ᠥᠪᠥᠷ ᠮᠣᠩᠭᠤᠯ ᠤᠨ ᠠᠵᠤ ᠦᠢᠯᠡᠳᠪᠦᠷᠢ ᠶᠢᠨ ᠶᠡᠭᠡ ᠰᠤᠷᠭᠠᠭᠤᠯᠢ ᠶᠢᠨ ᠵᠠᠬᠢᠷᠤᠯ ᠶᠣᠣ ᠳ᠋ᠧ ᠨᠠᠷ ᠶᠠᠳᠠᠭᠤ ᠶᠢ ᠲᠡᠳᠭᠦᠬᠦ ᠶᠢ ᠲᠠᠭᠠᠭᠠᠴᠢᠯᠠᠭᠰᠠᠨ ᠴᠡᠭ ᠲᠤ ᠭᠦᠨᠵᠡᠭᠡᠶᠢᠷᠡᠨ ᠤᠨᠢᠨ ᠳᠡᠭᠡᠷ᠎ᠡ ᠨᠢ ᠶᠠᠳᠠᠭᠤ ᠶᠢ ᠲᠡᠳᠬᠦᠬᠦ ᠠᠵᠢᠯ ᠢ ᠪᠠᠶᠢᠴᠠᠭᠠᠨ ᠰᠤᠳᠤᠯᠪᠠ
ᠨᠡᠶᠢᠲᠡᠯᠡᠭᠰᠡᠨ ᠴᠠᠭ᠄
2020/1/3
     ᠤᠢᠢᠷ᠎ᠠ ᠳᠤ᠂ ᠥᠪᠥᠷ ᠮᠣᠩᠭᠤᠯ ᠤᠨ ᠠᠵᠤ ᠦᠢᠯᠡᠳᠪᠦᠷᠢ ᠶᠢᠨ ᠶᠡᠭᠡ ᠰᠤᠷᠭᠠᠭᠤᠯᠢ ᠶᠢᠨ ᠵᠠᠬᠢᠷᠤᠯ ᠶᠣᠣ ᠳ᠋ᠧ ᠨᠠᠷ ᠶᠠᠳᠠᠭᠤ ᠶᠢ ᠲᠡᠳᠭᠦᠬᠦ ᠶᠢ ᠲᠠᠭᠠᠭᠠᠴᠢᠯᠠᠭᠰᠠᠨ ᠴᠡᠭ ᠪᠤᠯᠬᠤ ᠵᠦ᠋ᠧᠧᠽᠢ ᠰᠢᠶᠠᠨ ᠤ ᠳ᠋ᠠ ᠢᠦᠶ ᠱᠦ ᠰᠢᠶᠠᠩ ᠤᠨ ᠮᠠ ᠳ᠋ᠢ ᠪᠦ᠋ ᠲᠣᠰᠬᠤᠨ ᠳᠤ ᠭᠦᠨᠵᠡᠭᠡᠶᠢᠷᠡᠨ ᠤᠨᠢᠨ ᠳᠡᠭᠡᠷ᠎ᠡ ᠨᠢ ᠶᠠᠳᠠᠭᠤ ᠶᠢ ᠲᠡᠳᠬᠦᠬᠦ ᠠᠵᠢᠯ ᠢ ᠪᠠᠶᠢᠴᠠᠭᠠᠨ ᠰᠤᠳᠤᠯᠵᠤ᠂ ᠲᠣᠰᠬᠤᠨ ᠤ ᠬᠠᠮᠲᠤ ᠶᠢᠨ ᠠᠵᠤ ᠠᠬᠤᠢ ᠳᠤ ᠫᠠᠶᠢᠰᠠ ᠰᠡᠬᠦᠬᠦ ᠶᠢᠨ ᠬᠠᠮᠲᠤ ᠲᠣᠰᠬᠤᠨ ᠳᠤ ᠰᠠᠭᠤᠭ᠎ᠠ ᠠᠵᠢᠯᠯᠠᠬᠤ ᠠᠩᠭᠢ ᠶᠢᠨ ᠭᠡᠰᠢᠭᠦᠳ ᠢ ᠲᠣᠬᠤᠨᠢᠭᠤᠯᠪᠠ᠃ ᠰᠤᠷᠭᠠᠭᠤᠯᠢ ᠶᠢᠨ ᠲᠡᠳ᠋ ᠵᠠᠬᠢᠷᠤᠯ ᠵᠢᠶᠦ᠋ᠨ ᠹᠧᠩ ᠵᠢᠴᠢ ᠰᠤᠷᠭᠠᠭᠤᠯᠢ ᠶᠢᠨ ᠬᠠᠮᠢᠶ᠎ᠠ ᠪᠦᠬᠦᠢ ᠬᠠᠷᠢᠭᠤᠴᠠᠯᠭᠠᠲᠠᠠ ᠣᠷᠣᠯᠴᠠᠵᠠᠶ᠃      ᠶᠣᠣ ᠳ᠋ᠧ ᠨᠠᠷ ᠵᠦᠸᠧᠽᠢ ᠰᠢᠶᠠᠨ᠂ ᠳ᠋ᠠ ᠢᠦᠶ ᠱᠦ ᠰᠢᠶᠠᠩ ᠤᠨ ᠬᠠᠮᠢᠶ᠎ᠠ ᠪᠦᠬᠦᠢ ᠤᠳᠤᠷᠢᠳᠤᠯᠭ᠎ᠠ ᠲᠠᠢ ᠰᠠᠭᠤᠳᠠᠯ ᠤᠨ ᠬᠤᠷᠠᠯ ᠬᠢᠵᠦ᠂ ᠥᠪᠥᠷ ᠮᠣᠩᠭᠤᠯ ᠤᠨ ᠠᠵᠤ  ᠦᠢᠯᠡᠳᠪᠦᠷᠢ ᠶᠢᠨ ᠶᠡᠭᠡ ᠰᠤᠷᠭᠠᠭᠤᠯᠢ ᠶᠢᠨ ᠲᠣᠰᠬᠤᠨ ᠳᠤ ᠰᠠᠭᠤᠭ᠎ᠠ 2019 ᠤᠨ ᠤ ᠲᠤᠭᠳᠠᠭᠰᠠᠨ ᠴᠡᠭ ᠲᠤ ᠬᠠᠪᠰᠤᠷᠤᠨ ᠲᠡᠳᠬᠦᠬᠦ ᠠᠵᠢᠯ ᠤᠨ ᠬᠠᠷᠢᠭᠤ ᠮᠡᠳᠡᠭᠦᠯᠦᠯᠲᠡ ᠪᠠ 2020 ᠤᠨ ᠤ ᠠᠵᠢᠯ ᠤᠨ ᠰᠡᠳᠬᠢᠮᠵᠢ ᠶᠢ ᠰᠣᠨᠣᠰᠤᠭᠰᠠᠨ ᠪᠥᠭᠡᠳ ᠥᠪᠥᠷ ᠮᠣᠩᠭᠤᠯ ᠤᠨ ᠠᠵᠤ ᠦᠢᠯᠡᠳᠪᠦᠷᠢ ᠶᠢᠨ ᠶᠡᠭᠡ ᠰᠤᠷᠭᠠᠭᠤᠯᠢ ᠶᠢᠨ ᠴᠢᠳᠠᠪᠤᠷᠢᠲᠠᠨ᠂ ᠣᠶᠤᠨ ᠤᠬᠠᠭᠠᠨ᠂ ᠰᠢᠨᠵᠢᠯᠡᠬᠦ ᠤᠬᠠᠭᠠᠨ ᠤ ᠰᠤᠳᠤᠯᠭᠠᠨ ᠤ ᠲᠠᠯ᠎ᠠ ᠶᠢᠨ ᠳᠠᠪᠠᠭᠤᠯᠢᠭ ᠢ ᠬᠡᠷᠬᠢᠨ ᠨᠠᠩ ᠰᠠᠶᠢᠨ ᠪᠠᠳᠠᠷᠠᠭᠤᠯᠬᠤ᠂ ᠬᠠᠮᠲᠤ ᠶᠢᠨ ᠠᠵᠤ ᠠᠬᠤᠢ ᠶᠢᠨ ᠲᠥᠷᠥᠯ ᠵᠦᠢᠯ ᠢ ᠪᠤᠶᠢᠵᠢᠭᠤᠯᠤᠨ ᠪᠤᠵᠠᠭᠠᠶᠢᠷᠠᠭᠤᠯᠵᠤ᠂ ᠰᠤᠷᠭᠠᠨ ᠬᠥᠮᠦᠵᠢᠯ ᠢᠶᠠᠷ ᠬᠠᠪᠰᠤᠷᠤᠨ ᠲᠡᠳᠬᠦᠬᠦ ᠠᠷᠭ᠎ᠠ ᠬᠡᠮᠵᠢᠶ᠎ᠡ ᠶᠢ ᠥᠷᠭᠡᠳᠬᠡᠬᠦ ᠵᠡᠷᠭᠡ ᠲᠠᠯ᠎ᠠ ᠪᠠᠷ ᠰᠠᠨᠠᠯ ᠢᠶᠠᠨ ᠭᠦᠨᠵᠡᠭᠡᠶ ᠰᠣᠯᠢᠯᠴᠠᠪᠠ᠃ ᠪᠠᠶᠢᠴᠠᠭᠠᠨ ᠰᠤᠳᠤᠯᠤᠯᠲᠠ ᠶᠢᠨ ᠳᠤᠮᠳᠠ᠂ ᠶᠣᠣ ᠳ᠋ᠧ ᠰᠢᠶᠠᠨ ᠤ ᠨᠠᠮ ᠤᠨ ᠬᠤᠷᠢᠶᠠᠨ ᠤ ᠤᠳᠤᠷᠢᠳᠤᠯᠭ᠎ᠠ ᠲᠠᠢ ᠬᠠᠮᠲᠤ ᠰᠤᠷᠭᠠᠭᠤᠯᠢ ᠠᠴᠠ ᠬᠠᠪᠰᠤᠷᠤᠨ ᠲᠡᠳᠬᠦᠵᠦ ᠪᠠᠶᠢᠭᠤᠯᠤᠭᠰᠠᠨ ᠮᠠ ᠳ᠋ᠢ ᠪᠦ᠋ ᠲᠣᠰᠬᠤᠨ ᠤ ᠬᠠᠮᠲᠤ ᠶᠢᠨ ᠠᠵᠤ ᠠᠬᠤᠶ — ᠵᠦᠸᠧᠽᠢ ᠰᠢᠶᠠᠨ ᠤ ᠯᠦᠩ ᠱᠧᠩ ᠲᠠᠷᠢᠶᠠᠯᠠᠩ ᠤᠨ ᠣᠨᠴᠠ ᠭᠠᠷᠤᠯᠲᠠ ᠶᠢᠨ ᠲᠥᠪ ᠤᠨ ᠫᠠᠶᠢᠰᠠ ᠶᠢ ᠰᠡᠬᠦᠪᠡ᠃ ᠰᠤᠷᠭᠠᠭᠤᠯᠢ ᠶᠢᠨ ᠲᠡᠳ᠋ ᠵᠠᠬᠢᠷᠤᠯ ᠵᠢᠶᠦ᠋ᠨ ᠹᠧᠩ ᠠᠴᠠ᠂ ᠮᠠ ᠳ᠋ᠢ ᠪᠦ᠋ ᠲᠣᠰᠬᠤᠨ ᠤ ᠨᠠᠮ ᠤᠨ ᠡᠭᠦᠷ ᠤᠨ ᠱᠦᠵᠢ᠂ ᠲᠣᠰᠬᠤᠨ ᠤ ᠵᠥᠪᠯᠡᠯ ᠤᠨ ᠡᠷᠬᠢᠯᠡᠭᠴᠢ ᠯᠦ ᠰᠢᠤ ᠫᠢᠩ ᠳᠤ᠂ ᠥᠪᠥᠷ ᠮᠣᠩᠭᠤᠯ ᠤᠨ ᠠᠵᠤ ᠦᠢᠯᠡᠳᠪᠦᠷᠢ ᠶᠢᠨ ᠶᠡᠭᠡ ᠰᠤᠷᠭᠠᠭᠤᠯᠢ ᠶᠢᠨ ᠥᠷᠭᠡᠨ ᠣᠯᠠᠨ ᠪᠠᠭᠰᠢ ᠠᠵᠢᠯᠲᠠᠨ ᠤ ᠰᠠᠶᠢᠨ ᠳᠤᠷ᠎ᠠ ᠠᠴᠠ ᠪᠠᠨ ᠬᠠᠨᠳᠢᠪᠯᠠᠨ ᠴᠤᠭᠯᠠᠭᠤᠯᠤᠭᠰᠠᠨ 18.8 ᠲᠦᠮᠡᠨ ᠲᠥᠭᠦᠷᠢᠭ ᠤᠨ ᠬᠠᠮᠳᠤ ᠶᠢᠨ ᠠᠵᠤ ᠠᠬᠤᠢ ᠶᠢ ᠡᠬᠢᠯᠡᠭᠦᠯᠬᠦ ᠪᠠᠯᠠ ᠮᠥᠩᠭᠦ ᠶᠢ ᠲᠠᠮᠵᠢᠭᠤᠯᠤᠨ ᠭᠠᠷᠳᠠᠭᠤᠯᠪᠠ᠃ ᠶᠣᠣ ᠳ᠋ᠧ ᠠᠴᠠ᠂ ᠬᠠᠮᠳᠤ ᠶᠢᠨ ᠠᠵᠤ ᠠᠬᠤᠢ ᠶᠢ ᠡᠬᠢᠯᠡᠭᠦᠯᠬᠦ ᠪᠠᠯᠠ ᠮᠥᠩᠭᠦ ᠶᠢ ᠭᠤᠤᠯᠳᠠᠭᠤ ᠪᠤᠷᠤᠯᠠᠭᠤᠯᠬᠤ ᠲᠥᠪ ᠤᠨ ᠠᠯᠪᠠᠯᠠᠬᠤ ᠭᠠᠵᠠᠷ ᠢ ᠵᠠᠰᠠᠵᠤ ᠴᠢᠮᠡᠭᠯᠡᠬᠦ᠂ ᠲᠤᠬᠠᠶᠢᠯᠠᠭᠰᠠᠨ ᠠᠵᠢᠯ ᠤᠨ ᠡᠷᠭᠢᠯᠲᠡ᠂ ᠪᠦᠲᠦᠭᠡᠭᠳᠡᠬᠦᠨ ᠤ ᠪᠣᠭᠤᠳᠠᠯ ᠪᠠᠭᠯᠠᠭ᠎ᠠ᠂ ᠲᠣᠨᠤᠭ ᠲᠥᠬᠦᠭᠡᠷᠦᠮᠵᠢ ᠬᠤᠳᠠᠯᠳᠤᠨ ᠠᠪᠬᠤ ᠵᠡᠷᠭᠡ ᠳᠤ ᠬᠡᠷᠡᠭᠯᠡᠨ᠎ᠡ᠂ ᠪᠤᠷᠤᠯᠠᠭᠤᠯᠭ᠎ᠠ ᠶᠢᠨ ᠲᠥᠪ ᠤᠨ ᠬᠢᠨ ᠮᠥᠩᠭᠦ ᠪᠦᠷᠢ ᠶᠢ ᠰᠠᠶᠢᠲᠤᠷ ᠬᠡᠷᠡᠭᠯᠡᠵᠦ᠂ ᠮᠠ ᠳ᠋ᠢ ᠪᠦ᠋ ᠲᠣᠰᠬᠤᠨ ᠤ ᠬᠠᠮᠲᠤ ᠶᠢᠨ ᠠᠵᠤ ᠠᠬᠤᠶ ᠶᠢ ᠲᠠᠰᠤᠷᠠᠯᠲᠠ ᠥᠬᠡᠶ ᠬᠥᠭᠵᠢᠭᠦᠯᠦᠨ ᠪᠤᠵᠠᠭᠠᠶᠢᠷᠠᠭᠤᠯᠵᠤ᠂ ᠨᠤᠲᠤᠭ ᠤᠰᠤᠨ ᠳᠠᠭᠠᠨ ᠨᠠᠩ ᠰᠠᠶᠢᠨ ᠪᠤᠶᠠᠨ ᠦᠢᠯᠡᠳᠬᠦ ᠬᠡᠷᠡᠭᠲᠡᠢ ᠭᠡᠵᠦ ᠴᠢᠬᠤᠯᠠᠴᠢᠯᠠᠪᠠ᠃ ᠭᠠᠴᠠᠭᠠᠨ ᠤ ᠠᠷᠠᠳ ᠤᠨ ᠵᠥᠪᠯᠡᠯ ᠤᠨ ᠺᠠᠳ᠋ᠷ ᠶᠠᠳᠠᠭᠤ ᠬᠦᠴᠢᠷᠳᠡᠯᠲᠡᠶ ᠣᠯᠠᠨ ᠲᠦᠮᠡᠨ ᠢ ᠲᠥᠯᠥᠭᠡᠯᠡᠨ᠂ ᠡᠨᠡ ᠬᠦ ᠪᠠᠯᠠ ᠮᠥᠩᠭᠦ ᠶᠢ ᠴᠢᠩᠭ᠎ᠠ ᠡᠷᠴᠢᠮᠳᠡᠢ ᠬᠡᠷᠡᠭᠯᠡᠵᠦ ᠂ ᠣᠯᠠᠨ ᠲᠦᠮᠡᠨ ᠤ ᠬᠢᠨᠠᠯᠲᠠ ᠶᠢ ᠰᠠᠨᠠᠭᠠᠴᠢᠯᠠᠭ᠎ᠠ ᠠᠴᠠ ᠪᠠᠨ ᠬᠦᠯᠢᠶᠡᠵᠦ᠂ ᠥᠪᠥᠷ ᠮᠣᠩᠭᠤᠯ ᠤᠨ ᠠᠵᠤ ᠦᠢᠯᠡᠳᠪᠦᠷᠢ ᠶᠢᠨ ᠶᠡᠭᠡ ᠰᠤᠷᠭᠠᠭᠤᠯᠢ ᠪᠠ ᠬᠠᠨᠳᠢᠪᠯᠠᠭᠰᠠᠨ ᠪᠠᠭᠰᠢ ᠠᠵᠢᠯᠲᠠᠨ ᠤ ᠬᠦᠰᠡᠯ ᠢ ᠬᠦᠰᠡᠷᠳᠡᠭᠦᠯᠬᠦ ᠦᠭᠡᠢ ᠪᠠᠷ᠂ ᠭᠠᠴᠠᠭᠠᠨ ᠤ ᠬᠠᠮᠲᠤ ᠶᠢᠨ ᠠᠵᠤ ᠠᠬᠤᠶ ᠶᠢ ᠰᠠᠶᠢᠲᠤᠷ ᠡᠵᠡᠩᠨᠡᠨ ᠬᠠᠮᠢᠶᠠᠷᠤᠨ᠎ᠠ ᠭᠡᠵᠦ ᠢᠯᠡᠳᠭᠡᠪᠡ᠃      ᠶᠣᠣ ᠳ᠋ᠧ ᠨᠠᠷ ᠪᠠᠰᠠ ᠶᠠᠳᠠᠭᠤ ᠬᠦᠴᠢᠷᠳᠡᠯᠲᠡᠶ ᠡᠷᠦᠬᠡ ᠳᠤ ᠭᠦᠨᠵᠡᠭᠡᠶᠢᠷᠡᠨ ᠰᠤᠷᠪᠤᠯᠵᠢᠯᠠᠨ ᠲᠣᠬᠤᠨᠢᠭᠤᠯᠵᠦ᠂ ᠲᠡᠳᠡᠨ ᠤ  ᠦᠢᠯᠡᠳᠪᠦᠷᠢᠯᠡᠯ ᠠᠮᠢᠳᠤᠷᠠᠯ ᠤᠨ ᠪᠠᠶᠢᠳᠠᠯ᠂ ᠪᠡᠶ᠎ᠡ ᠮᠠᠬᠠᠪᠣᠳ ᠤᠨ ᠪᠠᠶᠢᠳᠠᠯ᠂ ᠶᠠᠳᠠᠭᠤᠷᠠᠭᠰᠠᠨ ᠰᠢᠯᠲᠠᠭᠠᠨ᠂ ᠪᠤᠳᠠᠳᠠᠢ ᠬᠦᠴᠢᠷᠳᠡᠯ ᠵᠡᠷᠭᠡ ᠶᠢ ᠨᠠᠷᠢᠨ ᠣᠶᠢᠯᠠᠭᠠᠬᠤ ᠶᠢᠨ ᠬᠠᠮᠲᠤ ᠲᠡᠳᠡᠨ ᠤ ᠰᠢᠯᠢᠳᠡᠭ ᠰᠠᠶᠢᠨ ᠣᠶᠤᠨ ᠰᠠᠨᠠᠭᠠᠨ ᠤ ᠳᠦᠷᠢ ᠳᠦᠷᠬᠦ ᠪᠠᠨ ᠪᠠᠲᠤᠯᠠᠵᠤ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ᠳᠣᠲᠣᠭᠠᠳᠤ ᠬᠥᠳᠡᠯᠭᠡᠬᠦ ᠬᠦᠴᠦᠨ ᠢᠶᠠᠨ ᠤᠯᠠᠮ ᠴᠢᠨᠠᠭᠰᠢᠳᠠ ᠬᠥᠭᠵᠢᠭᠡᠵᠦ᠂ ᠶᠠᠳᠠᠭᠤ ᠠᠴᠠ ᠠᠩᠭᠢᠵᠢᠷᠠᠭᠤᠯᠬᠤ ᠦᠷ᠎ᠡ ᠪᠦᠲᠦᠮᠵᠢ ᠪᠠᠨ ᠪᠠᠬᠢᠵᠢᠭᠦᠯᠵᠦ᠂ ᠠᠮᠢᠳᠤᠷᠠᠯ ᠤᠨ ᠶᠠᠰᠤ ᠴᠢᠨᠠᠷ ᠢᠶᠠᠨ ᠲᠠᠰᠤᠷᠠᠯᠲᠠ ᠥᠬᠡᠶ ᠳᠡᠭᠡᠭᠰᠢᠯᠡᠭᠦᠯᠬᠦ ᠶᠢ ᠵᠣᠷᠢᠭᠵᠢᠭᠤᠯᠪᠠ᠃
 
ᠢᠷᠡᠯᠲᠡ᠄ ᠤᠯᠠᠭᠠᠨᠴᠠᠪ ᠮᠤᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2