᠤᠨ ᠬᠤᠰᠤᠭᠤᠷ᠂ ᠴᠢᠯᠠᠭᠤᠨ ᠨᠠᠪᠴᠢ᠂ ᠴᠢᠯᠠᠭᠤᠨ ᠪᠦᠮᠪᠦᠭᠡ ᠵᠡᠷᠭᠡ ᠪᠤᠢ᠃ ᠱᠠᠭᠠᠵᠠᠩ | ᠬᠡᠷᠡᠭᠰᠡᠯ ᠭᠤᠤᠯᠳᠠᠭᠤ ᠨᠠᠷᠢᠨ ᠡᠯᠡᠰᠦᠲᠦ ᠤᠯᠠᠭᠠᠨ ᠬᠦᠷᠡᠩ ᠱᠠᠭᠠᠵᠠᠩ ᠪᠠ ᠨᠠᠷᠢᠨ ᠡᠯᠡᠰᠦᠲᠦ ᠬᠠᠷ᠎ᠡ ᠬᠦᠷᠡᠩ | ᠱᠠᠭᠠᠵᠠᠩ ᠬᠤᠶᠠᠷ ᠵᠦᠢᠯ ᠢᠶᠠᠷ ᠪᠦᠲᠦᠵᠦ᠂ ᠲᠤᠭᠤᠷᠢᠭ ᠢᠷᠤᠭᠠᠷ ᠲᠠᠢ ᠬᠦᠮᠦᠭᠡᠷ ᠰᠠᠪᠠ᠂ ᠱᠤᠪᠤᠭᠤᠷ ᠲᠤᠭᠤᠷᠢᠭ | ᠢᠷᠤᠭᠠᠷ ᠲᠠᠢ ᠲᠤᠭᠤᠰᠬ᠎ᠠ ᠵᠡᠷᠭᠡ ᠪᠤᠢ᠃ ᠶᠠᠰᠤᠨ ᠡᠳ᠋ᠯᠡᠯ ᠬᠡᠷᠡᠭᠰᠡᠯ ᠳᠤ ᠭᠤᠤᠯᠳᠠᠭᠤ ᠶᠠᠰᠤᠨ ᠰᠢᠪᠦᠭᠡ᠂ ᠶᠠᠰᠤᠨ | ᠬᠢᠲᠤᠭ᠎ᠠ᠂ ᠶᠠᠰᠤᠨ ᠬᠠᠳᠤᠭᠤᠷ ᠵᠡᠷᠭᠡ ᠪᠤᠢ᠃ C14 ᠬᠢᠨᠠᠨ ᠲᠤᠬᠳᠠᠭᠠᠯᠲᠠ ᠠᠴᠠ ᠲᠤᠳᠤᠯᠠᠬᠰᠡᠨ ᠨᠢ᠂ ᠢᠤᠢ | ᠮᠢᠨ ᠤ ᠪᠠᠭᠤᠷᠢ ᠨᠢ ᠤᠳᠤ ᠠᠴᠠ 8400 ᠵᠢᠯ ᠤᠨ ᠡᠮᠦᠨ᠎ᠡ ᠤᠷᠤᠰᠢᠵᠦ᠂ ᠤᠳᠤᠬᠠᠨ ᠪᠤᠯᠲᠠᠯᠠᠬᠢ ᠦᠪᠦᠷ ᠮᠤᠩᠭᠤᠯ | ᠤᠷᠤᠨ ᠤ ᠲᠤᠮᠳᠠ ᠡᠮᠦᠨ᠎ᠡ ᠪᠡᠶ᠎ᠡ ᠠᠴᠠ ᠢᠯᠡᠷᠡᠭᠦᠯᠦᠭᠰᠡᠨ ᠬᠠᠮᠤᠭ ᠤᠨ ᠡᠷᠲᠡᠨ ᠤ ᠰᠢᠨ᠎ᠡ ᠴᠢᠯᠠᠭᠤᠨ ᠵᠡᠪᠰᠡᠭ ᠤᠨ | ᠴᠠᠭ ᠦᠶ᠎ᠡ ᠶᠢᠨ ᠰᠤᠶᠤᠯ ᠪᠤᠯᠬᠤ ᠪᠦᠭᠡᠳ ᠬᠠᠭᠤᠴᠢ ᠰᠤᠳᠤᠯᠤᠯ ᠤᠨ ᠰᠤᠶᠤᠯ ᠤᠨ ᠴᠢᠬᠤᠯᠠ ᠦᠯᠡᠳᠡᠭᠳᠡᠯ ᠪᠠᠶᠢᠵᠡᠢ | ᠃ | | ᠨᠠᠶᠢᠷᠠᠭᠤᠯᠤᠭᠴᠢ᠄ ᠡᠷᠳᠡᠨᠢᠴᠤᠭᠲᠦ | |