| ᠣᠶᠢᠷ᠎ᠠ ᠶᠢᠨ ᠵᠢᠯ ᠤᠳ ᠳᠤ᠂ ᠮᠠᠨ ᠤ ᠤᠯᠤᠰ ᠤᠨ ᠲᠢᠲᠢᠮᠯᠢᠭ ᠯᠤᠬᠰᠢᠭᠤᠨ ᠰᠤᠳᠠᠯ ᠤᠨ ᠵᠢᠷᠦᠭᠡᠨ | ᠡᠪᠡᠳᠴᠢᠨ ᠳ᠋ᠤ᠋ᠨᠡᠷᠪᠡᠭᠳᠡᠬᠦ ᠡᠪᠡᠳᠴᠢᠳᠠᠨ ᠤ ᠨᠣᠷᠮ᠎ᠠ ᠤᠯᠠᠮ ᠠᠴᠠ ᠤᠯᠠᠮ ᠥᠨᠳᠥᠷ ᠪᠣᠯᠵᠣ᠂ ᠡᠪᠡᠳᠴᠢᠯᠡᠬᠦ ᠨᠠᠰᠤ ᠨᠢ | ᠴᠤ ᠤᠯᠠᠮ ᠠᠴᠠ ᠤᠯᠠᠮ ᠵᠠᠯᠠᠭᠤᠵᠢᠵᠤ ᠪᠠᠶᠢᠨ᠎ᠠ᠃ ᠲᠢᠲᠢᠮᠯᠢᠭ ᠰᠤᠳᠠᠯ ᠤᠨ ᠴᠢᠰᠤᠨ ᠰᠤᠳᠠᠯ ᠬᠦᠨᠳᠦ ᠬᠡᠴᠡᠭᠦᠦ | ᠨᠠᠷᠢᠰᠬᠤ ᠳᠤ ᠬᠦᠷᠪᠡᠯ᠂ ᠲᠤᠯᠤᠬᠴᠢ ᠲᠠᠯᠪᠢᠪᠡᠯ ᠴᠢᠰᠤᠨ ᠰᠤᠳᠠᠯ ᠢ ᠨᠡᠪᠲᠡᠷᠡᠭᠦᠯᠵᠦ ᠴᠢᠰᠤᠨ ᠤ ᠬᠠᠨᠭ᠍ᠭᠠᠯᠳᠠ ᠶᠢ | ᠰᠠᠶᠢᠵᠢᠷᠠᠭᠤᠯᠵᠤ᠂ ᠶᠠᠭ ᠲᠦᠭᠵᠢᠷᠡᠭᠰᠡᠨ ᠭᠤᠤᠯ ᠤᠨᠤᠰᠤ ᠶᠢ ᠨᠡᠪᠳᠡᠷᠡᠭᠦᠯᠵᠦ᠂ ᠤᠰᠤᠨ ᠤᠷᠤᠰᠬᠠᠯ ᠢ | ᠤᠤᠯ ᠤᠨ ᠬᠢ ᠰᠠᠭᠠᠳ ᠥᠬᠡᠶ ᠨᠡᠪᠲᠡᠷᠡᠭᠦᠯᠬᠦ ᠰᠢᠭ ᠪᠤᠯᠳᠠᠭ᠃ ᠭᠡᠪᠡᠴᠦ ᠴᠢᠰᠤᠨ ᠰᠤᠳᠠᠯ ᠶᠠᠮᠠᠷ ᠬᠡᠮᠵᠢᠶᠡᠨ ᠳᠤ | ᠬᠦᠷᠲᠡᠯ᠎ᠡ ᠲᠦᠭᠵᠢᠷᠡᠪᠡᠯ ᠰᠠᠶ᠋ᠢ ᠲᠤᠯᠤᠬᠴᠢ ᠲᠠᠯᠪᠢᠬᠤ ᠴᠢᠬᠤᠯᠠᠳᠠᠢ ᠪᠤᠢ︖ | ᠣᠳᠣᠬᠠᠨ ᠳᠤ᠂ ᠲᠢᠲᠢᠮᠯᠢᠭ ᠯᠤᠬᠰᠢᠭᠤᠨ ᠰᠤᠳᠠᠯ ᠤᠨ ᠵᠢᠷᠦᠭᠡᠨ ᠡᠪᠡᠳᠴᠢᠨ ᠢ ᠵᠠᠰᠠᠬᠤ ᠠᠷᠭ᠎ᠠ ᠭᠤᠤᠯᠳᠠᠭᠤ | ᠭᠤᠷᠪᠠᠨ ᠵᠦᠢᠯ ᠪᠠᠶᠢᠳᠠᠭ᠄ ᠡᠮ ᠢᠶᠠᠷ ᠵᠠᠰᠠᠬᠤ᠂ ᠭᠤᠤᠷᠰᠤᠨ ᠲᠤᠯᠤᠬᠴᠢ ᠲᠠᠯᠪᠢᠬᠤ ᠪᠠ ᠲᠢᠲᠢᠮᠯᠢᠭ ᠯᠤᠬᠰᠢᠭᠤᠨ | ᠰᠤᠳᠠᠯ ᠳᠤ ᠬᠦᠬᠦᠷᠭᠡ ᠮᠠᠶ᠋ᠢᠭ ᠤᠨ ᠲᠤᠯᠤᠬᠴᠢ ᠲᠠᠯᠪᠢᠬᠤ ᠪᠤᠯᠤᠨ᠎ᠠ᠃ ᠬᠡᠷᠪᠡ ᠲᠦᠷᠭᠡᠨ ᠴᠢᠨᠠᠷᠲᠠᠶ ᠲᠢᠲᠢᠮᠯᠢᠭ | ᠯᠤᠬᠰᠢᠭᠤᠨ ᠰᠤᠳᠠᠯ ᠤᠨ ᠵᠢᠷᠦᠭᠡᠨᠡᠪᠡᠳᠴᠢᠨ᠂ ᠵᠢᠱᠢᠶᠡᠯᠡᠪᠡᠯ ᠲᠦᠷᠭᠡᠨ ᠴᠢᠨᠠᠷᠲᠠᠶ ᠵᠢᠷᠦᠬᠡᠨ ᠪᠤᠯᠴᠢᠩ ᠤᠨ | ᠲᠦᠭᠵᠢᠷᠡᠯ ᠤᠨ ᠡᠪᠡᠳᠴᠢᠨ ᠢ ᠡᠮᠨᠡᠨ ᠵᠠᠰᠠᠬᠤ ᠶᠢᠨ ᠵᠠᠩᠭᠢᠯᠠᠭ᠎ᠠ ᠨᠢ ᠳᠠᠷᠤᠶ ᠲᠦᠭᠵᠢᠷᠡᠭᠰᠡᠨ ᠲᠢᠲᠢᠮᠯᠢᠭ | ᠯᠤᠭᠰᠢᠭᠤᠨ ᠰᠤᠳᠠᠯ ᠢ ᠲᠦᠷᠭᠡᠨ ᠨᠡᠪᠳᠡᠷᠡᠬᠦᠯᠬᠦ ᠴᠢᠬᠤᠯᠠᠳᠠᠢ ᠲᠤᠯᠠ ᠭᠤᠤᠷᠰᠤᠨ ᠲᠤᠯᠤᠬᠴᠢ ᠲᠠᠯᠪᠢᠬᠤ ᠪᠣᠯ | ᠲᠡᠷᠢᠭᠦᠨ ᠰᠣᠩᠭᠤᠯᠲᠠ ᠪᠣᠯᠤᠨ᠎ᠠ︔ ᠲᠣᠭᠲᠠᠪᠤᠷᠢᠲᠠᠶ ᠴᠢᠨᠠᠷᠳᠠᠢ ᠲᠢᠲᠢᠮᠯᠢᠭ ᠯᠤᠬᠰᠢᠭᠤᠨᠰᠤᠳᠠᠯ ᠤᠨ ᠵᠢᠷᠦᠭᠡᠨ | ᠡᠪᠡᠳᠴᠢᠨ ᠢ ᠪᠣᠯ ᠦᠨᠡᠯᠡᠬᠦ ᠪᠠᠷᠢᠮᠵᠢᠶ᠎ᠠ ᠨᠢ ᠵᠢᠭᠠᠬᠠᠨ ᠪᠤᠳᠤᠯᠢᠶᠠᠨᠲᠠᠶ ᠪᠠᠶᠢᠳᠠᠭ᠃ ᠡᠩ ᠤᠨ ᠪᠠᠶᠢᠳᠠᠯᠲ᠋ᠤᠤᠷᠠ᠂ ᠡᠮᠴᠢ | ᠭᠤᠣᠯᠳᠠᠭᠤ ᠳᠣᠣᠷᠠᠬᠢ ᠪᠠᠶᠢᠳᠠᠯ ᠠᠴᠠ ᠭᠤᠤᠷᠰᠤᠨ ᠲᠤᠯᠤᠬᠴᠢ ᠪᠠ ᠬᠦᠬᠦᠷᠭᠡ ᠮᠠᠶ᠋ᠢᠭ ᠤᠨ ᠲᠤᠯᠤᠬᠴᠢ ᠲᠠᠯᠪᠢᠬᠤ | ᠡᠰᠡᠬᠦ ᠶᠢ ᠪᠦᠬᠦ ᠲᠠᠯ᠎ᠠ ᠪᠠᠷ ᠪᠣᠳᠣᠯᠬᠢᠯᠠᠳᠠᠬ᠄ | 1 . ᠲᠢᠲᠢᠮᠯᠢᠭ ᠯᠤᠬᠰᠢᠭᠤᠨ ᠰᠤᠳᠠᠯ ᠢ ᠰᠡᠭᠦᠳᠡᠷᠯᠡᠬᠦ ᠳᠤ ᠡᠪᠡᠳᠴᠢᠲᠡᠨ ᠤ ᠲᠢᠲᠢᠮᠯᠢᠭ ᠯᠤᠬᠰᠢᠭᠤᠨ ᠰᠤᠳᠠᠯ ᠨᠢ | ᠲᠦᠢᠯ ᠤᠨ ᠬᠦᠨᠳᠦ ᠭᠡᠴᠡᠭᠦᠦ ᠨᠠᠷᠢᠰᠤᠬᠰᠠᠨ᠂ ᠳᠠᠷᠤᠢ ᠳ᠋ᠢᠶᠠᠮᠧᠲᠷ ᠨᠢ 2 . 5 ᠮᠢᠯᠢᠮᠧᠲᠷ ᠤᠨ ᠲᠢᠲᠢᠮᠯᠢᠭ | ᠯᠤᠬᠰᠢᠭᠤᠨ ᠰᠤᠳᠠᠯ ᠤᠨ ᠨᠠᠷᠢᠰᠤᠯ ᠤᠨ ᠬᠡᠮᠵᠢᠶ᠎ᠡ ᠨᠢ 90 % ᠠᠴᠠ ᠬᠡᠲᠦᠷᠡᠭᠰᠡᠨ ᠪᠠᠶᠢᠪᠠᠯ᠂ ᠥᠴᠦᠬᠡᠨ ᠴᠦ | ᠲᠠᠲᠠᠭᠠᠯᠵᠠᠯ ᠦᠭᠡᠢ ᠪᠠᠷ ᠲᠤᠯᠤᠬᠴᠢ ᠲᠠᠯᠪᠢᠵᠦ ᠪᠣᠯᠤᠨ᠎ᠠ᠃ | 2 . ᠲᠢᠲᠢᠮᠯᠢᠭ ᠯᠤᠬᠰᠢᠭᠤᠨ ᠰᠤᠳᠠᠯ ᠤᠨ ᠨᠠᠷᠢᠰᠤᠯ ᠤᠨ ᠬᠡᠮᠵᠢᠶ᠎ᠡ ᠨᠢ 50 % ᠠᠴᠠ ᠳᠣᠷᠤᠬᠰᠢ ᠪᠠᠶᠢᠬᠤ ᠳᠤ | ᠬᠦᠷᠪᠡᠯ᠂ ᠡᠪᠡᠳᠴᠢᠲᠡᠨ ᠳᠤ ᠤᠨᠴᠠ ᠢᠯᠡᠷᠬᠡᠢ ᠰᠢᠨᠵᠢ ᠢᠯᠡᠷᠡᠯ ᠭᠠᠷᠳᠠᠭ ᠦᠭᠡᠢ᠂ ᠡᠨᠡ ᠦᠶ᠎ᠡ ᠳᠤ ᠶᠡᠷᠦ ᠳᠡᠭᠡᠨ | ᠲᠤᠯᠤᠬᠴᠢ ᠲᠠᠯᠪᠢᠬᠤ ᠴᠢᠬᠤᠯᠠ ᠦᠭᠡᠢ᠂ ᠭᠡᠪᠡᠴᠦ ᠨᠠᠷᠢᠰᠤᠯ ᠤᠨ ᠬᠤᠪᠢᠷᠠᠯᠲᠠ ᠶᠢᠨ ᠪᠠᠶᠢᠳᠠᠯ ᠢ ᠪᠠᠶᠢᠡᠭᠭᠤ | ᠠᠵᠢᠬᠯᠠᠬᠤ ᠬᠡᠷᠡᠭᠳᠡᠢ᠃ | 3 . ᠲᠢᠲᠢᠮᠯᠢᠭ ᠯᠤᠬᠰᠢᠭᠤᠨ ᠰᠤᠳᠠᠯ ᠤᠨ ᠨᠠᠷᠢᠰᠤᠯ ᠤᠨ ᠬᠡᠮᠵᠢᠶ᠎ᠡ ᠨᠢ 70 % ᠣᠷᠴᠢᠮ ᠪᠠᠶᠢᠬᠤ ᠳᠤ ᠬᠦᠷᠪᠡᠯ᠂ | ᠡᠪᠡᠳᠴᠢᠲᠡᠨ ᠤ ᠵᠢᠷᠦᠬᠡᠨ ᠪᠤᠯᠴᠢᠩ ᠤᠨ ᠴᠢᠰᠤ ᠳᠤᠲᠠᠬᠤ ᠪᠠᠶᠢᠳᠠᠯ ᠢ ᠰᠠᠶᠢᠳᠤᠷ ᠤᠶᠢᠯᠠᠭᠠᠬᠤ ᠬᠡᠷᠡᠭᠲᠡᠢ᠃ ᠴᠢᠰᠤᠨ | ᠰᠤᠳᠠᠯ ᠤᠨ ᠶᠡᠭᠡ ᠪᠠᠭ᠎ᠠ ᠵᠢᠴᠢ ᠡᠪᠡᠳᠴᠢᠨ ᠤ ᠪᠠᠶᠢᠳᠠᠯ ᠤᠨ ᠬᠤᠪᠢᠷᠠᠯᠲᠠ ᠲᠠᠢ ᠤᠶᠠᠯᠳᠤᠭᠤᠯᠤᠨ ᠡᠮᠨᠡᠬᠦ ᠬᠡᠷᠡᠭᠳᠡᠢ᠂ | ᠬᠡᠷᠪᠡ ᠡᠪᠡᠳᠴᠢᠲᠡᠨ ᠳᠤ ᠦᠷᠭᠦᠯᠵᠢ ᠵᠢᠷᠦᠬᠡ ᠪᠠᠵᠠᠯᠠᠨ ᠡᠪᠡᠳᠬᠦ ᠰᠢᠨᠵᠢ ᠢᠯᠡᠷᠡᠯ ᠭᠠᠷᠬᠤ ᠦᠶ᠎ᠡ ᠳᠤ᠂ ᠵᠢᠷᠦᠬᠡᠨ ᠤ | ᠯᠤᠭᠰᠢᠯᠲᠠ ᠶᠢᠨ ᠵᠢᠷᠤᠭ ᠬᠢᠬᠦ᠂ ᠬᠥᠳᠡᠯᠭᠡᠭᠡᠨ ᠤ ᠳᠠᠭᠠᠭᠠᠴᠠ ᠶᠢᠨ ᠲᠤᠷᠰᠢᠯᠲᠠ ᠬᠢᠬᠦ ᠪᠤᠶᠤ ᠲᠢᠲᠢᠮᠯᠢᠭ | ᠯᠤᠬᠰᠢᠭᠤᠨ ᠰᠤᠳᠠᠯ ᠢ ᠨᠢ ᠰᠡᠭᠦᠳᠡᠷᠯᠡᠬᠦ ᠳ᠋ᠡᠭᠡᠨᠲ᠋ᠠᠮᠵᠢᠭᠤᠯᠬᠤ ᠭᠤᠤᠷᠰᠤᠨ ᠳᠣᠲᠣᠷᠠᠬᠢ ᠳᠠᠷᠤᠯᠲᠠ ᠶᠢᠨ ᠬᠤᠪᠢᠷᠠᠯᠲᠠ | ᠵᠡᠷᠭᠡ ᠶᠢ ᠰᠢᠭᠤᠳ ᠬᠡᠮᠵᠢᠬᠦ ᠳᠤ ᠬᠦᠷᠪᠡᠯ᠂ ᠴᠦᠮ ᠢᠯᠡᠷᠬᠡᠢ ᠵᠢᠷᠦᠬᠡᠨ ᠪᠤᠯᠴᠢᠩ ᠤᠨ ᠴᠢᠰᠤ ᠳᠤᠲᠠᠬᠤ | ᠪᠠᠶᠢᠳᠠᠯ ᠲᠠᠢ ᠪᠠᠶᠢᠳᠠᠭ᠂ ᠡᠨᠡ ᠦᠶ᠎ᠡ ᠳᠤ ᠲᠤᠯᠤᠬᠴᠢ ᠲᠠᠯᠪᠢᠪᠡᠯ ᠵᠤᠬᠢᠨ᠎ᠡ᠃ | 4 . ᠴᠢᠰᠤᠨ ᠰᠤᠳᠠᠯ ᠲᠦᠭᠵᠢᠷᠡᠬᠦ ᠨᠢ ᠭᠤᠷᠪᠠᠨ ᠰᠠᠯᠪᠤᠷᠢ ᠰᠤᠳᠠᠯ ︵ᠡᠮᠦᠨ᠎ᠡ ᠲᠠᠯ᠎ᠠ ᠶᠢᠨ ᠪᠠᠭᠤᠬᠤ ᠰᠠᠯᠪᠤᠷᠢ | ᠰᠤᠳᠠᠯ᠂ ᠡᠷᠭᠢᠯᠳᠤᠬᠦ ᠰᠠᠯᠪᠤᠷᠢ ᠰᠤᠳᠠᠯ ᠪᠠ ᠪᠠᠷᠠᠭᠤᠨ ᠲᠢᠲᠢᠮ︶ ᠤᠨ ᠤᠶᠢᠷᠠᠯᠴᠠᠭ᠎ᠠ ᠳᠤᠮᠳᠠ ᠬᠡᠰᠡᠭ ᠢᠶᠠᠷ | ᠡᠪᠡᠳᠴᠢᠨᠡᠭᠦᠰᠳᠡᠭ᠂ ᠬᠤᠶᠢᠰᠢᠳᠠ ᠶᠢᠨ ᠨᠥᠯᠥᠭᠡᠯᠠᠯ ᠤᠨ ᠬᠡᠪᠴᠢᠶ᠎ᠡ ᠨᠢ ᠨᠡᠯᠢᠶᠡᠳ ᠶᠡᠭᠡ ᠤᠴᠢᠷ ᠠᠴᠠ | ᠲᠤᠯᠤᠬᠴᠢ ᠲᠠᠯᠪᠢᠬᠤ ᠶᠢ ᠪᠤᠳᠤᠯᠬᠢᠯᠠᠬᠤ ᠬᠡᠷᠡᠭᠲᠠᠢ᠃ | | ᠨᠠᠶᠢᠷᠠᠭᠤᠯᠤᠭᠴᠢ᠄ ᠡᠷᠳᠡᠨᠢᠴᠤᠭᠲᠦ | | |