ᠴᠢᠰᠤᠨ ᠰᠤᠳᠠᠯ ᠳᠤ ᠵᠤᠷᠢᠭᠤᠯᠤᠭᠰᠠᠨ ᠢᠳᠡᠭᠡᠨ ᠤ ᠳᠤᠰᠬᠠᠢ ᠵᠤᠷ
ᠨᠡᠶᠢᠲᠡᠯᠡᠭᠰᠡᠨ ᠴᠠᠭ᠄
2019/8/5
    ᠵᠢᠷᠦᠭᠡ ᠴᠢᠰᠦᠨ ᠰᠤᠳᠠᠯ ᠤᠨ ᠡᠪᠡᠳᠴᠢᠨ ᠡᠮᠭᠡᠭ ᠢ ᠰᠡᠷᠭᠡᠶᠢᠯᠡᠬᠦ ᠳᠤ ︽ᠢᠳᠡᠬᠦ︾ ᠪᠤᠯ ᠬᠠᠮᠤᠭ ᠤᠨ ᠬᠢᠮᠳᠠ᠂ ᠬᠠᠮᠤᠭ ᠤᠨ ᠳᠦᠭᠦᠮ᠂ ᠬᠠᠮᠤᠭ ᠤᠨ ᠪᠦᠲᠦᠮᠵᠢᠳᠠᠢ ᠮᠦᠷᠳᠡᠭᠡᠨ ᠬᠠᠷᠰᠢ ᠦᠢᠯᠡᠳᠦᠯ ᠦᠭᠡᠢ ᠰᠠᠶᠢᠨ ᠠᠷᠭ᠎ᠠ ᠪᠤᠯᠬᠤ ᠨᠢ ᠵᠠᠶᠢᠯᠠᠰᠢ ᠦᠭᠡᠢ᠃ ᠭᠡᠪᠡᠴᠦ ᠢᠳᠡᠭᠡᠨ ᠤ ᠤᠯᠠᠨ ᠶᠠᠩᠵᠤᠳᠤ ᠴᠢᠨᠠᠷ ᠢ ᠪᠠᠳᠤᠯᠠᠭᠰᠠᠨ ᠢᠶᠠᠷ ᠤᠷᠢᠳᠠᠴᠢ ᠨᠦᠬᠦᠴᠡᠯ ᠪᠤᠯᠭᠠᠨ᠎ᠠ᠂ ᠬᠡᠷᠪᠡ ᠳᠤᠷᠠᠳᠠᠢ ᠭᠠᠭᠴᠠ ᠪᠠᠨ ᠢᠳᠡᠭᠡᠳ ᠪᠠᠶᠢᠪᠠᠯ ᠪᠡᠶ᠎ᠡ ᠮᠠᠬᠠᠪᠤᠳ ᠤᠨ ᠰᠢᠮ᠎ᠠ ᠳᠡᠵᠢᠭᠡᠯ ᠤᠨ ᠳᠡᠩᠴᠡᠭᠦᠷᠢ ᠶᠢ ᠠᠯᠳᠠᠭᠤᠯᠤᠨ᠎ᠠ᠃ ᠳᠤᠤᠷ᠎ᠠ ᠪᠢᠳᠠ ᠪᠦᠬᠦ ᠤᠯᠤᠰ ᠤᠨ ᠡᠷᠭᠡ ᠰᠦᠷᠳᠦ ᠡᠷᠳᠡᠮ ᠰᠢᠨᠵᠢᠯᠡᠭᠡᠨ ᠤ ᠪᠠᠶᠢᠭᠤᠯᠤᠯᠭ᠎ᠠ ᠨᠤᠭᠤᠳ ᠤᠨ ᠳᠤᠰᠬᠠᠢ ᠮᠡᠷᠭᠡᠵᠢᠯᠳᠡᠳ ᠤᠨ ᠰᠤᠳᠤᠯᠭᠠᠨ ᠳᠤ ᠰᠠᠭᠤᠷᠢᠯᠠᠨ᠂ ᠵᠢᠷᠦᠭᠡ ᠴᠢᠰᠦᠨ ᠰᠤᠳᠠᠯ ᠳᠤ ᠳᠤᠰᠠᠳᠠᠢ ᠰᠢᠮ᠎ᠡ ᠳᠡᠵᠢᠭᠡᠯᠳᠦ ᠡᠳ᠋ ᠶᠠᠮᠠᠷ ᠢᠳᠡᠭᠡᠨ ᠳᠤ ᠬᠠᠳᠠᠭᠠᠯᠠᠭᠳᠠᠵᠤ ᠪᠠᠶᠢᠳᠠᠭ ᠢ ᠤᠯᠠᠨ ᠳᠤ ᠶᠠᠷᠢᠵᠤ ᠦᠭᠭᠦᠨ᠂ ᠰᠢᠮ᠎ᠡ ᠳᠡᠵᠢᠭᠡᠯ ᠢᠶᠠᠨ ᠳᠡᠩᠴᠡᠭᠦᠷᠢᠳᠡᠢ ᠪᠠᠶᠢᠯᠭᠠᠨ ᠵᠢᠷᠦᠭᠡ ᠴᠢᠰᠦᠨ ᠰᠤᠳᠠᠯ ᠤᠨ ᠡᠷᠡᠭᠦᠯ ᠮᠡᠨᠳᠦ ᠳᠤ ᠳᠤᠰᠠᠳᠠᠢ ᠢᠳᠡᠭᠡᠨ ᠤ ᠵᠤᠷ ᠵᠤᠬᠢᠶᠠᠵᠤ ᠦᠭᠬᠦ ᠶᠢ ᠪᠤᠳᠤᠶ᠎ᠠ᠃ ᠵᠢᠷᠦᠭᠡ ᠶᠢ ᠬᠠᠮᠠᠭᠠᠯᠠᠳᠠᠭ ᠰᠢᠮ᠎ᠡ ᠳᠡᠵᠢᠭᠡᠯ ᠤᠨ ᠪᠤᠳᠠᠰ ᠵᠢᠭᠠᠰᠤ ᠪᠠ ᠵᠢᠭᠠᠰᠤᠨ ᠳᠤᠰᠤ ︵EPA ᠪᠠ DHA︶᠂ ᠳᠤᠳᠠᠭᠤ ᠳᠤᠰᠤᠨ ᠬᠦᠴᠢᠯ᠂ ᠺᠠᠯᠢ ᠵᠡᠷᠭᠡ ᠰᠢᠮ᠎ᠠ ᠳᠡᠵᠢᠭᠡᠯ ᠤᠨ ᠪᠤᠳᠠᠰ ᠨᠢ ᠵᠢᠷᠦᠭᠡ ᠴᠢᠰᠦᠨ ᠰᠤᠳᠠᠯ ᠤᠨ ᠡᠪᠡᠳᠴᠢᠨ ᠤ ᠠᠶᠤᠯ ᠢ ᠪᠠᠭᠠᠰᠬᠠᠬᠤ ᠯᠤᠭ᠎ᠠ ᠨᠢᠬᠳᠠ ᠬᠤᠯᠪᠤᠭ᠎ᠠ ᠲᠠᠢ ᠪᠠᠶᠢᠳᠠᠭ᠃ α- ᠶᠠᠮᠠ ᠬᠦᠴᠢᠯ᠂ ᠳᠤᠰᠤᠨ ᠬᠦᠴᠢᠯ᠂ ᠢᠳᠡᠭᠡᠨ ᠤ ᠰᠢᠷᠭᠡᠭᠯᠢᠭ᠂ ᠨᠠᠪᠴᠢᠨ ᠬᠦᠴᠢᠯ᠂ ᠢᠳᠡᠭᠡᠨ ᠤ ᠭᠤᠨᠠᠨ ᠠᠯᠺᠤᠤᠯ ᠵᠡᠷᠭᠡ ᠨᠢ ᠵᠢᠷᠦᠭᠡ ᠴᠢᠰᠦᠨ ᠰᠤᠳᠠᠯ ᠤᠨ ᠡᠪᠡᠳᠴᠢᠨ ᠤ ᠠᠶᠤᠯ ᠢ ᠪᠠᠭᠠᠰᠬᠠᠵᠤ ᠮᠡᠳᠡᠨ᠎ᠠ᠂ ᠹᠯᠠᠸᠤᠨ ᠤ ᠵᠦᠢᠯ ᠪᠠ ᠰᠢᠷ᠎ᠡ ᠪᠤᠷᠴᠠᠭ ᠤᠨ ᠪᠦᠲᠦᠭᠡᠭᠳᠡᠭᠦᠨ ᠢᠳᠡᠪᠡᠯ ᠮᠦᠨ ᠠᠳᠠᠯᠢᠬᠠᠨ ᠦᠷ᠎ᠡ ᠳ᠋ᠦᠩ ᠳᠤ ᠬᠦᠷᠴᠦ ᠮᠡᠳᠡᠨ᠎ᠠ᠃ ᠳᠤᠳᠠᠭᠤ ᠦᠭᠡᠭᠦᠨ ᠬᠦᠴᠢᠯ — ᠳᠤᠳᠠᠭᠤ ᠦᠭᠡᠬᠦᠨ ᠬᠦᠴᠢᠯ ᠨᠢ ᠰᠦᠰᠦᠨ ᠤ ᠴᠢᠯᠠᠭᠤᠯᠢᠬ ᠠᠯᠺᠤᠤᠯ ᠤᠨ ᠶᠡᠷᠦᠩᠬᠡᠢ ᠬᠡᠮᠵᠢᠶ᠎ᠠ ᠪᠠ ᠮᠠᠭᠤ ᠰᠦᠰᠦᠨ ᠤ ᠴᠢᠯᠠᠭᠤᠯᠢᠬ ᠠᠯᠺᠤᠤᠯ ᠤᠨ ᠬᠡᠮᠵᠢᠶ᠎ᠠ ᠶᠢ ᠪᠠᠭᠠᠰᠬᠠᠳᠠᠭ᠂ ᠳᠡᠭᠡᠭᠡᠳ ᠨᠡᠶᠢᠯᠡᠮᠡᠯ ᠳᠤᠳᠠᠭᠤ ᠦᠭᠡᠭᠦᠨ ᠬᠦᠴᠢᠯ ᠤᠨ ᠴᠢᠰᠦᠨ ᠳᠠᠬᠢ ᠦᠭᠡᠬᠦ ᠶᠢᠨ ᠳᠦᠪᠰᠢᠨ ᠢ ᠪᠠᠭᠤᠷᠠᠭᠤᠯᠬᠤ ᠦᠢᠯᠡᠳᠦᠯ ᠨᠢ ᠨᠡᠩ ᠰᠠᠶᠢᠨ ᠪᠠᠶᠢᠳᠠᠭ᠃ ᠳᠤᠰᠤᠨ ᠬᠦᠴᠢᠯ ᠪᠤᠯ ᠴᠤᠷ ᠤᠨ ᠭᠠᠭᠴᠠ ᠳᠠᠩ ᠳᠤᠳᠠᠭᠤ ᠦᠭᠡᠭᠦᠨ ᠬᠦᠴᠢᠯ ᠪᠤᠯᠤᠨ᠎ᠠ᠂ ᠭᠤᠤᠯᠳᠠᠭᠤ ᠴᠠᠢ ᠶᠢᠨ ᠳᠤᠰᠤ᠂ ᠠᠷᠤᠷ᠎ᠠ ᠶᠢᠨ ᠳᠤᠰᠤ᠂ ᠰᠢᠯᠢᠮᠳᠡᠭ ᠤᠨ ᠳᠤᠰᠤ ᠪᠠ ᠰᠠᠮᠤᠷ ᠲᠤ ᠠᠭᠤᠯᠤᠭᠳᠠᠵᠤ ᠪᠠᠶᠢᠳᠠᠭ᠃ ᠤᠯᠠᠨ ᠳᠤᠳᠠᠭᠤ ᠦᠭᠡᠭᠦᠨ ᠬᠦᠴᠢᠯ ᠨᠢ ᠭᠤᠤᠯᠳᠠᠭᠤ ᠪᠤᠷᠴᠠᠭ ᠤᠨ ᠳᠤᠰᠤ ᠪᠠ ᠨᠠᠷᠠᠨ ᠬᠤᠸᠠᠷ ᠤᠨ ᠦᠷ᠎ᠡ ᠶᠢᠨ ᠳᠤᠰᠤᠨ ᠳᠠᠬᠢ n-6 ᠨᠡᠶᠢᠮᠡᠯᠡᠯ ᠳᠤᠳᠠᠭᠤ ᠦᠭᠡᠭᠦᠨ ᠬᠦᠴᠢᠯ ᠵᠢᠴᠢ ᠵᠢᠭᠠᠰᠤ ᠪᠠ ᠵᠢᠭᠠᠰᠤᠨ ᠤ ᠳᠤᠰᠤᠨ ᠳᠠᠬᠢ EPA ᠪᠠ DHA ᠠᠴᠠ ᠢᠷᠡᠳᠡᠭ᠃ EPA ᠪᠠ DHA ᠶᠢᠨ ᠭᠯᠢᠼᠧᠷᠢᠨᠳᠦ ᠭᠤᠷᠪᠠᠴᠢ ᠡᠰᠲ᠋ᠧᠷ ᠤᠨ ᠦᠳᠭᠡᠴᠡ ᠶᠢ ᠪᠠᠭᠤᠷᠠᠭᠤᠯᠵᠤ᠂ ᠰᠠᠶᠢᠨ ᠰᠦᠰᠦᠨ ᠤ ᠴᠢᠯᠠᠭᠤᠯᠢᠬ ᠠᠯᠺᠤᠤᠯ ᠢ ᠨᠡᠮᠡᠭᠳᠡᠭᠦᠯᠬᠦ ᠦᠢᠯᠡᠳᠦᠯ ᠨᠢ ᠨᠡᠩ ᠰᠠᠶᠢᠨ ᠪᠠᠶᠢᠳᠠᠭ ᠂ ᠳᠢᠳᠢᠮᠯᠢᠭ ᠵᠢᠷᠦᠭᠡᠨ ᠡᠪᠡᠳᠴᠢᠨ ᠢ ᠰᠡᠷᠭᠡᠶᠢᠯᠡᠬᠦ ᠳᠤ ᠵᠤᠬᠢᠬᠤ ᠦᠢᠯᠡᠳᠦᠯ ᠦᠵᠡᠭᠦᠯᠳᠡᠭ᠃ ᠤᠷᠭᠤᠮᠠᠯ ᠤᠨ ᠭᠤᠨᠠᠨ ᠠᠯᠺᠤᠤᠯ — ᠤᠷᠭᠤᠮᠠᠯ ᠤᠨ ᠭᠤᠨᠠᠨ ᠠᠯᠺᠤᠤᠯ ᠨᠢ ᠰᠦᠰᠦᠨ ᠤ ᠴᠢᠯᠠᠭᠤᠯᠢᠬ ᠠᠯᠺᠤᠤᠯ ᠢ ᠰᠢᠩᠭᠡᠭᠡᠨ ᠠᠪᠬᠤ ᠳᠤ ᠰᠠᠭᠠᠳ ᠬᠢᠬᠦ ᠪᠠᠷ ᠳᠠᠮᠵᠢᠭᠤᠯᠵᠤ᠂ ᠰᠦᠰᠦᠨ ᠤ ᠴᠢᠯᠠᠭᠤᠯᠢᠬ ᠠᠯᠺᠤᠤᠯ ᠤᠨ ᠳᠦᠪᠰᠢᠨ ᠢ ᠪᠠᠭᠤᠷᠠᠭᠤᠯᠬᠤ ᠦᠢᠯᠡᠳᠦᠯ ᠦᠵᠡᠭᠦᠯᠳᠡᠭ᠃ ᠤᠷᠭᠤᠮᠠᠯ ᠤᠨ ᠭᠤᠨᠠᠨ ᠠᠯᠺᠤᠤᠯ ᠨᠢ ᠦᠭᠡᠬᠦ ᠳᠤᠰᠤ ᠪᠠ ᠤᠷᠭᠤᠮᠠᠯ ᠤᠨ ᠲᠦᠷᠦᠯ ᠤᠨ ᠢᠳᠡᠭᠡᠨ ᠳᠤ ᠪᠠᠷᠤᠭ ᠪᠦᠷ ᠪᠠᠶᠢᠳᠠᠭ᠂ ᠵᠢᠱᠢᠶᠡᠯᠡᠪᠡᠯ ᠠᠭᠠᠭ ᠤᠨ ᠳᠤᠰᠤ᠂ ᠡᠷᠳᠡᠨᠢ ᠰᠢᠰᠢ ᠶᠢᠨ ᠳᠤᠰᠤ᠂ ᠮᠠᠭᠠᠵᠢ ᠶᠢᠨ ᠳᠤᠰᠤ᠂ ᠢᠳᠡᠰᠢᠨ ᠨᠤᠭᠤᠭ᠎ᠠ᠂ ᠵᠢᠮᠢᠰ᠂ ᠪᠤᠷᠴᠠᠭ ᠤᠨ ᠵᠦᠢᠯ᠂ ᠰᠠᠮᠤᠷ ᠪᠠ ᠨᠠᠷᠢᠮᠤ ᠶᠢᠨ ᠵᠦᠢᠯ ᠳᠤ ᠪᠦᠷ ᠪᠠᠶᠢᠳᠠᠭ᠃ ᠢᠳᠡᠭᠡᠨ ᠤ ᠰᠢᠷᠭᠡᠭᠯᠢᠭ — ᠤᠯᠠᠩᠭᠢ ᠳᠤᠭᠠᠨ ᠤ ᠢᠳᠡᠭᠡᠨ ᠤ ᠰᠢᠷᠭᠡᠭᠯᠢᠭ ᠤᠨ ᠵᠦᠢᠯ ᠨᠢ ᠪᠦᠷ ᠴᠢᠰᠦᠨ ᠳᠠᠬᠢ ᠰᠦᠰᠦᠨ ᠤ ᠴᠢᠯᠠᠭᠤᠯᠢᠬ ᠠᠯᠺᠤᠤᠯ ᠪᠠ ᠮᠠᠭᠤ ᠰᠦᠰᠦᠨ ᠤ ᠴᠢᠯᠠᠭᠤᠯᠢᠬ ᠠᠯᠺᠤᠤᠯ ᠤᠨ ᠳᠦᠪᠰᠢᠨ ᠢ ᠪᠠᠭᠤᠷᠠᠭᠤᠯᠳᠠᠭ᠂ ᠡᠯᠪᠡᠭ ᠢᠳᠡᠭᠡᠨ ᠤ ᠰᠢᠷᠭᠡᠭᠯᠢᠭ ᠠᠭᠤᠯᠤᠭᠰᠠᠨ ᠴᠤᠯ ᠨᠠᠷᠢᠮᠤ ᠶᠢᠨ ᠳᠦᠷᠦᠯ ᠤᠨ ᠢᠳᠡᠭᠡᠨ᠂ ᠪᠤᠷᠴᠠᠭ ᠤᠨ ᠵᠦᠢᠯ᠂ ᠢᠳᠡᠰᠢᠨ ᠨᠤᠭᠤᠭ᠎ᠠ᠂ ᠵᠢᠮᠢᠰ ᠵᠡᠷᠭᠡ ᠢᠳᠡᠭᠡᠨ ᠨᠢ ᠳᠢᠳᠢᠮᠯᠢᠭ ᠵᠢᠷᠦᠭᠡᠨ ᠡᠪᠡᠳᠴᠢᠨ ᠤ ᠠᠶᠤᠯ ᠢ ᠪᠠᠭᠠᠰᠬᠠᠳᠠᠭ᠃ ᠹᠯᠠᠸᠤᠨ ᠤ ᠵᠦᠢᠯ — ᠹᠯᠠᠸᠦᠨ ᠤ ᠵᠦᠢᠯ ᠪᠤᠯ ᠤᠯᠠᠨ ᠹᠧᠨᠤᠯᠳᠤ ᠬᠢᠮᠢ ᠶᠢᠨ ᠨᠡᠶᠢᠯᠡᠮᠡᠯ ᠪᠤᠳᠠᠰ ᠤᠨ ᠨᠢᠭᠡ ᠲᠦᠷᠦᠯ ᠪᠤᠯᠤᠨ᠎ᠠ᠂ ᠡᠯ᠎ᠠ ᠳᠦᠷᠦᠯ ᠤᠨ ᠰᠢᠨ᠎ᠡ ᠰᠤᠷᠭᠤᠭ ᠢᠳᠡᠰᠢᠨ ᠨᠤᠭᠤᠭ᠎ᠠ ᠪᠠ ᠵᠢᠮᠢᠰ᠂ ᠴᠠᠢ ᠵᠡᠷᠭᠡ ᠳᠤ ᠪᠦᠷ ᠠᠭᠤᠯᠤᠭᠳᠠᠵᠤ ᠪᠠᠶᠢᠳᠠᠭ᠃ ᠰᠤᠳᠤᠯᠭᠠᠨ ᠠᠴᠠ ᠦᠵᠡᠪᠡᠯ᠂ ᠢᠳᠡᠭᠡᠨ ᠤ ᠳᠦᠷᠦᠯ ᠤᠨ ᠹᠯᠠᠸᠤᠨ ᠤ ᠳᠦᠷᠦᠯ ᠢ ᠰᠢᠩᠭᠡᠭᠡᠨ ᠠᠪᠬᠤ ᠨᠢ ᠳᠢᠳᠢᠮᠯᠢᠭ ᠵᠢᠷᠦᠭᠡᠨ ᠡᠪᠡᠳᠴᠢᠨ ᠤ ᠠᠶᠤᠯ ᠢ ᠪᠠᠭᠠᠰᠬᠠᠵᠤ ᠦᠢᠯᠡᠳᠦᠯ ᠲᠠᠢ ᠪᠠᠶᠢᠭ᠎ᠠ ᠠᠵᠢ᠃ ᠡᠭᠦᠨ ᠠᠴᠠ ᠭᠠᠳᠠᠨ᠎ᠠ᠂ ᠢᠳᠡᠰᠢᠨ ᠨᠤᠭᠤᠭ᠎ᠠ ᠵᠢᠮᠢᠰ ᠢᠯᠡᠭᠦᠦ ᠢᠳᠡᠵᠦ ᠺᠠᠯᠢ ᠨᠦᠬᠦᠪᠦᠷᠢᠯᠡᠬᠦ ᠨᠢ ᠴᠢᠰᠦᠨ ᠳᠠᠷᠤᠯᠳᠠ ᠶᠢ ᠳᠤᠭᠳᠠᠪᠤᠷᠢᠵᠢᠭᠤᠯᠬᠤ ᠳᠤ ᠠᠰᠢᠬ ᠲᠠᠢ ᠪᠠᠶᠢᠳᠠᠭ᠃ ᠠᠩᠬᠠᠷᠤᠭᠤᠰᠢᠳᠠᠢ ᠨᠢ ᠸᠢᠲ᠋ᠠᠮᠢᠨ E ᠨᠦᠬᠦᠬᠦ ᠡᠮ ᠨᠢ ᠵᠢᠷᠦᠭᠡ ᠴᠢᠰᠦᠨ ᠰᠤᠳᠠᠯ ᠤᠨ ᠡᠪᠡᠳᠴᠢᠨ ᠲᠠᠢ ᠳᠤᠳᠤᠷᠬᠠᠢ ᠬᠠᠷᠢᠴᠠᠭ᠎ᠠ ᠲᠠᠢ ᠭᠡᠳᠡᠭ ᠢᠯᠡᠷᠡᠭᠦᠯᠦᠯᠳᠡ ᠦᠭᠡᠢ ᠪᠠᠶᠢᠬᠰᠠᠭᠠᠷ᠃ ᠵᠢᠷᠦᠭᠡ ᠴᠢᠰᠦᠨ ᠰᠤᠳᠠᠯ ᠤᠨ ᠢᠳᠡᠭᠡᠨ ᠤ ᠳᠤᠰᠬᠠᠢ ᠵᠤᠷ ᠢᠳᠡᠭᠡᠨ ᠤᠮᠳᠠᠭᠠᠨ ᠪᠤᠯ ᠵᠢᠷᠦᠭᠡ ᠴᠢᠰᠦᠨ ᠰᠤᠳᠠᠯ ᠤᠨ ᠡᠪᠡᠳᠴᠢᠨ ᠢ ᠨᠦᠯᠦᠭᠡᠯᠡᠳᠡᠭ ᠴᠢᠬᠤᠯᠠ ᠡᠯᠧᠮᠧᠨ᠋ᠲ ᠤᠨ ᠨᠢᠭᠡ ᠪᠤᠯᠤᠨ᠎ᠠ᠂ ᠬᠤᠭᠤᠯᠠ ᠪᠠᠨ ︽ᠰᠠᠶᠢᠬᠠᠨ ᠢᠳᠡᠪᠡᠯ︾ ᠳᠤᠤᠷ᠎ᠠ ᠨᠢᠬᠳᠠᠴᠠᠳᠤ ᠦᠭᠡᠬᠦᠳᠤ ᠰᠦᠰᠦᠨ ᠤ ᠴᠢᠯᠠᠭᠤᠯᠢᠬ ᠠᠯᠺᠤᠤᠯ ︵ᠮᠠᠭᠤ ᠰᠦᠰᠦᠨ ᠤ ᠴᠢᠯᠠᠭᠤᠯᠢᠬ ᠠᠯᠺᠤᠤᠯ︶ ᠪᠠ ᠪᠤᠰᠤᠳ ᠵᠢᠷᠦᠭᠡ ᠴᠢᠰᠦᠨ ᠰᠤᠳᠠᠯ ᠡᠪᠡᠳᠴᠢᠨ ᠡᠭᠦᠰᠭᠡᠬᠦ ᠠᠶᠤᠯ ᠲᠠᠢ ᠡᠯᠧᠮᠧᠨ᠋ᠲ ᠢ ᠪᠠᠭᠠᠰᠬᠠᠵᠤ᠂ ᠳᠢᠳᠢᠮᠯᠢᠭ ᠵᠢᠷᠦᠭᠡᠨ ᠡᠪᠡᠳᠴᠢᠨ ᠡᠭᠦᠰᠬᠦ ᠪᠠ ᠦᠬᠦᠯ ᠤᠨ ᠠᠶᠤᠯ ᠢ ᠪᠠᠭᠠᠰᠬᠠᠳᠠᠭ᠃ ᠴᠢ ᠬᠡᠷᠪᠡ ᠶᠠᠭᠠᠬᠢᠵᠦ ᠢᠳᠡᠪᠡᠯ ᠵᠤᠬᠢᠬᠤ ᠶᠢ ᠰᠠᠶᠢᠨ ᠮᠡᠳᠡᠬᠦ ᠦᠭᠡᠢ ᠪᠠᠶᠢᠪᠠᠯ᠂ ᠳᠤᠰᠬᠠᠢ ᠮᠡᠷᠭᠡᠵᠢᠯᠳᠡᠳ ᠤᠨ ᠴᠢᠰᠦᠨ ᠤ ᠦᠭᠡᠬᠦ ᠶᠢᠨ ᠦᠳᠭᠡᠴᠡ ᠦᠨᠳᠦᠷ᠂ ᠯᠤᠬᠰᠢᠭᠤᠨ ᠰᠤᠳᠠᠯ ᠤᠨ ᠴᠢᠰᠦ ᠦᠳᠭᠡᠷᠡᠵᠦ ᠬᠠᠳᠠᠭᠤᠷᠠᠭᠰᠠᠨ᠂ ᠳᠢᠳᠢᠮᠯᠢᠭ ᠵᠢᠷᠦᠭᠡᠨ ᠰᠤᠳᠠᠯ ᠤᠨ ᠡᠪᠡᠳᠴᠢᠳᠡᠨ ᠳᠤ ᠳᠤᠭᠳᠠᠭᠠᠵᠤ ᠦᠭᠭᠦᠭᠰᠡᠨ ᠢᠳᠡᠭᠡᠨ ᠤᠮᠳᠠᠭᠠᠨ ᠤ ᠬᠦᠰᠦᠨᠦᠭᠳᠦ ᠪᠠᠷ ᠯᠠᠪᠯᠠᠯᠳᠠ ᠪᠤᠯᠭᠠᠵᠤ ᠪᠤᠯᠤᠨ᠎ᠠ᠃ ︵︽ᠵᠢᠷᠦᠭᠡ ᠶᠢ ᠬᠠᠮᠠᠭᠠᠯᠠᠬᠤ ᠢᠳᠡᠭᠡᠨ ᠤ ᠤᠮᠳᠠᠭᠠᠨ ᠤ ᠬᠦᠰᠦᠨᠦᠭᠳᠦ︾ ᠶᠢ ᠠᠷᠤ ᠳᠤ ᠳᠠᠭᠠᠯᠳᠤᠭᠤᠯᠪᠠ︶᠃ ᠵᠢᠷᠦᠭᠡ ᠴᠢᠰᠦᠨ ᠰᠤᠳᠠᠯ ᠤᠨ ᠡᠷᠡᠭᠦᠯ ᠮᠡᠨᠳᠦ ᠶᠢᠨ ᠪᠠᠳᠤᠯᠠᠬᠤ ᠳᠤ ᠢᠳᠡᠭᠡᠨ ᠤᠮᠳᠠᠭᠠᠨ ᠤ ᠳᠠᠯ᠎ᠠ ᠪᠠᠷ ᠬᠢᠴᠢᠶᠡᠬᠦ ᠠᠴᠠ ᠭᠠᠳᠠᠨ᠎ᠠ᠂ ᠪᠡᠶ᠎ᠡ ᠶᠢᠨ ᠳᠠᠮᠢᠷ ᠤᠨ ᠪᠤᠯᠪᠠᠰᠤᠷᠠᠯ ᠢ ᠪᠠᠷᠢᠮᠳᠠᠯᠠᠬᠤ ᠭᠡᠷᠡᠭᠳᠡᠢ᠃ ᠡᠳᠦᠷ ᠲᠤ 30 — 40 ᠮᠢᠨᠦ᠋ᠲ᠂ ᠭᠠᠷᠠᠭ ᠲᠤ 5 — 7 ᠡᠳᠦᠷ ᠠᠯᠬᠤᠨ᠎ᠠ᠃ ᠪᠡᠶ᠎ᠡ ᠶᠢᠨ ᠬᠦᠨᠳᠦ ᠨᠢ ᠭᠡᠳᠦᠷᠡᠭᠰᠡᠨ ᠪᠤᠶᠤ ᠮᠠᠷᠢᠶ᠎ᠠ ᠲᠠᠢ ᠬᠦᠮᠦᠰ ᠪᠤᠳᠠᠳᠠᠢ ᠪᠠᠶᠢᠳᠠᠯ ᠢᠶᠠᠨ ᠦᠨᠳᠦᠰᠦᠯᠡᠨ ᠪᠤᠯᠪᠠᠰᠤᠷᠠᠯ ᠤᠨ ᠡᠷᠴᠢᠮ ᠢᠶᠠᠨ ᠵᠤᠬᠢᠰᠳᠠᠢ ᠨᠡᠮᠡᠨ᠎ᠠ᠃ ᠠᠮᠢᠳᠤᠷᠠᠯ ᠤᠨ ᠳᠠᠳᠬᠠᠯ᠂ ᠵᠦᠢ ᠵᠤᠬᠢᠰᠳᠠᠢ ᠢᠳᠡᠭᠡᠨ ᠤᠮᠳᠠᠭᠠᠨ ᠪᠤᠯ ᠵᠢᠷᠦᠭᠡ ᠴᠢᠰᠦᠨ ᠰᠤᠳᠠᠯ ᠤᠨ ᠡᠪᠡᠳᠴᠢᠨ ᠢ ᠰᠡᠷᠭᠡᠶᠢᠯᠡᠬᠦ ᠪᠠ ᠵᠠᠰᠠᠬᠤ ᠰᠠᠭᠤᠷᠢ ᠪᠤᠯᠤᠨ᠎ᠠ᠂ ᠭᠡᠪᠡᠴᠦ ᠡᠮ ᠤᠨ ᠵᠠᠰᠠᠯᠭ᠎ᠠ ᠶᠢ ᠤᠷᠤᠯᠠᠭᠤᠯᠵᠤ ᠪᠤᠯᠬᠤ ᠦᠭᠡᠢ᠃ ᠴᠢᠰᠦᠨ ᠳᠠᠷᠤᠯᠳᠠ᠂ ᠴᠢᠰᠦᠨ ᠤ ᠦᠭᠡᠬᠦ᠂ ᠴᠢᠰᠦᠨ ᠤ ᠰᠢᠬᠢᠷ ᠦᠨᠳᠦᠷ ᠡᠪᠡᠳᠴᠢᠳᠠᠨ ᠪᠠ ᠪᠤᠰᠤᠳ ᠵᠢᠷᠦᠭᠡ ᠴᠢᠰᠦᠨ ᠰᠤᠳᠠᠯ ᠤᠨ ᠡᠪᠡᠳᠴᠢᠨ ᠲᠠᠢ ᠬᠦᠮᠦᠰ ᠢᠳᠡᠭᠡᠨ ᠤᠮᠳᠠᠭᠠᠨ ᠢᠶᠠᠨ ᠵᠤᠬᠢᠰᠳᠠᠢ ᠳᠤᠬᠢᠷᠠᠭᠤᠯᠤᠬᠰᠠᠨ ᠰᠠᠭᠤᠷᠢᠨ ᠳᠡᠭᠡᠷ᠎ᠡ ᠡᠮᠴᠢ ᠶᠢᠨ ᠵᠢᠯᠤᠭᠤᠳᠤᠯᠭ᠎ᠠ ᠪᠠᠷ ᠡᠮ ᠤᠤᠭᠤᠬᠤ ᠴᠢᠬᠤᠯᠠᠳᠠᠢ᠃  
 
ᠢᠷᠡᠯᠲᠡ᠄ ᠰᠢᠯᠢ ᠶᠢᠨ ᠭᠤᠤᠯ ᠠᠶᠢᠮᠠᠭ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2