2017 ᠤᠨ ᠤ ᠬᠡᠪᠯᠡᠯ ᠤᠨ ᠡᠮ ᠤᠨ ᠵᠦᠢᠯᠡᠰ ᠤᠨ ᠭᠠᠷᠴᠠᠭ ᠢ ᠨᠡᠶᠢᠳᠡᠯᠡᠵᠤ 2635 ᠡᠸᠦ᠋ᠷᠦᠫᠠ ᠡᠮ ᠬᠢᠳᠡᠳ ᠪᠡᠯᠡᠨ ᠡᠮ ᠢ ᠪᠠᠭᠳᠠᠭᠠᠨ ᠤᠷᠤᠭᠤᠯᠵᠠᠢ
ᠨᠡᠶᠢᠲᠡᠯᠡᠭᠰᠡᠨ ᠴᠠᠭ᠄
2017/7/25
      ᠬᠦᠮᠤᠨ ᠤ ᠭᠦᠴᠤᠨ ᠤ ᠡᠬᠢ ᠪᠠᠶᠠᠯᠢᠭ ᠪᠡ ᠨᠡᠶᠢᠭᠡᠮ ᠤᠨ ᠪᠠᠳᠤᠯᠠᠪᠦᠷᠢ ᠶᠢᠨ ᠭᠡᠯᠳᠡᠰ 23 ᠤ ᠡᠳᠤᠷ ᠮᠡᠳᠡᠭᠡ ᠨᠡᠶᠢᠳᠡᠯᠡᠵᠤ᠂ ᠬᠦᠮᠤᠨ ᠤ ᠭᠦᠴᠤᠨ ᠤ ᠡᠬᠢ ᠪᠠᠶᠠᠯᠢᠭ ᠪᠡ ᠨᠡᠶᠢᠭᠡᠮ ᠤᠨ ᠪᠠᠳᠤᠯᠠᠪᠦᠷᠢ ᠶᠢᠨ ᠦᠨᠳᠤᠰᠤᠨ ᠡᠮᠴᠢᠯᠡᠭᠡᠨ ᠤ ᠲᠠᠭᠠᠳᠬᠠᠯ᠂ ᠠᠵᠢᠯ ᠠᠴᠠ ᠪᠤᠯᠤᠬᠰᠡᠨ ᠬᠡᠮᠳᠤᠯ ᠤᠨ ᠲᠠᠭᠠᠳᠬᠠᠯ ᠪᠡ ᠦᠷᠡᠵᠢᠯ ᠤᠨ ᠡᠮ ‍ᠤᠨ‌‍ᠲ᠋ᠠᠭᠠᠳᠬᠠᠯ ᠤᠨ ᠭᠠᠷᠴᠠᠭ ᠢ ᠨᠡᠶᠢᠳᠡᠯᠡᠵᠠᠢ᠃        ᠲᠠᠨᠢᠯᠴᠠᠭᠤᠯᠤᠬᠰᠡᠨ ᠢᠶᠠᠷ᠂ 2017 ᠤᠨ ᠤ ᠡᠮ ᠤᠨ ᠵᠦᠢᠯᠡᠰ ᠤᠨ ᠭᠠᠷᠴᠠᠭ ᠨᠢ ᠲᠠᠶᠢᠯᠪᠦᠷᠢ᠂ ᠡᠸᠦ᠋ᠷᠦᠫᠠ ᠡᠮ᠂ ᠬᠢᠳᠡᠳ ᠪᠡᠯᠡᠨ ᠡᠮ ᠪᠡ ᠬᠢᠳᠡᠳ ᠬᠠᠪᠳᠠᠭᠠᠢ ᠡᠮ ᠵᠡᠷᠭᠡ ᠲᠦᠷᠪᠡᠨ ᠭᠡᠰᠡᠭ ᠢᠶᠠᠷ ᠪᠦᠷᠢᠯᠳᠦᠵᠠᠢ᠃ ᠡᠸᠦ᠋ᠷᠦᠫᠠ ᠡᠮ ᠤᠨ ᠭᠡᠰᠡᠭ ᠲᠤ ᠬᠢᠮᠢ ᠶᠢᠨ ᠡᠮ ᠪᠡ ᠠᠮᠢᠳᠤ ᠪᠤᠳᠠᠰ ᠤᠨ ᠪᠦᠳᠦᠭᠡᠭᠳᠡᠭᠦᠨ ᠵᠡᠷᠭᠡ ᠶᠢ ᠪᠠᠭᠳᠠᠭᠠᠵᠠᠢ︔ ᠬᠢᠳᠡᠳ‌‍ᠪᠡᠯᠡᠨ ᠡᠮ ᠤᠨ ᠭᠡᠰᠡᠭ ᠲᠤ ᠬᠢᠳᠡᠳ ᠪᠡᠯᠡᠨ ᠡᠮ ᠪᠡ ᠦᠨᠳᠤᠰᠤᠳᠡᠨ ᠤ ᠡᠮ ᠢ ᠪᠠᠭᠳᠠᠭᠠᠵᠠᠢ︔ ᠬᠢᠳᠡᠳ ᠬᠠᠪᠳᠠᠭᠠᠢ ᠡᠮ ᠤᠨ ᠭᠡᠰᠡᠭ ᠲᠤ ᠰᠠᠭᠤᠷᠢ ᠮᠦᠩᠭᠦ ᠠᠴᠠ ᠲᠤᠭᠠᠴᠠᠭ᠎ᠠ ᠬᠢᠬᠦ ᠦᠭᠡᠢ ᠬᠢᠳᠡᠳ ᠬᠠᠪᠳᠠᠭᠠᠢ ᠡᠮ ᠢ ᠲᠤᠭᠳᠠᠭᠠᠵᠠᠢ᠃ ᠡᠸᠦ᠋ᠷᠦᠫᠠ ᠡᠮ ᠪᠡ ᠬᠢᠳᠡᠳ ᠪᠡᠯᠡᠨ ᠡᠮ ᠤᠨ ᠭᠡᠰᠡᠭ ᠲᠤ ᠨᠡᠶᠢᠳᠡ 2535 ᠡᠮ ᠤᠨ ᠵᠦᠢᠯ ᠢ ᠪᠠᠭᠳᠠᠭᠠᠨ‌ᠤᠷᠤᠭᠤᠯᠵᠤ᠂ 2009 ᠤᠨ ᠤ ᠬᠡᠪᠯᠡᠯ ᠤᠨ ᠭᠠᠷᠴᠠᠭ ᠲᠠᠢ ᠬᠠᠷᠢᠴᠠᠭᠤᠯᠪᠡᠯ 339 ᠨᠡᠮᠡᠭᠳᠡᠵᠠᠢ᠃ ᠡᠬᠦᠨ ᠳᠤ᠂ ᠡᠸᠦ᠋ᠷᠦᠫᠠ ᠡᠮ ᠤᠨ ᠭᠡᠰᠡᠭ ᠲᠤ 1297᠂ ᠬᠢᠳᠡᠳ ᠪᠡᠯᠡᠨ ᠡᠮ ᠤᠨ ᠭᠡᠰᠡᠭ ᠲᠤ 1238 ︵ᠦᠨᠳᠤᠰᠤᠳᠡᠨ ᠤ ᠡᠮ 88 ᠶᠢ ᠪᠠᠭᠳᠠᠭᠠᠵᠠᠢ︶ ᠪᠤᠢ᠃ ᠬᠢᠳᠡᠳ ᠬᠠᠪᠳᠠᠭᠠᠢ ᠡᠮ ᠤᠨ ᠭᠡᠰᠡᠭ ᠲᠤ ᠲᠤᠬᠢᠷᠠᠭᠤᠯᠤᠯᠳᠡ ᠬᠢᠭᠰᠡᠨ ᠦᠭᠡᠢ᠂ ᠮᠦᠨ ᠴᠤ 2009 ᠤᠨ ᠤ ᠬᠡᠪᠯᠡᠯ ᠤᠨ ᠡᠮ ᠤᠨ ᠵᠦᠢᠯᠡᠰ ᠤᠨ ᠭᠠᠷᠴᠠᠭ ᠤᠨ ᠲᠤᠭᠳᠠᠭᠠᠯ ᠢ ᠦᠷᠬᠦᠯᠵᠢᠯᠡᠨ‌‍ᠭᠡᠷᠡᠭᠵᠢᠬᠦᠯᠦᠨ᠎ᠠ᠃              ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2