ᠨᠡᠶᠢᠬᠡᠮ ᠤᠨ ᠠᠵᠤ ᠦᠢᠯᠡᠰ2
ᠨᠡᠶᠢᠲᠡᠯᠡᠭᠰᠡᠨ ᠴᠠᠭ᠄
2019/7/9
    ᠠᠷᠠᠳ ᠲᠦᠮᠡᠨ ᠤ ᠭᠤᠶᠤ ᠰᠠᠶᠢᠬᠠᠨ ᠠᠮᠢᠳᠤᠷᠠᠯ ᠤᠨ ᠨᠠᠶᠢᠳᠠᠯᠭ᠎ᠠ ᠳᠤ ᠬᠠᠨᠳᠤᠭᠤᠯᠤᠨ᠂ ᠤᠯᠠᠭᠠᠨᠴᠠᠪ ᠠᠷᠠᠳ  ᠤᠨ ᠠᠮᠢᠳᠤᠷᠠᠯ ᠤᠨ ᠰᠠᠶᠢᠵᠢᠷᠠᠯᠳᠠ ᠪᠠ ᠨᠡᠶᠢᠭᠡᠮ ᠤᠨ ᠠᠵᠢᠯ ᠦᠢᠯᠡᠰ ᠤᠨ ᠬᠦᠭᠵᠢᠯᠲᠠ ᠶᠢ ᠲᠤᠭᠳᠠᠭᠤᠨ ᠢᠶᠠᠷ ᠲᠦᠯᠬᠢᠨ ᠠᠬᠢᠭᠤᠯᠪᠠ  ᠃ ᠶᠠᠳᠠᠭᠤ ᠶᠢᠨ ᠳᠡᠳᠭᠦᠯᠳᠡ ᠶᠢ ᠨᠡᠭᠡᠭᠡᠨ ᠬᠦᠭᠵᠢᠬᠦᠯᠬᠦ ᠬᠡᠯᠪᠡᠷᠢ᠂ ᠰᠢᠯᠵᠢᠭᠦᠯᠦᠨ ᠨᠡᠬᠦᠯᠬᠡᠬᠦ ᠬᠡᠯᠪᠡᠷᠢ᠂ ᠪᠠᠲᠤᠯᠠᠭᠠᠨ ᠤ ᠬᠡᠯᠪᠡᠷᠢ ᠪᠠᠷ ᠯᠠᠪᠳᠠᠭᠤᠨ ᠪᠠᠳᠤᠳᠠᠢ ᠲᠦᠯᠬᠢᠨ ᠠᠬᠢᠭᠤᠯᠵᠤ᠂ 10 ᠰᠢᠬᠠᠮ ᠶᠠᠳᠠᠭᠤ ᠬᠦᠴᠢᠷᠳᠡᠯ ᠲᠠᠢ ᠬᠦᠮᠦᠨ ᠠᠮᠠ ᠶᠠᠳᠠᠭᠤ ᠠᠴᠠ ᠠᠩᠭᠢᠵᠢᠷᠡᠪᠡ᠃ ᠬᠤᠳᠠ ᠪᠠᠯᠭᠠᠰᠤᠨ  ᠪᠦᠷᠭᠡ ᠭᠡᠷ ᠤᠨ ᠲᠤᠭᠤᠷᠢᠭ ᠤᠨ ᠰᠢᠨᠡᠴᠢᠯᠡᠯᠲᠡ ᠪᠠ ᠳᠠᠷᠢᠶᠠᠯᠠᠬᠤ ᠮᠠᠯᠵᠢᠬᠤ ᠤᠷᠤᠨ ᠤ ᠠᠶᠤᠯᠳᠠᠢ ᠭᠡᠷ ᠪᠠᠶᠢᠰᠢᠩ ᠤᠨ ᠰᠢᠨᠡᠴᠢᠯᠡᠯᠲᠡ  ᠨᠢ ᠬᠤᠳᠠ ᠬᠦᠳᠡᠭᠡ ᠶᠢᠨ 50 ᠭᠠᠷᠤᠢ ᠲᠦᠮᠡᠨ ᠬᠦᠮᠦᠨ ᠠᠮᠠ ᠳᠤ ᠠᠰᠢᠭ ᠬᠦᠷᠳᠡᠭᠡᠪᠡ᠃ ᠪᠤᠢ ᠪᠦᠬᠦᠢ ᠬᠤᠤᠷᠳᠤ ᠬᠠᠪᠤᠳᠠᠷ ᠢ ᠴᠦᠮ ᠬᠦᠨᠳᠦ ᠡᠪᠡᠳᠴᠢᠨ ᠤ ᠳᠠᠩᠰᠠ ᠴᠠᠶᠢᠯᠭᠠᠬᠤ ᠬᠡᠪᠴᠢᠶᠡᠨ ᠲᠤᠳᠤᠷ᠎ᠡ ᠤᠷᠤᠭᠤᠯᠵᠤ᠂ ᠬᠤᠳᠠ ᠪᠠᠯᠭᠠᠰᠤᠨ ᠤ ᠡᠮᠨᠡᠯᠭᠡ ᠶᠢᠨ ᠳᠠᠭᠠᠳᠬᠠᠯ᠂ ᠬᠦᠳᠡᠭᠡ ᠲᠤᠰᠬᠤᠨ ᠤ ᠰᠢᠨ᠎ᠡ ᠮᠠᠶ᠋ᠢᠭ ᠤᠨ ᠬᠤᠷᠰᠢᠭᠰᠠᠨ ᠡᠮᠨᠡᠯᠭᠡ ᠳᠤ ᠬᠦᠬᠡᠬᠤᠳᠠ ᠪᠤᠭᠤᠳᠤ ᠤᠨᠳᠤᠤ ᠭᠠᠵᠠᠷ ᠳᠠᠭᠠᠳᠬᠠᠯ ᠳᠤ ᠤᠷᠤᠯᠴᠠᠬᠤ ᠪᠠ ᠡᠮᠨᠡᠭᠦᠯᠬᠦ ᠶᠢ ᠳᠡᠷᠡ ᠳᠠᠷᠤᠢ ᠳᠤᠨᠢ ᠳᠠᠰᠤᠯᠠᠨ ᠪᠤᠳᠤᠬᠤ ᠶᠢ ᠪᠡᠶᠡᠯᠡᠬᠦᠯᠵᠤ᠂ ᠬᠤᠲᠠ ᠰᠢᠶᠠᠨ ᠰᠢᠶᠠᠩ ᠲᠤᠰᠬᠤᠨ ᠤ ᠲᠦᠷᠪᠡᠨ ᠱᠠᠲᠤᠨ ᠤ ᠡᠮᠨᠡᠯᠭᠡ ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠰᠢᠰᠲ᠋ᠧᠮᠵᠢ ᠤᠯᠠᠮ ᠴᠢᠨᠠᠭᠰᠢᠳᠠ ᠪᠦᠷᠢᠨᠰᠢᠪᠡ᠃ ᠰᠤᠶᠤᠯ ᠪᠡᠶ᠎ᠡ ᠳᠠᠮᠢᠷ᠂ ᠰᠤᠷᠭᠠᠨ ᠬᠦᠮᠦᠵᠢᠯ ᠰᠢᠨᠵᠢᠯᠡᠭᠡᠨ ᠮᠡᠷᠭᠡᠵᠢᠯ᠂ ᠠᠷᠠᠳ ᠤᠨ ᠶᠠᠪᠤᠳᠠᠯ ᠠᠴᠠ ᠵᠠᠮᠳᠡᠭ ᠢ ᠳᠡᠮᠵᠢᠬᠦ ᠵᠡᠷᠭᠡ ᠨᠡᠶᠢᠭᠡᠮ ᠤᠨ ᠡᠯ᠎ᠡ ᠲᠦᠷᠦᠯ ᠤᠨ ᠠᠵᠢᠯ ᠦᠢᠯᠡᠰ ᠪᠦᠬᠦ ᠳᠠᠯ᠎ᠠ ᠪᠠᠷ ᠳᠡᠪᠰᠢᠪᠡ᠃ ᠬᠤᠲᠠ ᠬᠦᠳᠡᠭᠡ ᠶᠢᠨ ᠳᠤᠮᠳᠠᠴᠢ ᠡᠵᠡᠮᠳᠡᠵᠤ ᠪᠤᠯᠬᠤ ᠤᠷᠤᠯᠭ᠎ᠠ ᠲᠤᠰᠪᠤᠷᠢ 24848 ᠲᠦᠭᠦᠷᠢᠭ ᠪᠠ 858 ᠲᠦᠭᠦᠷᠢᠭ ᠲᠤ ᠬᠦᠷᠴᠦ᠂ ᠲᠤᠰᠪᠤᠷᠢ 9% ᠪᠠ10% ᠪᠠᠷ ᠨᠡᠮᠡᠭᠳᠡᠪᠡ᠃ ᠣᠯᠠᠭᠠᠨᠴᠠᠪ ︽ᠪᠦᠬᠦ ᠤᠯᠤᠰ ᠤᠨ ᠳᠠᠪᠤᠨ ᠤᠳᠤᠨ ᠳᠡᠰ ᠤᠨ ᠨᠢᠭᠦᠯᠡᠰᠦᠩᠭᠦᠢ ᠶᠢᠨ ᠬᠤᠳᠠ︾᠂ ︽ᠪᠦᠬᠦ ᠤᠯᠤᠰ ᠤᠨ ᠬᠠᠮᠤᠭ ᠤᠨ ᠵᠤᠯ ᠵᠢᠷᠭᠠᠯ ᠲᠠᠢ ᠰᠠᠨᠠᠭᠳᠠᠬᠤ ᠬᠤᠲᠠ︾᠂ ︽ᠤᠯᠤᠰ ᠤᠨ ᠴᠡᠴᠡᠷᠯᠢᠭᠲᠦ ᠬᠤᠲᠠ︾᠂ ︽ᠤᠯᠤᠰ ᠤᠨ ᠡᠷᠡᠭᠦᠯ ᠬᠠᠮᠠᠭᠠᠯᠠᠯ ᠤᠨ ᠬᠤᠲᠠ︾᠂ ︽ᠲᠦᠷᠪᠡᠳᠦᠭᠡᠷ ᠬᠤᠭᠤᠴᠠᠭᠠᠨ  ᠤ ᠪᠦᠬᠦ ᠤᠯᠤᠰ ᠤᠨ ᠤᠷᠤᠨ ᠤ ᠪᠤᠯᠪᠠᠰᠤᠨ ᠤ ᠬᠤᠲᠠ ᠪᠠᠷ ᠨᠡᠷ᠎ᠡ ᠲᠤᠷᠠᠳᠤᠭᠰᠠᠨ ᠬᠤᠲᠠ︾᠂ ︽ᠠᠩᠬᠠᠳᠤᠭᠠᠷ ᠬᠤᠭᠤᠴᠠᠭᠠᠨ ᠤ ᠪᠦᠬᠦ ᠤᠯᠤᠰ ᠤᠨ ᠢᠳᠡᠭᠡᠨ ᠤ ᠠᠶᠤᠯ ᠦᠭᠡᠢ ᠠᠷᠪᠡᠨ ᠰᠤᠳᠤᠨ ᠬᠤᠲᠠ  ︾ ᠵᠡᠷᠭᠡ ᠮᠠᠰᠢ ᠤᠯᠠᠨ ᠢᠷᠡᠭᠤ ᠠᠯᠳᠠᠷ ᠨᠡᠷ᠎ᠡ ᠴᠤᠯᠠ ᠶᠢ ᠤᠯᠪᠠ᠃       1. ᠠᠷᠠᠳ ᠤᠨ ᠠᠮᠢᠳᠤᠷᠠᠯ ᠤᠨ ᠢᠨᠵᠧᠨᠧᠷᠢᠩ       ᠠᠷᠠᠳ ᠤᠨ ᠠᠮᠢᠳᠤᠷᠠᠯ ᠤᠨ ᠪᠠᠳᠤᠯᠠᠭ᠎ᠠ ᠤᠯᠠᠮ ᠬᠦᠴᠦᠨ ᠲᠠᠢ ᠪᠤᠯᠪᠠ᠃ ᠢᠮᠠᠭᠳᠠ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠪᠠᠷ ᠪᠦᠬᠦ ᠬᠤᠲᠠ ᠶᠢᠨ ᠠᠵᠢᠯ ᠤᠨ ᠭᠠᠷᠤᠴᠠ ᠪᠠ ᠵᠤᠭᠰᠤᠴᠠ ᠪᠤᠯᠭᠠᠵᠤ᠂ ᠠᠷᠠᠳ  ᠤᠨ ᠠᠮᠢᠳᠤᠷᠠᠯ ᠤᠨ ᠭᠤᠤᠯᠳᠠᠯᠭ᠎ᠠ ᠲᠠᠢ ᠵᠠᠷᠤᠯᠭ᠎ᠠ ᠶᠢ ᠤᠷᠢᠳᠠᠪᠡᠷ ᠪᠠᠲᠤᠯᠠᠪᠠ᠃ 2015 ᠣᠨ ᠳᠤ᠂ ᠦᠪᠡᠷᠳᠡᠭᠡᠨ ᠵᠠᠰᠠᠬᠤ ᠣᠷᠤᠨ ᠠᠴᠠ ᠮᠠᠨ ᠤ ᠬᠤᠲᠠ ᠳᠤ ᠡᠳ᠋ ᠤᠨ ᠵᠠᠰᠠᠭ ᠢᠶᠠᠷ ᠶᠠᠳᠠᠭᠤ ᠶᠢ ᠳᠡᠳᠭᠦᠭᠦ ᠳᠤᠰᠬᠠᠢ ᠮᠦᠩᠭᠦ 4.698 ᠳ᠋ᠦᠩᠰᠢᠭᠤᠷ ᠪᠠᠭᠤᠯᠭᠠᠪᠠ᠃ ᠪᠦᠬᠦ ᠬᠤᠳᠠ ᠦᠷᠬᠦᠯᠵᠢᠯᠡᠨ 561 ᠶᠠᠳᠠᠭᠤ ᠬᠦᠴᠢᠷᠳᠡᠯ ᠲᠠᠢ ᠭᠠᠴᠠᠭ᠎ᠠ ᠲᠤᠰᠬᠤᠨ ᠳᠤ ︽ᠭᠤᠷᠪᠠ ᠶᠢ ᠲᠤᠰᠬᠤᠨ ᠳᠤ ᠬᠦᠷᠦᠬᠦᠯᠬᠦ᠂ ᠭᠤᠷᠪᠡ ᠶᠢ ᠡᠷᠦᠭᠡ ᠳᠤ ᠬᠦᠷᠦᠬᠦᠯᠬᠦ︾ ᠶᠢ ᠬᠡᠷᠡᠭᠵᠢᠬᠦᠯᠵᠤ᠂ ᠲᠤᠰᠬᠤᠨ ᠪᠤᠯᠭᠠᠨ  ᠳᠤ ᠦᠪᠡᠷᠳᠡᠭᠡᠨ ᠵᠠᠰᠠᠬᠤ ᠤᠷᠤᠨ ᠠᠴᠠ 45 ᠲᠦᠮᠡᠨ ᠲᠦᠭᠦᠷᠢᠭ ᠤᠨ ᠪᠡᠯᠡ ᠤᠷᠤᠭᠤᠯᠵᠤ᠂ ᠲᠦᠷᠦᠯ ᠵᠦᠢᠯ ᠨᠢ ᠳᠠᠩᠰᠠ ᠡᠪᠬᠡᠮᠡᠯ ᠤᠨ ᠺᠠᠷᠲ ᠲᠠᠢ ᠶᠠᠳᠠᠭᠤ ᠬᠦᠴᠢᠷᠳᠡᠯ ᠲᠠᠢ ᠨᠡᠶᠢᠲᠡ 29 ᠲᠦᠮᠡ ᠭᠠᠷᠤᠢ ᠬᠦᠮᠦᠨ ᠳᠤ ᠪᠦᠷᠬᠦᠬᠦᠯᠪᠡ᠃ ᠮᠦᠩᠭᠦᠨ ᠭᠦᠢᠯᠬᠡᠬᠡ ᠪᠠᠷ ᠶᠠᠳᠠᠭᠤ ᠶᠢ ᠳᠡᠳᠭᠦᠨ ᠠᠷᠠᠳ ᠢ ᠪᠠᠶᠠᠵᠢᠭᠤᠯᠬᠤ ᠢᠨᠵᠧᠨᠧᠷᠢᠩ ᠤᠨ ᠵᠢᠭᠡᠯᠡᠯᠭᠡ ᠶᠢᠨ ᠮᠦᠩᠭᠦ ᠨᠡᠶᠢᠲᠡ 22.425 ᠳ᠋ᠦᠩᠰᠢᠭᠤᠷ ᠲᠠᠯᠪᠢᠵᠤ᠂ 20339 ᠲᠠᠷᠢᠶᠠᠴᠢᠨ ᠡᠷᠤᠭᠡ᠂19 ᠠᠵᠤ ᠠᠬᠤᠶᠢᠯᠠᠯ ᠳᠤ ᠪᠦᠷᠬᠦᠬᠦᠪᠡ᠃ ᠡᠭᠦᠨ ᠳᠤ 2015 ᠣᠨ ᠳᠤ 12.45 ᠳ᠋ᠦᠩᠰᠢᠭᠤᠷ ᠲᠦᠭᠦᠷᠢᠭ ᠤᠨ ᠵᠢᠭᠡᠯᠡᠯᠭᠡ ᠶᠢᠨ ᠮᠦᠩᠭᠦ ᠰᠢᠨ᠎ᠡ ᠪᠠᠷ ᠨᠡᠮᠡᠭᠳᠡᠭᠦᠯᠵᠤ᠂ ᠵᠢᠯ ᠤᠨ 9 ᠲᠦᠮᠡᠨ ᠲᠦᠭᠦᠷᠢᠭ ᠤᠨ ᠵᠢᠭᠡᠯᠡᠯᠭᠡ ᠶᠢᠨ ᠡᠭᠦᠷᠬᠡ 138.3% ᠶᠢ ᠪᠡᠶᠡᠯᠡᠭᠦᠯᠪᠡ᠃2015 ᠣᠨ ᠳᠤ᠂ ᠮᠦᠩᠭᠦᠨ ᠭᠦᠢᠯᠭᠡᠭᠡᠨ ᠤ ᠰᠠᠯᠠᠭ᠎ᠠ ᠮᠦᠴᠢᠷ 8 ᠬᠤᠰᠢᠭᠤ ᠰᠢᠶᠠᠨ ᠳᠤ ᠭᠡᠨᠡᠨ ᠲᠦᠭᠰᠢᠭᠦᠷᠢ  ᠶᠢᠨ ᠪᠠᠲᠤᠯᠠᠭᠠᠨ ᠤ ᠪᠠᠷᠢᠴᠠᠭᠠᠨ ᠤ ᠮᠦᠩᠭᠦ ᠨᠡᠶᠢᠳᠠ 5132 ᠲᠦᠮᠡ ᠬᠠᠳᠠᠭᠠᠯᠠᠵᠤ᠂ 173 ᠶᠠᠳᠠᠭᠤ ᠬᠦᠴᠢᠷᠳᠡᠯ  ᠲᠠᠢ ᠭᠠᠴᠠᠭ᠎ᠠ ᠲᠤᠰᠬᠤᠨ ᠤ ᠪᠡᠯᠡ ᠮᠦᠩᠭᠦ ᠶᠢ 10 ᠳᠠᠬᠢᠨ ᠨᠡᠮᠡᠭᠳᠡᠭᠦᠯᠬᠦ ᠠᠵᠢᠯ ᠬᠢᠵᠤ᠂ ᠳᠠᠷᠢᠶᠠᠴᠢᠨ ᠮᠠᠯᠴᠢᠨ  ᠳᠤ ᠨᠡᠶᠢᠳᠠ 15068 ᠲᠦᠮᠡᠨ ᠲᠦᠭᠦᠷᠢᠭ ᠤᠨ ᠵᠢᠭᠡᠯᠡᠯᠭᠡ ᠳᠠᠠᠯᠪᠢᠵᠤ᠂ 7534 ᠡᠷᠦᠭᠡ ᠳᠠᠷᠢᠶᠠᠴᠢᠨ ᠮᠠᠯᠴᠢᠨ ᠠᠰᠢᠭ ᠬᠦᠷᠳᠡᠪᠡ᠃ ᠪᠠᠭ᠎ᠠ ᠲᠤᠭᠠᠨ ᠤ ᠵᠢᠬᠡᠯᠡᠯᠬᠡ ᠶᠢᠨ ᠮᠦᠩᠭᠦ ᠶᠢᠨ ᠲᠦᠷᠦᠯ ᠵᠦᠢᠯ ᠢ ᠶᠠᠪᠤᠭᠳᠠᠭᠤᠯᠵᠤ᠂ ᠨᠡᠶᠢᠳᠡ 2.4 ᠳ᠋ᠦᠩᠰᠢᠭᠤᠷ ᠲᠦᠭᠦᠷᠢᠭ ᠤᠨ ᠵᠢᠬᠡᠯᠡᠯᠭᠡ ᠳᠠᠯᠪᠢᠵᠤ᠂ 2.6 ᠲᠦᠮᠡᠨ ᠡᠷᠦᠭᠡ ᠳᠠᠷᠢᠶᠠᠴᠢᠨ ᠰᠢᠭᠤᠳ ᠠᠰᠢᠭ ᠬᠦᠷᠳᠡᠪᠡ᠃2015 ᠣᠨ ᠳᠤ ᠠᠮᠢ ᠠᠬᠤᠢ ᠪᠠᠷ ᠬᠡᠪᠡᠷᠡᠭ ᠪᠠᠭᠤᠷᠠᠢ ᠭᠠᠵᠠᠷ ᠤᠷᠤᠨ ᠤ ᠠᠷᠠᠳ ᠢ ᠨᠡᠭᠦᠯᠭᠡᠨ ᠶᠠᠳᠠᠭᠤ ᠶᠢ ᠳᠡᠳᠬᠦᠬᠦ ᠢᠨᠵᠧᠨᠧᠷᠢᠩ ᠳᠤ 45436 ᠲᠦᠮᠡᠨ ᠲᠦᠭᠦᠷᠢᠭ ᠤᠨ ᠶᠡᠷᠦᠩᠭᠡᠢ ᠪᠡᠯᠡ ᠤᠷᠤᠭᠤᠯᠵᠤ᠂ 3634 ᠲᠠᠷᠢᠶᠠᠴᠢᠨ ᠮᠠᠯᠴᠢᠨ ᠡᠷᠤᠬᠡ᠂ 10900 ᠬᠦᠮᠦᠨ ᠢ ᠰᠢᠯᠵᠢᠬᠦᠯᠦᠨ ᠨᠡᠭᠦᠯᠬᠡᠬᠦ ᠪᠠᠷ ᠲᠦᠯᠦᠪᠯᠡᠪᠡ᠃ ᠠᠮᠢ ᠠᠬᠤᠢ  ᠶᠢᠨ ᠨᠡᠭᠦᠳᠡᠯ ᠠᠷᠠᠳ ᠤᠨ ᠤᠷᠤᠨ ᠰᠠᠭᠤᠴᠠ ᠶᠢᠨ ᠠᠰᠠᠷ 12.8 ᠲᠦᠮᠡᠨ ᠳᠡᠭᠰᠢ ᠲᠦᠷᠪᠡᠯᠵᠢᠨ ᠮᠧᠲᠷ ᠪᠠᠶᠢᠭᠤᠯᠵᠤ᠂ ᠠᠮᠢ ᠠᠬᠤᠢ ᠶᠢᠨ ᠨᠡᠭᠦᠳᠡᠯ ᠠᠷᠠᠳ ᠤᠨ ᠤᠷᠤᠨ ᠰᠠᠭᠤᠴᠠ ᠶᠢᠨ ᠪᠠᠶᠢᠰᠢᠩ 10.61 ᠲᠦᠮᠡᠨ ᠳᠡᠭᠰᠢ ᠲᠦᠷᠪᠡᠯᠵᠢᠨ ᠮᠧᠲᠷ ᠰᠢᠨ᠎ᠡ ᠪᠠᠷ ᠪᠠᠶᠢᠭᠤᠯᠬᠤ ᠪᠠᠷ ᠲᠦᠯᠦᠪᠯᠡᠪᠡ᠃ ︽ᠦᠭᠶᠡᠮᠤᠷ ᠬᠤᠷ᠎ᠡ ᠲᠦᠯᠦᠪᠯᠡᠭᠡ︾  ᠠᠴᠠ 240 ᠲᠦᠮᠡᠨ ᠲᠦᠭᠦᠷᠢᠭ ᠤᠨ ᠪᠡᠯᠡ ᠤᠷᠤᠭᠤᠯᠵᠤ ᠶᠠᠳᠠᠭᠤ ᠬᠦᠴᠢᠷᠳᠡᠯ ᠲᠢ ᠭᠡᠷ ᠪᠦᠯᠢ ᠶᠢᠨ 1600 ᠦᠷ᠎ᠡ ᠬᠡᠤᠬᠡᠳ ᠢ ᠳᠡᠳᠭᠦᠪᠡ᠃ 2015 ᠤᠨ ᠳᠤ᠂ ᠦᠪᠡᠷᠳᠡᠭᠡᠨ ᠵᠠᠰᠠᠬᠤ ᠤᠷᠤᠨ ᠤ ᠮᠤᠵᠢ ᠶᠢᠨ ᠳᠡᠰ ᠤᠨ 8 ᠤᠳᠤᠷᠢᠳᠬᠤ ᠺᠠᠳ᠋ᠷ ᠤᠯᠤᠰ ᠤᠨ ᠶᠠᠳᠠᠭᠤ ᠶᠢ ᠳᠡᠳᠬᠦᠬᠦ 8 ᠭᠤᠤᠯᠳᠠᠯᠭ᠎ᠠ ᠲᠠᠢ ᠬᠤᠰᠢᠭᠤ ᠰᠢᠶᠠᠨ ᠳᠤ ᠨᠡᠶᠢᠳᠡ ᠪᠡᠯᠡ ᠤᠷᠤᠭᠤᠯᠤᠯᠲᠠ 6.49 ᠳ᠋ᠦᠩᠰᠢᠭᠤᠷ ᠲᠦᠭᠦᠷᠢᠭ ᠢ ᠵᠤᠬᠢᠴᠠᠭᠤᠯᠤᠨ ᠰᠢᠢᠳᠪᠤᠷᠢᠯᠡᠵᠤ ᠦᠭᠪᠡ᠃ ᠪᠡᠬᠡᠵᠢᠩ ᠦᠪᠦᠷ ᠮᠤᠩᠭᠤᠯ ᠤᠨ ᠶᠠᠳᠠᠭᠤ ᠶᠢ ᠳᠡᠳᠬᠦᠬᠦ ᠬᠠᠮᠵᠢᠯᠴᠠᠭᠠᠨ ᠠᠴᠠ11 ᠺᠠᠳ᠋ᠷ ᠢ ᠰᠢᠯᠢᠨ ᠲᠤᠮᠢᠯᠠᠵᠤ ᠲᠦᠷ ᠴᠠᠭ  ᠤᠨ ᠲᠤᠰᠢᠶᠠᠯ ᠬᠠᠷᠢᠭᠤᠴᠠᠭᠤᠯᠵᠤ᠂ ᠬᠠᠮᠲᠤᠴᠠᠯᠴᠠᠭᠠᠨ ᠤ ᠲᠦᠷᠦᠯ ᠵᠦᠢᠯ 9.1 ᠪᠡᠯᠡ ᠤᠷᠤᠭᠤᠯᠤᠯᠲᠠ 338.2 ᠳ᠋ᠦᠩᠰᠢᠭᠤᠷ ᠲᠦᠭᠦᠷᠢᠭ ᠳᠡᠳᠠᠨ ᠤᠷᠤᠭᠤᠯᠵᠤ᠂ ᠨᠡᠶᠢᠳᠠ ᠬᠠᠪᠰᠤᠷᠤᠨ ᠳᠡᠳᠭᠦᠭᠦ ᠪᠡᠯᠡ ᠮᠦᠩᠭᠦ 3950 ᠲᠦᠮᠡᠨ ᠲᠦᠭᠦᠷᠢᠭ ᠪᠡᠯᠡ ᠤᠷᠤᠭᠤᠯᠪᠡ᠃ ᠲᠦᠪ ᠤᠨ 8 ᠤᠯᠤᠰ ᠤᠨ ᠪᠠᠶᠢᠭᠤᠯᠭ᠎ᠠ ᠮᠠᠨ ᠤ ᠬᠤᠲᠠ ᠶᠢᠨ ᠤᠯᠤᠰ ᠤᠨ ᠶᠠᠳᠠᠭᠤ ᠬᠦᠴᠢᠷᠳᠡᠯ ᠲᠠᠢ 8 ᠭᠤᠤᠯᠳᠠᠯᠭ᠎ᠠ ᠲᠠᠢ ᠬᠤᠰᠢᠭᠤ ᠰᠢᠶᠠᠨ ᠢ ᠴᠢᠭ᠋ ᠲᠤᠭᠳᠠᠭᠠᠨ ᠲᠡᠳᠭᠦᠵᠤ᠂ ᠬᠠᠮᠳᠤᠷᠠᠯᠴᠠᠭᠠᠨ ᠤ ᠲᠦᠷᠦᠯ ᠵᠦᠢᠯ 53 ᠳᠠᠳᠠᠨ ᠤᠷᠤᠭᠤᠯᠵᠤ᠂ ᠶᠠᠳᠠᠭᠤ ᠶᠢ ᠳᠡᠳᠬᠦᠬᠦ ᠲᠦᠷᠦᠯ ᠵᠦᠢᠯ 10 ᠶᠢ ᠶᠠᠪᠤᠭᠳᠠᠭᠤᠯᠵᠤ᠂ 1581.8 ᠲᠦᠮᠡᠨ ᠲᠦᠭᠦᠷᠢᠭ ᠤᠨ ᠪᠡᠯᠡ ᠤᠷᠤᠭᠤᠯᠪᠡ᠃ ᠦᠪᠡᠷᠳᠡᠭᠡᠨ ᠵᠠᠰᠠᠬᠤ ᠤᠷᠤᠨ ᠤ 66 ᠲᠢᠩᠭᠢᠮ ᠲᠤᠪᠴᠢᠶ᠎ᠡ ᠲᠦᠷᠦᠯ ᠵᠦᠢᠯ ᠳᠠᠳᠠᠨ ᠤᠷᠤᠭᠤᠯᠵᠤ ᠪᠡᠯᠡ ᠤᠷᠤᠭᠤᠯᠤᠯᠲᠠ 519 ᠲᠦᠮᠡᠨ ᠲᠦᠭᠦᠷᠢᠭ ᠪᠡᠶᠡᠯᠡᠭᠦᠯᠵᠤ᠂ ᠬᠠᠪᠰᠤᠷᠤᠨ ᠳᠡᠮᠵᠢᠬᠦ ᠮᠦᠩᠭᠦ ᠨᠡᠶᠢᠳᠡ 986.41 ᠲᠦᠮᠡᠨ ᠲᠦᠭᠦᠷᠢᠭ ᠤᠷᠤᠭᠤᠯᠪᠡ᠃ ᠠᠷᠠᠳ  ᠠᠴᠠ ᠡᠵᠡᠩᠨᠡᠭᠰᠡᠨ ᠠᠵᠤ ᠠᠬᠤᠶᠢᠯᠠᠯ ᠤᠨ ᠲᠦᠷᠦᠯ ᠵᠦᠢᠯ ᠢ ᠳᠡᠳᠠᠨ ᠤᠷᠤᠭᠤᠯᠵᠤ ᠪᠡᠯᠡ ᠤᠷᠤᠭᠤᠯᠤᠯᠲᠠ 50 ᠲᠦᠮᠡᠨ ᠲᠦᠭᠦᠷᠢᠭ ᠪᠡᠶᠡᠯᠡᠬᠦᠯᠵᠤ ᠬᠠᠪᠰᠤᠷᠤᠨ ᠳᠡᠳᠭᠦᠭᠦ ᠪᠡᠯᠡ ᠮᠦᠩᠭᠦ ᠨᠡᠶᠢᠳᠡ 322 ᠲᠦᠮᠡᠨ ᠲᠦᠭᠦᠷᠢᠭ ᠤᠷᠤᠭᠤᠯᠪᠡ᠃ ᠬᠤᠳᠠ ᠰᠢᠠᠶ᠋ᠨ ᠤ ᠪᠠᠶᠢᠭᠤᠯᠭ᠎ᠠ᠂ ᠠᠵᠤ ᠦᠢᠯᠡᠰ ᠠᠵᠢᠯ ᠦᠢᠯᠡᠰ ᠤᠨ ᠨᠢᠭᠡᠴᠢ ᠴᠢᠭ᠋ ᠲᠤᠭᠳᠠᠭᠠᠵᠤ ᠂ ᠲᠦᠷᠦᠯ ᠵᠦᠢᠯ ᠤᠷᠤᠭᠤᠯᠤᠨ ᠪᠡᠯᠡ ᠤᠷᠤᠭᠤᠯᠤᠯᠲᠠ 899.92 ᠲᠦᠮᠡᠨ ᠲᠦᠭᠦᠷᠢᠭ ᠪᠡᠶᠡᠯᠡᠬᠦᠯᠵᠤ᠂ ᠬᠠᠪᠰᠤᠷᠤᠨ‌‍ᠲ᠋ᠡᠳᠭᠦᠭᠦ ᠪᠡᠯᠡ ᠮᠦᠩᠭᠦ 5140.19 ᠲᠦᠮᠡᠨ ᠲᠦᠭᠦᠷᠢᠭ ᠤᠷᠤᠭᠤᠯᠪᠠ᠃ ᠨᠡᠶᠢᠭᠡᠮ ᠤᠨ ᠪᠡᠯᠡ ᠮᠦᠩᠭᠦ 1854.2 ᠲᠦᠮᠡᠨ ᠲᠦᠭᠦᠷᠢᠭ ᠴᠤᠭᠯᠠᠭᠤᠯᠵᠤ᠂ ︽ᠶᠠᠳᠠᠭᠤ ᠶᠢᠨ ᠳᠡᠳᠬᠦᠯᠳᠡ ᠡᠳᠦᠷ︾ ᠤᠨ ᠠᠵᠢᠯᠯᠠᠭᠠᠨ ᠳᠠᠭᠠᠨ 1624.2 ᠲᠦᠮᠡᠨ ᠲᠦᠭᠦᠷᠢᠭ ᠴᠤᠭᠯᠠᠭᠤᠯᠪᠠ᠃ ᠣᠯᠠᠭᠠᠨᠴᠠᠪ ᠢᠮᠠᠭᠳᠠ ︽ᠠᠷᠪᠠ ᠶᠢ ᠦᠪᠴᠢ ᠪᠦᠷᠬᠦᠬᠦᠯᠬᠦ︾ ᠢᠨᠵᠧᠨᠧᠷᠢᠩ ᠪᠠ ︽ᠳᠠᠪᠤᠨ ᠬᠤᠲᠠ ᠶᠢ ᠬᠠᠮᠳᠤ  ᠳᠤᠨᠢ ᠴᠤᠭᠴᠠᠯᠠᠬᠤ︾ ᠪᠠᠷ ᠠᠷᠠᠳ ᠤᠨ ᠠᠮᠢᠳᠣᠷᠠᠯ ᠤᠨ ᠢᠨᠵᠧᠨᠧᠷᠢᠩ᠂ ᠬᠦᠭᠵᠢᠯᠳᠡ ᠵᠢᠨ‌ᠢᠨᠵᠧᠨᠧᠷᠢᠩ᠂ ᠠᠷᠠᠳ  ᠤᠨ ᠰᠡᠳᠬᠢᠯᠬᠡ ᠵᠢᠨ‌ᠢᠨᠵᠧᠨᠧᠷᠢᠩ᠂ ᠰᠠᠭᠤᠷᠢ ᠶᠢ ᠴᠢᠩᠭᠠᠯᠠᠵᠤ ᠤᠭ ᠢ ᠪᠡᠯᠭᠡᠯᠡᠬᠦ ᠢᠨᠵᠧᠨᠧᠷᠢᠩ ᠪᠤᠯᠭᠠᠵᠤ᠂ ᠬᠤᠳᠠ ᠬᠦᠳᠡᠭᠡ ᠶᠢᠨ ᠲᠦᠷᠰᠦ ᠪᠠᠶᠢᠳᠠᠯ ᠳᠤ ᠲᠤᠭᠳᠤ ᠴᠢᠨᠠᠷ ᠲᠠᠢ ᠠᠤᠭ᠎ᠠ ᠬᠤᠪᠢᠷᠠᠯᠲᠠ ᠭᠠᠷᠴᠤ᠂ ᠬᠤᠳᠠ ᠬᠦᠳᠡᠭᠡ ᠶᠢᠨ ᠤᠶᠤᠨ ᠤ ᠪᠤᠯᠪᠠᠰᠤᠨ ᠤ ᠬᠢᠷᠢ ᠬᠡᠮᠵᠢᠶ᠎ᠡ ᠮᠡᠳᠡᠭᠳᠡᠬᠦᠶᠢᠴᠡ ᠳᠡᠭᠡᠭᠰᠢᠯᠡᠪᠡ᠃ ︽ᠠᠷᠪᠡ ᠶᠢ ᠦᠪᠴᠢ ᠪᠦᠷᠬᠦᠬᠦᠯᠬᠦ︾ ᠢᠨᠵᠧᠨᠧᠷᠢᠩ᠂ ᠦᠵᠡᠯ ᠰᠠᠨᠠᠭ᠎ᠠ ᠲᠠᠨᠢᠯᠲᠠ ᠪᠠᠨ ᠳᠠᠰᠤᠷᠠᠯᠳᠠ ᠦᠭᠡᠢ ᠬᠦᠨᠵᠡᠭᠡᠶᠢᠷᠡᠭᠦᠯᠵᠤ᠂ ᠠᠵᠢᠯ ᠤᠨ ᠰᠡᠳᠬᠢᠴᠡ  ᠪᠠᠨ ᠳᠡᠬᠦᠯᠳᠡᠷᠵᠢᠬᠦᠯᠵᠤ᠂ ᠲᠦᠷᠦ ᠶᠢᠨ ᠪᠤᠳᠤᠯᠭ᠎ᠠ ᠠᠷᠭ᠎ᠠ ᠪᠠᠷᠢᠯ ᠢᠶᠠᠨ ᠰᠢᠨᠡᠴᠢᠯᠡᠵᠤ᠂ ᠪᠤᠳᠠᠳᠣ ᠭᠠᠵᠠᠷ᠂ ᠪᠤᠳᠠᠳᠤ ᠬᠡᠷᠡᠭᠯᠡᠬᠡᠨ᠂ ᠪᠤᠳᠠᠳᠤ ᠦᠷ᠎ᠡ ᠠᠰᠢᠭ ᠪᠠ ᠶᠠᠭᠤ ᠳᠣᠳᠠᠭᠳᠠᠪᠡᠯ ᠶᠠᠭᠤ ᠶᠢ ᠨᠢ ᠨᠦᠬᠦᠪᠦᠷᠢᠯᠡᠬᠦ ᠵᠠᠷᠴᠢᠮ ᠢ ᠢᠮᠠᠭᠳᠠ ᠪᠠᠷᠢᠮᠳᠠᠯᠵᠤ᠂ ᠤᠯᠠᠨ ᠲᠦᠮᠡᠨ ᠤ ᠭᠤᠤᠯ ᠴᠤᠭᠴᠠ ᠶᠢᠨ ᠦᠢᠯᠡᠳᠦᠯ ᠢ ᠬᠠᠮᠤᠭ ᠤᠨ ᠶᠡᠭᠡ ᠬᠡᠮᠵᠢᠶ᠎ᠡ ᠪᠠᠷ ᠪᠠᠳᠠᠷᠠᠭᠤᠯᠵᠤ᠂ ᠳᠠᠷᠢᠶᠠᠯᠠᠬᠤ ᠮᠠᠯᠵᠢᠬᠤ ᠤᠷᠤᠨ᠂ ᠵᠢᠵᠢᠭ ᠬᠤᠳᠠ ᠪᠠᠯᠭᠠᠰᠤ ᠪᠠ ᠲᠦᠪ ᠬᠤᠳᠠ ᠲᠤᠭᠤᠷᠢᠭ ᠭᠤᠷᠪᠠᠨ ᠲᠤᠮᠤ ᠤᠷᠤᠨ ᠲᠤᠭᠤᠷᠢᠭ ᠤᠨ ᠪᠦᠲᠦᠭᠡᠨ ᠪᠠᠶᠢᠭᠤᠯᠤᠯᠲᠠ ᠶᠢᠨ ᠠᠵᠢᠯ ᠢ ᠨᠢᠭᠡᠲᠦᠯᠲᠡᠢ ᠲᠦᠯᠦᠪᠯᠡᠪᠡ᠃ ᠲᠠᠷᠢᠶᠠᠯᠠᠬᠤ ᠮᠠᠯᠵᠢᠬᠤ ᠤᠷᠤᠨ ᠤ ᠲᠦᠷᠰᠦ ᠪᠠᠶᠢᠳᠠᠯ ᠳᠤ ᠲᠤᠭᠳᠤ ᠴᠢᠨᠠᠷᠳᠠᠢ ᠠᠤᠭ᠎ᠠ ᠬᠤᠪᠢᠷᠠᠯᠲᠠ ᠭᠠᠷᠭᠠᠬᠤ ᠶᠢ ᠲᠦᠯᠬᠢᠨ ᠠᠬᠢᠭᠤᠯᠵᠤ᠂ ᠦᠷᠭᠡᠨ ᠤᠯᠠᠨ ᠲᠠᠷᠢᠶᠠᠴᠢᠨ ᠮᠠᠯᠴᠢᠨ ᠤ ᠵᠤᠯ ᠵᠢᠷᠭᠠᠯᠳᠤ ᠰᠡᠳᠬᠢᠯᠬᠡ ᠪᠠ ᠬᠦᠷᠳᠡᠭᠡᠯᠳᠤ ᠰᠡᠳᠬᠢᠯᠬᠡ ᠶᠢ ᠦᠷᠬᠦᠯᠵᠢᠯᠡᠨ ᠨᠡᠮᠡᠭᠳᠡᠬᠦᠯᠵᠤ᠂ ᠺᠠᠳ᠋ᠷ ᠤᠯᠠᠨ ᠲᠦᠮᠡᠨ ᠤ ᠬᠠᠷᠢᠴᠠᠭ᠎ᠠ ᠤᠯᠠᠮ ᠡᠶ᠎ᠡ ᠵᠤᠬᠢᠴᠠᠯ ᠲᠠᠢ ᠪᠤᠯᠵᠤ ᠲᠠᠷᠢᠶᠠᠴᠢᠨ ᠮᠠᠯᠴᠢᠨ ᠤ ᠰᠡᠳᠬᠢᠯᠭᠡ ᠰᠠᠨᠠᠭ᠎ᠠ ᠤᠯᠠᠮ ᠠᠭᠤᠵᠢᠮ ᠳᠠᠯᠪᠢᠭᠤ ᠪᠤᠯᠵᠤ᠂ ᠨᠡᠶᠢᠭᠡᠮ ᠨᠡᠶᠢᠳᠡ ᠤᠯᠠᠮ ᠡᠶᠡᠪᠡᠷᠬᠦᠤ ᠲᠤᠭᠳᠠᠭᠤᠨ ᠪᠤᠯᠵᠤ᠂ ᠴᠢᠨᠡᠭᠡᠯᠢᠭ ᠨᠡᠶᠢᠭᠡᠮ ᠢ ᠪᠦᠬᠦ ᠳᠠᠯ᠎ᠠ ᠪᠠᠷ ᠪᠠᠶᠢᠭᠤᠯᠬᠤ ᠢᠳᠡᠭᠡᠯ ᠵᠤᠷᠢᠭ ᠤᠯᠠᠮ ᠪᠠᠲᠤᠵᠢᠵᠤ᠂ ᠬᠦᠳᠡᠭᠡ ᠲᠤᠰᠬᠤᠨ ᠮᠠᠯᠵᠢᠬᠤ ᠤᠷᠤᠨ ᠳᠠᠬᠢ ᠨᠡᠮ ᠤᠨ ᠲᠦᠷᠦ ᠪᠠᠷᠢᠬᠤ ᠶᠢᠨ ᠰᠠᠭᠤᠷᠢ ᠤᠯᠠᠮ ᠪᠡᠬᠡᠵᠢᠪᠡ᠃ ᠪᠦᠬᠦ ᠵᠢᠯ ᠳᠤ ᠪᠦᠬᠦ ᠬᠤᠳᠠ ᠪᠠᠷ ᠢᠶᠠᠨ 66 ᠳ᠋ᠦᠩᠰᠢᠭᠤᠷ ᠲᠦᠭᠦᠷᠢᠭ ᠤᠷᠤᠭᠤᠯᠤᠯᠲᠠ ᠶᠢ ᠪᠡᠶᠡᠯᠡᠬᠦᠯᠵᠤ᠂ 668 ᠵᠠᠰᠠᠭ ᠵᠠᠬᠢᠷᠭᠠᠨ ᠤ ᠲᠤᠰᠬᠤᠨ ᠤ ︽ᠠᠷᠪᠡ ᠶᠢ ᠦᠪᠴᠢ ᠪᠦᠷᠬᠦᠬᠦᠯᠬᠦ ᠢᠨᠵᠧᠨᠧᠷᠢᠩ︾ ᠢ ᠶᠡᠪᠤᠭᠳᠠᠭᠤᠯᠪᠠ᠃ ᠠᠶᠤᠯᠳᠠᠢ ᠭᠡᠷ ᠪᠠᠶᠢᠰᠢᠩ ᠢ ᠦᠬᠡᠷᠡᠴᠢᠯᠡᠵᠤ ᠰᠢᠨ᠎ᠡ ᠪᠠᠷ ᠪᠠᠷᠢᠬᠤ᠂ ᠰᠠᠯᠪᠢᠨ ᠵᠠᠰᠠᠵᠤ ᠪᠠᠬᠢᠯᠡᠬᠦ᠂ ᠰᠢᠯᠵᠢᠭᠦᠯᠦᠨ ᠲᠤᠬᠢᠷᠠᠭᠤᠯᠬᠤ ᠳᠠᠭᠠᠨ 5.8 ᠲᠦᠮᠡᠨ ᠡᠷᠦᠭᠡ ᠶᠢᠨ ᠪᠠᠷᠢᠯᠭ᠎ᠠ ᠶᠢᠨ ᠠᠵᠢᠯ ᠢ ᠪᠠᠷᠠᠭᠠᠵᠤ᠂ ᠦᠪᠡᠷᠳᠡᠭᠡᠨ ᠵᠠᠰᠠᠬᠤ ᠤᠷᠤᠨ ᠤ ᠲᠤᠷᠤᠭᠰᠢ ᠪᠠᠭᠤᠯᠭᠠᠭᠰᠠᠨ ᠲᠦᠯᠦᠪᠯᠡᠭᠡ 3.8 ᠲᠦᠮᠡᠨ ᠡᠷᠦᠭᠡ ᠶᠢᠨ 154% ᠶᠢ ᠪᠡᠶᠡᠯᠡᠬᠦᠯᠪᠡ︔ ᠲᠤᠰᠬᠤᠨ ᠢ ᠴᠡᠭᠴᠡᠯᠡᠨ ᠵᠠᠰᠠᠵᠤ ᠰᠤᠯᠠ ᠪᠠᠶᠢᠭ᠎ᠠ ᠠᠶᠤᠯᠳᠠᠢ ᠭᠡᠷ ᠪᠠᠶᠢᠰᠢᠩ ᠢ ᠨᠤᠷᠠᠭᠠᠭᠰᠠᠨ ᠪᠠ ᠴᠡᠭᠴᠡᠯᠡᠨ ᠵᠠᠰᠠᠭᠰᠠᠨ ᠲᠠᠭᠠᠯᠳᠠ ᠭᠡᠷ᠂ ᠫᠧᠩ ᠬᠤᠷᠤᠭ᠎ᠠ 14.2 ᠲᠦᠮᠡᠨ ᠳᠠᠰᠤᠯᠭ᠎ᠠ︔ ᠠᠮᠤᠷ ᠲᠦᠪᠰᠢᠨ ᠤᠤᠭᠤᠬᠤ ᠤᠰᠤᠨ ᠤ ᠪᠠᠷᠢᠯᠭ᠎ᠠ 614 ᠭᠠᠵᠠᠷ᠂ 15.4 ᠲᠦᠮᠡᠨ ᠬᠦᠮᠦᠨ ᠳᠤ ᠬᠦᠷᠪᠡ︔ 1014 ᠳᠤᠰᠬᠤᠨ᠂ 3411 ᠺᠢᠯᠤᠮᠧᠲᠷ ᠵᠡᠭᠡᠯᠢ ᠭᠤᠳᠤᠮᠵᠢ ᠶᠢᠨ ᠬᠠᠳᠠᠭᠤᠷᠠᠭᠤᠯᠤᠯᠳᠠ ᠶᠢᠨ ᠠᠵᠢᠯ ᠢ ᠪᠠᠷᠠᠭᠠᠪᠠ᠃ ᠳᠤᠰᠬᠤᠨ ᠪᠤᠯᠭᠠᠨ ᠳᠤ ᠴᠠᠬᠢᠯᠭᠠᠨ ᠨᠡᠪᠳᠡᠷᠡᠬᠦᠯᠬᠦ ᠵᠢᠴᠢ ᠴᠠᠬᠢᠯᠠᠭᠠᠨ ᠳᠣᠣᠷ ᠤᠨ ᠳᠡᠰ ᠳᠡᠪᠰᠢᠬᠦᠯᠦᠨ ᠰᠢᠨᠡᠴᠢᠯᠡᠬᠦ ᠪᠠᠷᠢᠯᠭ᠎ᠠ ᠳᠠᠭᠠᠨ 303 ᠡᠷᠦᠭᠡ ᠪᠠ 1 ᠬᠢᠯᠢ ᠶᠢᠨ ᠰᠡᠷᠭᠡᠶᠢᠯᠡᠯᠲᠡ ᠶᠢᠨ ᠬᠠᠷᠠᠭᠤᠯ ᠤᠨ ᠭᠠᠵᠠᠷ ᠲᠤ ᠲᠤᠤᠷ ᠴᠠᠬᠢᠯᠭᠠᠨ ᠢ ᠨᠡᠪᠳᠡᠷᠡᠭᠦᠯᠪᠡ︔ ᠲᠤᠰᠬᠤᠨ ᠪᠤᠯᠭᠠᠨ ᠳᠤ ᠷᠠᠳᠢᠤ᠋ ᠲᠧᠯᠸᠢᠰ ᠴᠢᠮᠡᠭᠡ ᠬᠤᠯᠪᠤᠭ᠎ᠠ ᠨᠡᠪᠳᠡᠷᠡᠬᠦᠯᠬᠦ ᠳᠡᠭᠡᠨ ᠡᠷᠦᠭᠡ ᠪᠤᠯᠭᠠᠨ ᠳᠤ ᠨᠡᠪᠳᠡᠷᠡᠬᠦᠯᠬᠦ ᠶᠢ 22159 ᠡᠷᠦᠭᠡ ᠳᠤ ᠤᠷᠤᠭᠤᠯᠵᠤ ᠷᠠᠳᠢᠤ᠋ ᠪᠠᠷ ᠭᠠᠵᠠᠷ ᠳᠡᠭᠡᠷ᠎ᠡ ᠠᠴᠠ ᠬᠦᠯᠢᠶᠡᠨ ᠠᠪᠬᠤ ᠲᠤᠭᠠᠴᠢᠯᠠᠭᠰᠠᠨ ᠢ ᠪᠦᠷᠬᠦᠬᠦᠯᠬᠦ ᠢᠨᠵᠧᠨᠧᠷᠢᠩ 6 ᠷᠠᠳᠢᠤ᠋ ᠲᠧᠯᠸᠢᠰ ᠲᠤᠰᠬᠤᠨ ᠪᠤᠯᠭᠠᠨ ᠳᠤ ᠲᠤᠤᠭᠤᠷᠬᠤ ᠳᠤ 1330 ᠪᠠᠷᠢᠯᠭ᠎ᠠ ᠶᠢᠨ ᠠᠵᠢᠯ ᠢ ᠪᠠᠷᠠᠭᠠᠪᠠ᠃ ᠰᠤᠷᠭᠠᠭᠤᠯᠢ ᠶᠢᠨ ᠪᠠᠶᠢᠷᠢ ᠶᠢᠨ ᠪᠦᠲᠦᠭᠡᠨ ᠪᠠᠶᠢᠭᠤᠯᠤᠯᠲᠠ ᠰᠢᠨᠡᠴᠢᠯᠡᠯᠲᠡ ᠲᠡᠭᠡᠨ 20 ᠰᠤᠷᠭᠠᠭᠤᠯᠢ 21115 ᠳᠡᠭᠰᠢ ᠲᠦᠷᠪᠡᠯᠵᠢᠨ ᠮᠧᠲᠷ ᠤᠨ ᠠᠵᠢᠯ  ᠪᠠᠷᠠᠭᠠᠪᠠ᠃ ᠪᠠᠷᠢᠮᠵᠢᠶᠠᠵᠢᠭᠰᠡᠨ ᠡᠷᠡᠭᠦᠯ ᠬᠠᠮᠠᠭᠠᠯᠠᠯ ᠤᠨ ᠲᠠᠰᠤᠭ 529 ᠶᠢᠨ ᠠᠵᠢᠯ ᠢ ᠪᠠᠷᠠᠭᠠᠪᠠ︔ ᠭᠠᠴᠠᠭ᠎ᠠ ᠲᠤᠰᠬᠤᠨ ᠤ ᠰᠤᠶᠤᠯ ᠤᠨ ᠠᠵᠢᠯᠯᠠᠭᠠᠨ ᠤ ᠲᠠᠰᠤᠭ 633 ᠶᠢᠨ ᠠᠵᠢᠯ ᠢ ᠪᠠᠷᠠᠭᠠᠪᠠ︔ ᠠᠷᠠᠳ ᠲᠤ ᠲᠦᠭᠦᠮ ᠦᠵᠡᠬᠦᠯᠬᠦ ᠬᠤᠯᠪᠤᠭᠠᠳᠤ ᠴᠢᠯᠦᠭᠡᠳᠤ ᠳᠡᠯᠬᠡᠭᠦᠷ690 ᠳᠠᠸᠡᠷ ᠢ ᠲᠤᠬᠢᠷᠠᠭᠤᠯᠤᠨ ᠬᠦᠷᠭᠡᠬᠦ ᠲᠦᠪ ᠤᠨ 4 ᠤᠨ ᠠᠵᠢᠯ ᠢ ᠪᠠᠷᠠᠭᠠᠪᠠ᠃        ᠲᠠᠷᠢᠶᠠᠯᠠᠬᠤ ᠮᠠᠯᠵᠢᠬᠤ ᠣᠷᠣᠨ ᠤ ᠪᠠᠶᠢᠩᠭᠤ ᠰᠠᠭᠤᠭ᠎ᠠ ᠬᠦᠮᠣᠨ ᠠᠮᠨ ᠶᠢᠨ ᠨᠠᠰᠣᠵᠢᠯ ᠤᠨ ᠢᠡᠵᠧᠨᠧᠷᠢᠩ  ᠢ 36 ᠲᠦᠮᠠᠨ ᠬᠦᠮᠣᠨ ᠳᠤ ᠪᠠᠶᠠᠯᠠᠬᠦᠯᠵᠤ ᠦᠡᠳᠣᠷ ᠨᠠᠰᠣᠨ ᠤ ᠬᠦᠷᠳᠠᠬᠡᠮᠵᠢ ᠶᠢ 5.5 ᠲᠦᠮᠠᠨ ᠬᠦᠮᠣᠨ ᠳᠤ ᠪᠠᠶᠠᠯᠠᠬᠦᠯᠵᠣ᠂ ᠦᠪᠠᠷᠳᠠᠬᠡᠨ ᠵᠠᠰᠠᠬᠤ ᠣᠷᠣᠨ ᠠᠴᠠ ᠲᠣᠷᠣᠬᠰᠢ ᠪᠠᠭᠤᠯᠭᠠᠬᠰᠠᠨ ᠲᠦᠯᠣᠪᠯᠡᠭᠡ 36 ᠲᠦᠮᠠᠨ ᠬᠦᠮᠣᠨ᠂ 3.5 ᠲᠦᠮᠠᠨ ᠬᠦᠮᠣᠨ ᠤ 100%  ᠪᠠ  157% ᠶᠢ ᠲᠣᠰᠪᠣᠷᠢ ᠪᠠᠶᠠᠯᠠᠬᠦᠯᠵᠣ᠂ ᠡᠳ᠋ᠯᠠᠬᠦ ᠶᠣᠰᠣᠳᠠᠢ  ᠨᠢ  ᠠᠯᠢ ᠪᠣᠯᠬᠤ ᠪᠠᠷ ᠡᠳ᠋ᠯᠠᠬᠦᠯᠬᠦ ᠶᠢ ᠪᠡᠶᠠᠯᠠᠬᠦᠯᠪᠠ᠃        ︽ᠲᠠᠪᠣᠨ ᠬᠤᠳᠠ ᠶᠢ ᠬᠠᠮᠳᠣ ᠳᠤᠨᠢ ᠴᠣᠬᠴᠠᠯᠠᠬᠤ ︵ᠲᠠᠷᠣᠢ ᠪᠦᠬᠦ ᠣᠯᠣᠰ ᠤᠨ ᠪᠣᠯᠪᠠᠰᠣᠨ ᠬᠤᠳᠠ᠂ ᠣᠯᠣᠰ ᠤᠨ ᠴᠡᠴᠡᠷᠯᠢᠭᠳᠦ ᠬᠤᠳᠠ᠂ ᠡᠷᠠᠬᠦᠯ ᠬᠠᠮᠠᠭᠠᠯᠠᠯ ᠤᠨ ᠬᠤᠳᠠ᠂ ᠣᠷᠴᠢᠨ ᠲᠣᠭᠤᠷᠢᠨ ᠤ ᠬᠠᠮᠠᠭᠠᠯᠠᠯᠳᠠ ᠶᠢᠨ ᠵᠢᠱᠢᠶᠠᠴᠢ ᠬᠤᠳᠠ᠂ ᠢᠳᠠᠬᠡᠨ ᠤ ᠠᠮᠣᠷ ᠲᠦᠪᠰᠢᠨ ᠤ ᠬᠤᠳᠠ ᠶᠢ ᠴᠣᠬᠴᠠᠯᠠᠨ᠎ᠠ︶ ᠪᠣᠯ ᠠᠷᠠᠣᠨ ᠤᠨ ᠠᠮᠢᠳᠣᠷᠠᠯ ᠢ ᠰᠠᠶᠢᠵᠢᠷᠠᠭᠤᠯᠬᠤ᠂ ᠣᠯᠠᠨ ᠲᠦᠮᠠᠨ ᠤ ᠵᠣᠯ ᠵᠢᠷᠭᠠᠯ ᠤᠨ ᠢᠯᠠᠣᠠᠬᠡᠭᠴᠢ ᠶᠢ ᠲᠠᠬᠡᠭᠰᠢᠯᠠᠬᠦᠯᠬᠦ ᠣᠳᠠᠭᠠᠨ ᠲᠠᠭᠠᠮᠠᠭᠠᠢ ᠨᠠᠶᠢᠳᠠᠮ ᠳᠤᠨᠢ ᠠᠰᠢᠭ ᠬᠦᠷᠳᠠᠬᠡᠬᠦ ᠢᠡᠵᠧᠨᠧᠷᠢᠩ ᠮᠦᠨ᠃ ︽ᠲᠠᠪᠣᠨ ᠬᠤᠳᠠ ᠶᠢ ᠬᠠᠮᠳᠣ ᠳᠤᠨᠢ ᠴᠣᠬᠴᠠᠯᠠᠬᠤ︾  ᠶᠢ ᠬᠦᠳᠠᠯᠬᠡᠵᠣ ᠶᠠᠪᠣᠬᠳᠠᠭᠤᠯᠣᠬᠰᠠᠨ ᠨᠢᠬᠡ ᠵᠢᠯ ᠤᠨ ᠲᠣᠷᠰᠢ᠂ ᠣᠯᠣᠰ ᠤᠨ ᠴᠡᠴᠡᠷᠯᠢᠭᠳᠦ ᠬᠤᠳᠠ ᠶᠢ ᠠᠮᠵᠢᠯᠳᠠ  ᠪᠠᠷ ᠴᠣᠬᠴᠠᠯᠠᠪᠠ᠃ ᠪᠦᠬᠦ ᠣᠯᠣᠰ ᠤᠨ ᠣᠶᠣᠨ ᠤ ᠪᠣᠯᠪᠠᠰᠣᠨ ᠤ ᠬᠤᠳᠠ ᠶᠢ ᠴᠣᠬᠴᠠᠯᠠᠬᠤ ᠠᠵᠢᠯ᠂ ᠲᠦᠪ ᠤᠨ ᠪᠣᠯᠪᠠᠰᠣᠨ ᠤ ᠵᠦᠪᠯᠠᠯ ᠤᠨ ᠨᠢᠬᠡᠳᠣᠬᠡᠷ ᠵᠢᠯ ᠤᠨ ᠰᠢᠯᠭᠠᠨ ᠬᠢᠨᠠᠯᠳᠠ ᠬᠡᠮᠵᠢᠨ ᠲᠣᠬᠳᠠᠭᠠᠯᠳᠠ ᠶᠢ ᠠᠮᠵᠢᠯᠳᠠ ᠲᠠᠢ ᠦᠩᠬᠡᠷᠠᠬᠡᠵᠣ᠂ ᠪᠦᠬᠦ ᠣᠯᠣᠰ ᠤᠨ ᠬᠤᠳᠠ ᠶᠢᠨ ᠲᠣᠳᠣᠷ᠎ᠠ 8  ᠳ᠋ᠣᠭᠠᠷ ᠲᠤ ᠪᠠᠶᠢᠷᠢᠯᠠᠵᠣ ᠪᠦᠬᠦ ᠣᠷᠣᠨ ᠤ 6 ᠭᠤᠶᠣᠴᠢᠯᠠᠯ ᠮᠠᠳᠠᠬᠦᠯᠣᠭ᠍ᠰᠠᠨ ᠬᠤᠳᠠ ᠶᠢᠨ ᠲᠣᠳᠣᠷ᠎ᠡ 1  ᠳ᠋ᠣᠬᠡᠷ ᠳᠤ ᠪᠠᠶᠢᠷᠢᠯᠠᠪᠠ᠃ ᠣᠯᠣᠰ ᠤᠨ ᠡᠷᠠᠬᠦᠯ ᠬᠠᠮᠠᠭᠠᠯᠠᠯ ᠤᠨ ᠬᠤᠳᠠ ᠶᠢ ᠠᠮᠵᠢᠯᠳᠠ ᠲᠠᠢ ᠪᠠᠷ ᠴᠣᠬᠴᠠᠯᠠᠪᠠ᠂ ᠣᠯᠣᠰ ᠤᠨ ᠣᠷᠴᠢᠨ ᠲᠣᠭᠤᠷᠢᠨ ᠤ ᠬᠠᠮᠠᠭᠠᠯᠳᠠ  ᠶᠢᠨ ᠵᠢᠱᠢᠶᠠᠴᠢ ᠬᠤᠳᠠ ᠶᠢ ᠴᠣᠬᠴᠠᠯᠠᠬᠤ ᠠᠵᠢᠯ ᠱᠠᠳᠣᠴᠢ  ᠴᠢᠨᠠᠷ ᠲᠠᠢ ᠦᠷ᠎ᠠ ᠪᠦᠳᠣᠬᠡᠯ ᠣᠯᠪᠠ  ᠃       ︽ᠲᠠᠪᠣᠨ ᠬᠤᠳᠠ ᠶᠢ ᠬᠠᠮᠳᠣ ᠳᠤᠨᠢ ᠴᠣᠬᠴᠠᠯᠠᠬᠤ︾ ᠶᠢ ᠪᠦᠬᠦ ᠲᠠᠯ᠎ᠠ ᠪᠠᠷ ᠬᠦᠡᠵᠠᠬᠡᠢ ᠶᠠᠪᠣᠬᠳᠠᠭᠤᠯᠬᠤ  ᠪᠠᠷ ᠲᠠᠮᠵᠢᠵᠣ᠂ ᠬᠤᠳᠠ ᠶᠢᠨ ᠲᠦᠷᠢ ᠲᠦᠷᠬᠦ᠂ ᠣᠷᠣᠨ ᠰᠠᠭᠤᠴᠨ ᠶᠢᠨ ᠬᠢᠷᠢ ᠲᠦᠪᠰᠢᠨ ᠪᠠ ᠣᠯᠠᠨ ᠲᠦᠮᠠᠨ ᠤ ᠵᠣᠯ ᠵᠢᠷᠭᠠᠯ ᠤᠨ ᠢᠯᠠᠣᠠᠬᠡᠭᠴᠢ ᠶᠡᠭᠡ ᠬᠡᠮᠵᠢᠶ᠎ᠠ ᠪᠠᠷ ᠲᠠᠬᠡᠭᠰᠢᠯᠠᠪᠠ᠃ ᠲᠦᠪ ᠬᠤᠳᠠ ᠲᠣᠭᠤᠷᠢᠭ ᠤᠨ ᠵᠠᠮ ᠱᠣᠭᠤᠮ ᠂ ᠲᠦᠪᠯᠡᠷᠡᠩᠭᠦᠢ ᠢᠯᠴᠢ ᠬᠠᠩᠭᠠᠯᠳᠠ᠂ ᠬᠤᠭ ᠨᠣᠪᠰᠢ ᠪᠤᠵᠠᠷ ᠣᠰᠣ ᠰᠢᠢᠣᠠᠪᠣᠷᠢᠯᠠᠬᠦ᠂ ᠨᠣᠭᠤᠭᠠᠷᠠᠭᠤᠯᠣᠯᠳᠠ ᠵᠡᠷᠬᠡ  ᠶᠢᠨ ᠬᠦᠢᠴᠠᠣᠠᠬᠡᠬᠦ ᠲᠤᠭ᠎ᠠ ᠴᠦᠮ ᠦᠪᠠᠷᠳᠠᠬᠡᠨ ᠵᠠᠰᠠᠬᠤ ᠣᠷᠣᠨ ᠤ ᠲᠣᠮᠳᠠᠬᠢ ᠬᠢᠷᠢ ᠲᠦᠪᠰᠢᠨ ᠳᠤ ᠬᠦᠷᠣᠭ᠍ᠰᠠᠨ ᠪᠣᠶᠣ ᠲᠠᠪᠠᠵᠣ  ᠂ ︽ᠭᠤᠷᠪᠡᠨ ᠠᠭᠤᠯᠨ ᠬᠤᠶᠠᠷ ᠭᠤᠣᠯ︾ ᠬᠤᠳᠠ ᠶᠢᠨ ᠢᠯᠠᠣᠠᠬᠡᠬᠦ ᠴᠢᠨᠠᠷ ᠪᠦᠬᠦᠢ ᠦᠵᠠᠮᠣᠷᠢ ᠪᠣᠯᠵᠣ᠂ ᠦᠪᠠᠷᠳᠠᠬᠡᠨ ᠵᠠᠰᠠᠬᠤ ᠣᠷᠣᠨ ᠤ ︽ᠣᠷᠣᠨ ᠰᠠᠭᠤᠴᠨ ᠶᠢᠨ ᠣᠷᠴᠢᠨ ᠲᠣᠭᠤᠷᠢᠨ ᠤ ᠦᠯᠢᠬᠡᠷ ᠲᠠᠭᠤᠷᠢᠶᠠᠯ ᠤᠨ ᠱᠠᠩᠨᠠᠯ︾ ᠢ ᠣᠯᠪᠠ᠃                2   ᠰᠣᠷᠭᠠᠨ ᠬᠦᠮᠣᠵᠢᠯ ᠴᠢᠳᠠᠪᠣᠷᠢᠳᠠᠨ     ᠰᠣᠷᠭᠠᠨ ᠬᠦᠮᠣᠵᠢᠯ ᠤᠨ ᠣᠶᠢᠯᠠᠰ ᠢ ᠣᠷᠢᠳᠠᠪᠡᠷ ᠬᠦᠭᠵᠢᠬᠦᠯᠬᠦ᠂ ᠣᠷᠢᠣᠠᠴᠢᠯᠠᠨ ᠬᠦᠭᠵᠢᠬᠦᠯᠬᠦ ᠶᠢ ᠪᠠᠷᠢᠮᠳᠠᠯᠠᠵᠣ᠂ ᠬᠦᠴᠣ ᠪᠠᠨ ᠰᠢᠪᠠᠭ᠋ᠠᠵᠣ᠂ ᠰᠣᠷᠭᠠᠭᠤᠯᠢ ᠡᠷᠬᠢᠯᠡᠬᠦ ᠨᠦᠬᠦᠴᠡᠯ ᠢ ᠰᠠᠶᠢᠵᠢᠷᠠᠭᠤᠯᠵᠣ᠂ ᠰᠣᠷᠭᠠᠨ ᠬᠦᠮᠣᠵᠢᠯ ᠤᠨ ᠦᠬᠡᠷᠡᠴᠢᠯᠡᠯᠲᠡ ᠶᠢ ᠲᠦᠯᠬᠢᠨ ᠠᠬᠢᠭᠤᠯᠵᠣ᠂ ᠰᠣᠷᠭᠠᠭᠤᠯᠢ ᠶᠢᠨ ᠵᠠᠬᠢᠷᠣᠯ ᠪᠠ ᠪᠠᠭᠰᠢ ᠶᠢᠨ ᠡᠩᠨᠠᠬᠡᠨ  ᠤ ᠪᠠᠶᠢᠭᠤᠯᠣᠯᠳᠠ ᠶᠢ ᠴᠢᠩᠭᠠᠣᠬᠠᠬᠰᠠ ᠢᠶᠠᠷ ᠰᠣᠷᠭᠠᠨ ᠬᠦᠮᠣᠵᠢᠯ ᠤᠨ ᠣᠶᠢᠯᠠᠰ ᠪᠦᠬᠦ ᠲᠠᠯ᠎ᠠ ᠪᠠᠷ ᠲᠠᠩᠴᠢᠬᠦᠷᠢᠳᠠᠢ ᠬᠦᠭᠵᠢᠪᠠ᠃      2015 ᠣᠨ ᠳᠤ᠂ ᠪᠦᠬᠦ ᠬᠤᠳᠠ ᠶᠢᠨ ᠬᠡᠣᠬᠡᠣᠨ ᠤᠨ ᠴᠠᠴᠡᠷᠯᠢᠭ 93.2 ᠲᠦᠮᠠᠨ ᠭᠠᠷᠣᠢ ᠬᠦᠮᠣᠨ ᠲᠠᠢ ᠪᠠᠶᠢᠵᠣ᠂ ᠰᠣᠷᠬᠤ ᠨᠠᠰᠣᠨ ᠤ ᠡᠮᠣᠨᠠᠬᠢ ᠭᠤᠷᠪᠠᠨ ᠵᠢᠯ ᠴᠠᠴᠡᠷᠯᠢᠭ ᠲᠤ ᠣᠷᠣᠬᠤ ᠨᠣᠷᠮ᠎ᠠ75% ᠪᠣᠯᠵᠣ ᠲᠠᠬᠡᠭᠰᠢᠯᠠᠪᠠ︔ ᠪᠠᠭ᠎ᠠ ᠰᠣᠷᠭᠠᠭᠤᠯᠢ1009  ᠪᠠᠶᠢᠵᠣ᠂ ᠰᠣᠷᠭᠠᠭᠤᠯᠢ ᠲᠣᠮᠳᠠᠴᠢ ᠬᠡᠪᠴᠢᠶ᠎ᠠ 468 ᠬᠦᠮᠣᠨ ᠲᠠᠢ︔ ᠠᠩᠬ᠎ᠠ ᠵᠠᠷᠬᠡ ᠶᠢᠨ ᠲᠣᠮᠳᠠᠳᠣ ᠰᠣᠷᠭᠠᠭᠤᠯᠢ 53᠂ ᠰᠣᠷᠭᠠᠭᠤᠯᠢ ᠶᠢᠨ ᠲᠣᠮᠳᠠᠴᠢ ᠬᠡᠪᠴᠢᠶ᠎ᠠ 932  ᠬᠦᠮᠣᠨ  ᠲᠠᠢ᠂ ᠶᠢᠰᠣᠨ ᠵᠢᠯ ᠤᠨ ᠠᠯᠪᠠᠨ ᠵᠢᠷᠣᠮ ᠤᠨ ᠰᠣᠷᠭᠠᠨ ᠬᠦᠮᠣᠵᠢᠯ ᠤᠨ ᠪᠠᠬᠢᠵᠢᠬᠦᠯᠣᠯᠳᠠ ᠶᠢᠨ ᠨᠣᠷᠮ᠎ᠠ 77.19% ᠪᠠᠶᠢᠵᠣ᠂ ᠠᠳᠠᠯᠢ ᠬᠤᠭᠤᠴᠠᠭᠠᠨ ᠤ ᠬᠢ ᠠᠴᠠ 2.99 ᠵᠠᠭᠤᠨ ᠤ ᠬᠤᠪᠢ ᠪᠠᠷ ᠲᠠᠬᠡᠭᠰᠢᠯᠠᠪᠠ᠃ ᠡᠩ ᠤᠨ ᠦᠡᠳᠣᠷ ᠵᠠᠷᠬᠡ ᠲᠣᠮᠳᠠᠳᠣ ᠰᠣᠷᠭᠠᠭᠤᠯᠢ 21 ᠰᠣᠷᠭᠠᠭᠤᠯᠢ ᠶᠢᠨ ᠲᠣᠮᠳᠠᠴᠢ ᠬᠡᠪᠴᠢᠶ᠎ᠠ 1966  ᠬᠦᠮᠣᠨ ᠲᠠᠢ᠂ 2015 ᠣᠠ ᠳᠤ᠂ ᠪᠦᠬᠦ ᠬᠤᠳᠠ ᠶᠢᠨ ᠡᠩ ᠤᠨ ᠨᠠᠶᠢᠬᠡᠮ ᠤᠨ ᠰᠢᠡᠵᠢᠯᠠᠯ ᠪᠠᠶᠢᠭᠠᠯᠢ ᠶᠢᠨ ᠰᠢᠡᠵᠢᠯᠠᠯ ᠤᠨ ᠬᠤᠪᠢᠨ  ᠳᠤ ᠬᠦᠷᠣᠭ᠍ᠰᠠᠨ ᠨᠣᠷᠮ᠎ᠠ ᠲᠠᠬᠡᠷ᠎ᠠ ᠨᠢᠬᠡ ᠵᠢᠯ ᠤᠨ ᠬᠢ ᠠᠴᠠ 12  ᠵᠠᠭᠤᠨ ᠤ ᠬᠤᠪᠢ ᠨᠠᠮᠩᠳᠠᠪᠡ᠃ ᠲᠣᠮᠳᠠ ᠵᠠᠷᠬᠡ  ᠶᠢᠨ ᠠᠵᠢᠯ ᠮᠠᠷᠬᠡᠵᠢᠯ ᠤᠨ ᠰᠣᠷᠭᠠᠭᠤᠯᠢ 24.1 ᠪᠠᠶᠢᠵᠣ᠂ 31 ᠲᠦᠮᠠᠨ ᠬᠦᠮᠣᠨ ᠲᠠᠢ᠂ ᠡᠯ᠎ᠠ ᠭᠠᠵᠠᠷ ᠲᠤ ᠦᠡᠳᠣᠷ ᠦᠷ᠎ᠠ ᠴᠢᠳᠠᠪᠣᠷᠢ ᠲᠠᠢ ᠲᠠᠬᠦᠰᠣᠭ᠍ᠰᠠᠨ ᠰᠣᠷᠣᠬᠴᠢ100 ᠭᠠᠷᠣᠢ ᠬᠦᠷᠬᠡᠵᠣ᠂ ᠠᠵᠢᠯ ᠣᠯᠭᠤᠯᠳᠠ ᠶᠢᠨ ᠨᠣᠷᠮ᠎ᠠ 95% ᠳᠤ ᠬᠦᠷᠪᠠ᠃ ᠦᠠᠳᠣᠰᠣᠳᠠᠨ ᠤ ᠡᠯ᠎ᠠ ᠲᠦᠷᠣᠯ ᠤᠨ ᠰᠣᠷᠭᠠᠭᠤᠯᠢ 14 ᠪᠠᠶᠢᠶᠢᠵᠣ᠂ 6452  ᠬᠦᠮᠣᠨ ᠲᠠᠢ᠂ ᠮᠣᠩᠭᠤᠯ ᠢᠶᠠᠷ ᠬᠢᠴᠢᠶᠠᠯᠯᠠᠬᠦ ᠡᠩ ᠤᠨ ᠪᠠᠶᠢᠭᠠᠯᠢ ᠶᠢᠨ ᠰᠢᠡᠵᠢᠯᠠᠯ ᠨᠠᠶᠢᠬᠡᠮ ᠤᠨ ᠰᠢᠡᠵᠢᠯᠠᠯ ᠤᠨ ᠬᠤᠪᠢᠨ ᠳᠤ ᠬᠦᠷᠣᠭ᠍ᠰᠠᠨ ᠨᠣᠷᠮ᠎ᠠ 100% ᠳᠤ ᠬᠦᠷᠴᠣ᠂ ᠨᠠᠶᠢᠬᠡᠮ ᠤᠨ ᠰᠢᠡᠵᠢᠯᠠᠯ ᠪᠠᠶᠢᠭᠠᠯᠢ ᠶᠢᠨ ᠰᠢᠡᠵᠢᠯᠠᠯ ᠤᠨ ᠬᠤᠪᠢᠨ ᠳᠤ ᠬᠦᠷᠣᠭ᠍ᠰᠠᠨ ᠨᠣᠷᠮ᠎ᠠ 60% ᠳᠤ ᠬᠦᠷᠴᠣ᠂ ᠦᠪᠠᠷᠳᠠᠬᠡᠨ ᠵᠠᠰᠠᠬᠤ ᠣᠷᠣᠨ ᠤ ᠲᠠᠷᠢᠬᠦᠨ ᠳᠤ ᠣᠷᠣᠪᠠ       ᠴᠢᠳᠠᠪᠣᠷᠢᠳᠠᠨ ᠢ ᠲᠠᠳᠠᠬᠤ᠂ ᠴᠢᠳᠠᠪᠣᠷᠢᠳᠠᠨ ᠢ  ᠬᠦᠮᠣᠵᠢᠬᠦᠯᠬᠦ᠂ ᠴᠢᠳᠠᠪᠣᠷᠢᠳᠠᠨ ᠢ ᠴᠣᠬᠯᠠᠷᠠᠭᠤᠯᠬᠤ ᠵᠠᠩᠬᠢᠯᠭ᠎ᠠ ᠶᠢᠨ ᠬᠤᠭᠤᠴᠠᠭ᠎ᠠ ᠶᠢ ᠪᠠᠷᠢᠵᠣ᠂ ᠴᠢᠳᠠᠪᠣᠷᠢᠳᠠᠨ ᠤ ᠬᠦᠴᠣᠨ ᠪᠦᠬᠦᠢ ᠪᠠᠳᠣᠯᠠᠭ᠎ᠠ ᠪᠠ ᠣᠶᠣᠨ ᠤ ᠲᠣᠯᠭᠠᠭᠤᠷᠢ ᠶᠢ ᠬᠠᠩᠭᠠᠪᠠ᠃ ︽ᠠᠷᠪᠠᠨ ᠲᠣᠮᠣ  ᠪᠣᠯᠬᠤ  ᠵᠠᠭᠤᠨ ᠬᠦᠮᠣᠨ ᠤ ᠲᠦᠯᠣᠪᠯᠡᠭᠡ︾᠂  ︽ᠲᠠᠯ᠎ᠠ ᠨᠣᠳᠤᠭ ᠤᠨ ᠰᠣᠳᠣᠨ ᠴᠢᠳᠠᠪᠣᠷᠢᠳᠠᠨ ᠤ ᠢᠡᠵᠧᠨᠧᠷᠢᠩ︾ ᠢᠶᠠᠷ ᠲᠣᠬᠢᠶᠠᠯᠳᠣᠯ ᠪᠣᠯᠭᠠᠵᠣ᠂ ᠨᠠᠮ ᠵᠠᠰᠠᠭ᠂ ᠠᠵᠣ ᠠᠬᠤᠢ ᠶᠢᠨ ᠡᠵᠡᠭᠨᠠᠯᠳᠠ ᠬᠠᠮᠢᠶᠠᠷᠣᠯᠳᠠ᠂ ᠰᠢᠡᠵᠢᠯᠠᠬᠦ ᠣᠬᠠᠭᠠᠨ ᠰᠣᠷᠭᠠᠨ ᠬᠦᠮᠣᠵᠢᠯ ᠡᠷᠠᠬᠦᠯ ᠬᠠᠮᠠᠭᠠᠯᠠᠯ᠂ ᠦᠷ᠎ᠠ ᠴᠢᠳᠠᠪᠣᠷᠢ ᠶᠢᠨ ᠬᠡᠷᠩᠯᠠᠯᠳᠠ ᠵᠠᠷᠬᠡ ᠡᠯ᠎ᠠ ᠲᠦᠷᠣᠯ ᠤᠨ ᠴᠢᠳᠠᠪᠣᠷᠢᠳᠠᠨ 3  ᠲᠦᠮᠠᠨ ᠭᠠᠷᠣᠢ  ᠬᠦᠮᠣᠵᠢᠬᠦᠯᠵᠣ᠂ ︽ᠲᠠᠯ᠎ᠠ ᠨᠣᠳᠤᠭ ᠤᠨ ᠰᠣᠳᠣᠨ ᠴᠢᠳᠠᠪᠣᠷᠢᠳᠠᠨ︾ ᠤ ᠢᠡᠵᠧᠨᠧᠷᠢᠩ ᠤᠨ ᠠᠵᠣ ᠣᠶᠢᠯᠠᠰ ᠤᠨ ᠣᠶᠢᠯᠠᠰ ᠪᠣᠰᠬᠠᠯᠳᠠ ᠰᠢᠨ᠎ᠠ ᠡᠬᠦᠳᠣᠯᠳᠠ ᠶᠢᠨ ᠴᠢᠳᠠᠪᠣᠷᠢᠳᠠᠨ ᠤ ᠪᠦᠯᠬᠦᠮ ᠠᠩᠬᠢ 16᠂ ᠦᠡᠳᠣᠷ ᠲᠠᠰ ᠲᠠᠪᠬᠤᠷᠭᠠᠨ ᠤ ᠴᠢᠳᠠᠪᠣᠷᠢᠳᠠᠨ  ᠤ ᠣᠶᠢᠯᠠᠰ ᠪᠣᠰᠬᠠᠯᠳᠠ ᠰᠢᠨ᠎ᠠ ᠡᠬᠦᠳᠣᠯᠳᠡ‌‍ᠶᠢᠨ ᠰᠠᠭᠤᠷᠢᠨ 1᠂ ᠲᠣᠰᠬᠠᠢ ᠲᠦᠷᠣᠯ ᠢᠶᠠᠷ ᠰᠳᠩᠭᠤᠨ ᠭᠠᠷᠭᠠᠬᠰᠠᠨ ᠪᠦᠯᠬᠦᠮ ᠠᠩᠬᠢ 3  ᠪᠠ ᠲᠠᠯ᠎ᠠ ᠨᠣᠳᠤᠭ ᠤᠨ ᠰᠣᠳᠣᠨ ᠴᠢᠳᠠᠪᠣᠷᠢᠳᠠᠨ 9 ᠶᠢ ᠪᠣᠶᠢᠵᠢᠭᠤᠯᠪᠠ᠂ ᠳ᠋ᠣᠺᠲ᠋ᠣᠷ ᠪᠣᠶᠣ ᠵᠢᠩᠬᠢᠨᠢ ᠦᠡᠳᠣᠷ ᠵᠠᠷᠬᠡ ᠶᠢᠨ ᠮᠠᠷᠬᠡᠵᠢᠯ ᠤᠨ ᠴᠣᠯᠨ ᠲᠠᠢ ᠦᠠᠳᠣᠷ ᠲᠠᠰ ᠲᠠᠪᠠᠨ᠋ᠣᠷᠭ᠎ᠠ ᠶᠢᠨ ᠰᠢᠨ᠎ᠠ ᠡᠬᠦᠳᠣᠯᠳ᠋ᠨ ᠣᠶᠢᠯᠠᠰ ᠪᠣᠰᠬᠠᠯᠳᠠ ᠶᠢᠨ ᠴᠢᠳᠠᠪᠣᠷᠢᠳᠠᠨ 140  ᠭᠠᠷᠣᠢ ᠶᠢ ᠲᠠᠳᠠᠨ ᠣᠷᠣᠭᠤᠯᠪᠠ᠃ ᠠᠺᠠᠳᠧᠮᠢᠴᠢ ᠲᠣᠰᠬᠠᠢ ᠮᠠᠷᠬᠡᠵᠢᠯᠳᠡᠨ ᠤ ᠠᠵᠢᠯᠯᠠᠬᠤ ᠦᠷᠳᠡᠭᠡ 3᠂  ᠣᠯᠣᠰ  ᠂ ᠦᠪᠠᠷᠳᠠᠬᠡᠨ ᠵᠠᠰᠠᠬᠤ ᠣᠷᠣᠨ ᠤ ᠲᠠᠰ ᠤᠨ ᠲᠠᠷᠢᠶᠠᠯᠠᠩ  ᠤᠨ ᠰᠢᠡᠵᠢᠯᠠᠬᠡᠨ ᠮᠠᠷᠬᠡᠵᠢᠯ ᠤᠨ ᠬᠦᠷᠢᠶᠠᠯᠠᠩ ᠲᠣᠭᠤᠷᠢᠭ 6᠂ ᠣᠷᠣᠨ ᠤ ᠲᠠᠰ ᠤᠨ ᠠᠵᠣ ᠠᠬᠤᠶᠢᠯᠠᠯ ᠤᠨ ᠰᠣᠳᠣᠯᠣᠨ ᠡᠬᠦᠳᠣᠯᠳᠡ ᠶᠢᠨ ᠪᠠᠶᠢᠭᠤᠯᠣᠮᠵᠢ 2  ᠂ ᠲᠣᠰᠬᠠᠢ ᠮᠠᠷᠬᠡᠵᠢᠯ ᠤᠨ ᠴᠢᠳᠠᠪᠣᠷᠢᠳᠠᠨ ᠢ ᠦᠷᠬᠦᠯᠵᠢᠯᠠᠨ ᠬᠦᠮᠣᠵᠢᠬᠦᠯᠬᠦ ᠰᠠᠭᠤᠷᠢᠨ 12  ᠂  ᠦᠠᠳᠣᠷ ᠦᠷ᠎ᠠ ᠴᠢᠳᠠᠪᠣᠷᠢ ᠶᠢᠨ ᠴᠢᠳᠠᠪᠣᠷᠢᠳᠠᠨ ᠤ ᠪᠣᠯᠪᠠᠰᠣᠷᠠᠭᠤᠯᠣᠯ ᠤᠨ ᠰᠠᠭᠤᠷᠢᠨ 23  ᠪᠠᠶᠢᠭᠤᠯᠪᠠ  ︔ ᠠᠺᠠᠳᠧᠮᠢᠴᠢ ᠤᠨ ᠠᠵᠢᠯᠯᠠᠬᠤ ᠦᠷᠳᠠᠬᠡᠨ ᠳᠤ ᠢᠡᠵᠧᠨᠧᠷᠢᠩ ᠤᠨ ᠬᠦᠷᠢᠶᠠᠯᠠᠩ  ᠤᠨ ᠠᠺᠠᠳᠧᠮᠢᠴᠢ 3  ᠂ ᠰᠣᠳᠣᠯᠣᠴᠢ 14 ᠪᠠ ᠳ᠋ᠣᠺᠲ᠋ᠣᠷᠠᠠᠳ᠋ 8  ᠴᠣᠬᠯᠠᠷᠠᠪᠠ᠃                 3  ᠂ ᠰᠢᠡᠵᠢᠯᠠᠬᠦ ᠣᠬᠠᠭᠠᠨ  ᠲᠧᠭᠨᠢᠭ ᠮᠠᠷᠬᠡᠵᠢᠯ      ︽ᠰᠢᠨ᠎ᠠ ᠶᠢ ᠡᠬᠦᠣᠡᠴᠣ ᠴᠢᠯᠣᠬᠡᠳᠠᠢ ᠪᠠᠶᠢᠯᠭᠠᠬᠤ᠂ ᠠᠰᠢᠭ ᠲᠣᠰᠨ ᠶᠢ ᠴᠣᠬᠭᠠᠷ ᠡᠳ᠋ᠯᠠᠬᠦ᠂ ᠲᠦᠷᠣᠯ ᠵᠣᠶᠢᠯ  ᠢᠶᠠᠷ ᠲᠠᠶᠢᠴᠢᠯᠠᠨ ᠬᠦᠳᠠᠯᠬᠡᠬᠦ᠂ ᠨᠠᠶᠢᠳᠡᠯᠢᠭ ᠵᠢᠱᠢᠶ᠎ᠠ ᠦᠵᠠᠬᠦᠯᠬᠦ᠂ ᠲᠠᠬᠡᠷ᠎ᠡ ᠲᠣᠣᠷ᠎ᠠ ᠵᠠᠷᠬᠡᠪᠠᠷ ᠬᠦᠳᠠᠯᠬᠦ᠂ ᠵᠠᠬ᠎ᠠ ᠲᠠᠯᠬᠡᠬᠦᠷ ᠢᠶᠠᠷ ᠵᠢᠯᠣᠭᠤᠳᠣᠮᠵᠢ ᠪᠣᠯᠭᠠᠵᠣ︾ ᠵᠠᠷᠴᠢᠮ ᠢ ᠪᠡᠷᠢᠮᠳᠠᠯᠠᠵᠣ᠂ ᠰᠢᠡᠵᠢᠯᠠᠬᠦ ᠣᠬᠠᠭᠠᠨ ᠲᠧᠭᠨᠢᠭ ᠮᠠᠷᠬᠡᠵᠢᠯ ᠢ ᠪᠦᠬᠦ ᠬᠤᠳᠠ ᠶᠢᠨ ᠠᠵᠣ ᠠᠬᠤᠢ ᠨᠠᠶᠢᠬᠡᠮ ᠤᠨ ᠬᠦᠭᠵᠢᠯᠳᠠ ᠶᠢᠨ ᠡᠯ᠎ᠠ ᠬᠤᠭᠤᠴᠠᠭᠠᠨ ᠳᠤ ᠬᠦᠨᠵᠡᠭᠡᠶᠢᠷᠡᠬᠦᠯᠪᠡ᠂ ᠪᠦᠬᠦ ᠬᠤᠳᠠ ᠰᠢᠡᠵᠢᠯᠠᠬᠡᠨ ᠮᠠᠷᠬᠡᠵᠢᠯ ᠤᠨ ᠰᠢᠨ᠎ᠠ ᠡᠬᠦᠳᠣᠯᠳᠠ ᠶᠢᠨ ᠰᠢᠰᠲ᠋ᠧᠮᠵᠢ ︽ᠨᠢᠬᠡ ᠴᠠᠴᠡᠷᠯᠢᠭ ᠬᠤᠶᠠᠷ ᠬᠦᠷᠢᠶᠠᠯᠠᠩ ᠭᠤᠷᠪᠠᠨ ᠦᠷᠳᠡᠭᠡ ᠠᠷᠪᠠᠨ ᠭᠤᠷᠪᠠᠨ ᠲᠦᠪ︾ ᠢ ᠣᠬᠠᠭᠤᠯᠣᠬᠰᠠᠨ ᠮᠦᠷᠳᠠᠬᠡᠨ ︽ᠨᠢᠬᠡ ᠬᠤᠳᠠ ᠬᠤᠶᠠᠷ ᠲᠣᠭᠤᠷᠢᠭ ᠵᠠᠭᠤᠨ ᠬᠦᠷᠢᠶᠠᠯᠠᠩ︾ ᠤᠨ ᠣᠯᠣᠰ ᠤᠨ ᠲᠠᠷᠢᠶᠠᠯᠠᠩ ᠤᠨ ᠰᠢᠡᠵᠢᠯᠠᠬᠡᠨ ᠮᠠᠷᠬᠡᠵᠢᠯ ᠤᠨ ᠬᠦᠭᠵᠢᠯᠳᠠ ᠶᠢᠨ ᠪᠠᠶᠢᠯᠳᠣᠬᠤ ᠪᠣᠳᠣᠯᠭ᠎ᠠ ᠶᠢᠨ ᠰᠢᠰᠲ᠋ᠧᠮᠵᠢ ᠳᠤ ᠣᠷᠣᠭᠤᠯᠪᠠ  ᠃       2015 ᠣᠨ ᠳᠤ᠂ ᠪᠦᠬᠦ ᠬᠤᠳᠠ ᠶᠢᠨ ᠲᠣᠰᠬᠠᠢ ᠠᠰᠢᠭ ᠤᠨ ᠭᠤᠶᠣᠴᠢᠯᠠᠯ ᠤᠨ ᠬᠡᠮᠵᠢᠶ᠎ᠠ 184  ᠬᠤᠪᠢ᠂ ᠲᠣᠰᠬᠠᠢ ᠠᠰᠢᠭ ᠤᠨ ᠡᠷᠬᠡ ᠣᠯᠭᠤᠬᠰᠠᠨ ᠬᠡᠮᠵᠢᠶ᠎ᠠ 153 ᠬᠤᠪᠢ᠂ ᠡᠬᠦᠳᠣᠯᠳᠠ ᠶᠢᠨ ᠲᠣᠰᠬᠠᠢ ᠠᠰᠢᠭ  ᠤᠨ ᠪᠦᠳᠣᠮᠵᠢᠳᠠᠢ ᠬᠡᠷᠩᠯᠠᠬᠡᠨ ᠤ ᠬᠡᠮᠵᠢᠶ᠎ᠠ 24 ᠬᠤᠪᠢ᠂ ᠮᠠᠷᠬᠡᠵᠢᠯ ᠤᠨ ᠬᠡᠷ᠎ᠠ ᠪᠦᠳᠣᠭ᠍ᠰᠠᠨ 9 ᠪᠠᠶᠢᠵᠣ᠂ 276 ᠲᠦᠮᠠᠨ ᠲᠦᠬᠦᠷᠢᠭ᠂ ᠣᠯᠣᠰ ᠪᠠ ᠦᠪᠠᠷᠳᠠᠬᠡᠨ ᠵᠠᠰᠠᠬᠤ ᠣᠷᠣᠨ ᠤ ᠵᠦᠪᠰᠢᠶᠠᠷᠠᠯ ᠢ ᠣᠯᠵᠣ ᠲᠦᠷᠣᠯ ᠪᠣᠯᠭᠠᠬᠰᠠᠨ ᠰᠢᠡᠵᠢᠯᠠᠬᠡᠨ ᠮᠠᠷᠬᠡᠵᠢᠯ ᠤᠨ ᠲᠦᠷᠣᠯ ᠵᠣᠶᠢᠯ 40 ᠪᠠᠶᠢᠵᠣ᠂ 3386 ᠲᠦᠮᠠᠨ ᠲᠦᠬᠦᠷᠢᠭ᠃ ︽ᠤᠯᠠᠭᠠᠨᠴᠠᠪ ᠬᠤᠳᠠ ᠶᠢᠨ ᠰᠢᠡᠵᠢᠯᠠᠬᠡᠨ ᠮᠠᠷᠬᠡᠵᠢᠯ ᠤᠨ ᠲᠦᠯᠣᠪᠯᠡᠬᠡᠨ ᠤᠨ ᠲᠦᠷᠣᠯ ᠵᠣᠶᠢᠯ ᠤᠨ ᠬᠠᠳᠠᠭᠠᠯᠠᠮᠵᠢ ᠶᠢᠨ ᠬᠦᠮᠣᠷᠬᠡ︾  ᠢ ᠪᠠᠶᠢᠭᠤᠯᠵᠣ᠂ ᠰᠢᠡᠵᠢᠯᠠᠬᠡᠨ ᠮᠠᠷᠬᠡᠵᠢᠯ ᠤᠨ ᠲᠦᠷᠣᠯ ᠵᠣᠶᠢᠯ1523 ᠬᠤᠷᠢᠶᠠᠨ ᠲᠠᠮᠳ᠋ᠩᠯᠠᠪᠠ᠃ ᠬᠤᠳᠠ ᠶᠢᠨ ᠲᠣᠰ ᠱᠠᠳᠣ ᠬᠦᠢᠳᠠᠨ ᠰᠠᠷᠢᠬᠦᠨ ᠢᠳᠠᠬᠡᠨ ᠨᠣᠭᠤᠭᠠᠨ ᠤ ᠠᠺᠡᠳᠧᠮᠢᠴᠢ ᠶᠢᠨ ᠠᠵᠢᠯᠯᠠᠬᠤ ᠦᠷᠳᠡᠭᠡ ᠶᠢ ᠨᠠᠶᠢᠳᠠᠵᠣ᠂ ᠰᠢᠨ᠎ᠠ ᠲᠦᠷᠣᠯ 225  ᠂ ᠰᠢᠨ᠎ᠠ ᠮᠠᠷᠬᠡᠵᠢᠯ 13 ᠶᠢ ᠲᠣᠷᠰᠢᠨ ᠵᠢᠱᠢᠶ᠎ᠠ ᠦᠵᠠᠬᠦᠯᠵᠣ᠂ ᠮᠠᠨ ᠤ ᠬᠤᠳᠠ ᠳᠤ ᠲᠣᠬᠢᠷᠠᠬᠤ ᠰᠢᠨ᠎ᠠ ᠲᠦᠷᠣᠯ 5  ᠂ ᠶᠡᠭᠡ ᠬᠡᠮᠵᠢᠶ᠎ᠠ ᠪᠠᠷ ᠲᠠᠯᠬᠡᠷᠠᠬᠦᠯᠬᠦ ᠳᠤ ᠲᠣᠬᠢᠷᠠᠬᠤ ᠰᠢᠨ᠎ᠠ ᠮᠠᠶ᠋ᠢᠭ ᠢ ᠰᠣᠩᠭᠤᠨ ᠠᠪᠴᠣ᠂ 4 ᠲᠦᠮᠠᠨ ᠮᠣ᠋ ᠲᠠᠯᠬᠡᠷᠠᠬᠦᠯᠵᠣ᠂ ᠮᠣ᠋ ᠶᠢᠨ ᠲᠣᠮᠳᠠᠴᠢ ᠨᠠᠮᠩᠳᠠᠯ ᠤᠨ ᠣᠷᠣᠯᠭ᠎ᠠ 1000 ᠭᠠᠷᠣᠢ ᠲᠦᠬᠦᠷᠢᠭ᠃ ᠲᠣᠮᠳᠠᠳᠣ ᠣᠯᠣᠰ ᠤᠨ ᠢᠡᠵᠧᠨᠧᠷᠢᠩ ᠤᠨ — ᠠᠺᠳᠧᠮᠢᠴᠢ ᠹᠠᠩ ᡁᠢ  ᠶᠣᠸᠠᠨ ᠤ ᠪᠦᠯᠬᠦᠮ ᠠᠩᠬᠢ ᠪᠠ ᠮᠠᠨ ᠤ ᠬᠤᠳᠠ ᠶᠢᠨ ᠰᠢᠡᠵᠢᠯᠠᠬᠦ ᠣᠬᠠᠭᠠᠨ ᠲᠧᠭᠨᠢᠭ ᠮᠠᠷᠬᠡᠵᠢᠯᠳᠡᠨ ᠬᠠᠮᠳᠣᠷᠠᠯᠴᠡᠨ ᠬᠢᠭᠰᠡᠨ ᠰᠢᠡᠵᠢᠯᠠᠬᠡᠨ ᠮᠠᠷᠬᠡᠵᠢᠯ ᠤᠨ ᠦᠷ᠎ᠠ ᠪᠦᠳᠣᠬᠡᠯ 6᠂  ᠡᠬᠦᠳᠣᠯᠳᠠ ᠲᠣᠰᠬᠠᠢ ᠠᠰᠢᠭ 4  ᠪᠣᠢ  ᠃                        4᠂ ᠰᠣᠶᠣᠯ ᠪᠡᠶ᠎ᠠ ᠲᠠᠮᠢᠷ       ᠠᠷᠠᠣᠨ ᠲᠦᠮᠠᠨ ᠤ ᠪᠠᠶ᠎ᠠ ᠮᠠᠬᠠᠪᠣᠣᠨ ᠢ ᠴᠢᠬᠢᠷᠠᠬᠵᠢᠭᠤᠯᠬᠤ ᠪᠠᠷ ᠦᠨᠳᠦᠰᠦᠨ ᠬᠠᠷᠠᠯᠳᠠ ᠪᠣᠯᠭᠠᠬᠤ ᠶᠢ ᠪᠠᠷᠢᠮᠳᠠᠯᠠᠵᠣ᠂ ᠣᠷᠣᠯᠳᠣᠭᠠᠨ ᠤ ᠪᠡᠶ᠎ᠠ ᠶᠢᠨ ᠲᠠᠮᠢᠷ ᠪᠠ ᠣᠯᠠᠨ ᠲᠦᠮᠬᠴᠢ ᠪᠠᠶ᠎ᠠ ᠶᠢᠨ ᠲᠠᠮᠢᠷ ᠢ ᠵᠣᠬᠢᠴᠠᠩᠭᠤᠢ ᠬᠦᠭᠵᠢᠬᠦᠯᠬᠦ ᠪᠠ ᠬᠠᠷᠢᠯᠴᠠᠨ ᠠᠬᠢᠭᠤᠯᠬᠤ ᠵᠠᠷᠴᠢᠮ ᠢ ᠪᠠᠷᠢᠮᠳᠠᠯᠠᠵᠣ᠂ ᠪᠦᠬᠦ ᠬᠤᠳᠠ ᠶᠢᠨ ᠪᠡᠶ᠎ᠠ ᠶᠢᠨ ᠲᠠᠮᠢᠷ ᠤᠨ ᠣᠶᠢᠯᠠᠰ ᠪᠦᠬᠦ ᠲᠠᠯ᠎ᠠ ᠪᠠᠷ ᠬᠦᠭᠵᠢᠪᠡ᠃        ᠪᠦᠬᠦ ᠬᠤᠳᠠ ᠶᠢᠨ ᠡᠯ᠎ᠠ ᠱᠡᠳᠣᠨ ᠤ ᠡᠯ᠎ᠠ ᠲᠦᠷᠣᠯ ᠤᠨ ᠪᠡᠶ᠎ᠠ ᠶᠢᠨ ᠲᠠᠮᠢᠷ ᠤᠨ ᠨᠠᠶᠢᠬᠡᠮᠯᠢᠭ 129  ᠪᠦᠬᠦ ᠠᠷᠠᠣᠨ ᠢᠶᠠᠷ ᠢᠶᠠᠨ ᠪᠠᠶ᠎ᠠ ᠴᠢᠬᠢᠷᠠᠬᠵᠢᠭᠤᠯᠬᠤ ᠠᠵᠢᠯᠯᠠᠭ᠎ᠠ 2000 ᠭᠠᠷᠣᠢ ᠲᠦᠷᠣᠯ ᠣᠳᠠᠭ᠎ᠠ ᠳᠤ ᠬᠦᠷᠴᠣ᠂ ᠪᠦᠬᠦ ᠵᠢᠯ ᠤᠨ ᠣᠷᠣᠯᠴᠠᠬᠰᠠᠨ ᠬᠦᠮᠣᠨ ᠤ ᠲᠤᠭ᠎ᠠ 80 ᠲᠦᠮᠠᠨ ᠬᠦᠮᠣᠨ ᠣᠳᠠᠭ᠎ᠠ ᠳᠤ ᠬᠦᠷᠪᠡ᠃ ᠪᠦᠬᠦ ᠬᠤᠳᠠ ᠦᠨᠣ 1430  ᠪᠠᠶ᠎ᠠ ᠶᠢᠨ ᠲᠠᠮᠢᠷ ᠤᠨ ᠲᠠᠯᠠᠪᠠᠢ ᠣᠷᠳᠣᠨ ᠲᠠᠢ᠂ ᠬᠦᠮᠣᠨ ᠲᠣᠮᠳᠠᠴᠢ ᠶᠢᠨ ᠪᠠᠶ᠎ᠠ ᠶᠢᠨ ᠲᠠᠮᠢᠷ ᠤᠨ ᠭᠠᠵᠠᠷ ᠲᠠᠯᠠᠪᠠᠢ 1.82 ᠲᠩᠰᠢ ᠲᠦᠷᠪᠡᠯᠵᠢᠨ ᠮᠧᠲᠷ ᠲᠤ ᠬᠦᠷᠪᠠ᠃ 2015 ᠠᠽᠧᠶ᠎ᠠ ᠤᠨ ᠡᠮᠩᠳᠠᠢ ᠶᠢᠨ ᠪᠤᠣᠺᠠᠰ ᠤᠨ ᠮᠠᠩᠯᠠᠢ ᠰᠢᠯᠠᠭᠠᠷᠠᠭᠤᠯᠬᠤ ᠣᠷᠣᠯᠳᠣᠭᠠᠨ᠂ ᠣᠯᠠᠭᠠᠠᠴᠠᠪ ᠤᠨ ᠣᠯᠠᠨ ᠣᠯᠣᠰ ᠤᠨ  ᠮᠠᠷᠠᠰᠤᠨ᠂ ᠲᠠᠪᠣᠳᠣᠭᠠᠷ ᠬᠤᠭᠤᠴᠠᠭᠠᠨ ᠤ ᠪᠦᠬᠦ ᠣᠯᠣᠰ ᠤᠨ ᠬᠦᠡᠳᠣ ᠬᠦᠩᠬᠡᠨ ᠲᠠᠮᠢᠷ ᠤᠨ ᠲᠠᠰᠪᠣᠷᠢ ᠲᠠᠢ ᠲᠦᠷᠣᠯ ᠵᠣᠶᠢᠯ  ᠤᠨ ᠦᠡᠳᠦᠷᠯᠢᠭ ᠤᠨ ᠦᠷᠢᠰᠣᠯᠳᠣᠬᠦ ᠣᠷᠣᠯᠳᠣᠭᠠᠨ᠂ ᠦᠪᠣᠷ ᠮᠣᠩᠭᠤᠯ ᠤᠨ ᠦᠪᠠᠷᠳᠠᠬᠡᠨ ᠵᠠᠰᠠᠬᠤ ᠣᠷᠣᠨ ᠤ ᠵᠠᠯᠠᠭᠤᠴᠣᠣᠨ ᠪᠠᠭᠠᠴᠣᠣᠨ ᠤᠨ ᠬᠦᠡᠳᠣ ᠶᠢ ᠡᠷᠬᠦᠬᠦ᠂ ᠵᠠᠪᠰᠩ ᠤᠨ ᠡᠷᠳᠠᠮ ᠴᠢᠯᠣᠬᠡᠳᠣ ᠨᠢᠳᠣᠷᠭ᠎ᠠ  ᠂ ᠲᠧᠺᠸᠣᠨ᠋ᠳᠣ᠋ ᠭᠤᠷᠪᠠᠨ ᠲᠦᠷᠦᠯ ᠤᠨ ᠮᠠᠩᠯᠠᠢ ᠰᠢᠯᠭᠠᠷᠠᠭᠤᠯᠬᠤ ᠤᠷᠤᠯᠳᠤᠭᠠᠨ ᠢ ᠠᠮᠵᠢᠯᠲᠠ ᠲᠠᠢ ᠲᠠᠭᠠᠭᠠᠨ ᠡᠷᠬᠢᠯᠡᠪᠡ᠃ ᠤᠯᠤᠰ  ᠤᠨ ᠵᠢᠱᠢᠶ᠎ᠡ ᠦᠵᠡᠬᠦᠯᠬᠦ ᠴᠢᠨᠠᠷᠳᠠᠢ ᠺᠯᠦ᠋ᠪ 2᠂ ᠵᠠᠯᠠᠭᠤᠴᠤᠳ ᠪᠠᠭᠠᠴᠤᠳ ᠤᠨ ᠺᠯᠦ᠋ᠪ 2᠂ ᠦᠪᠡᠷᠳᠡᠭᠡᠨ ᠵᠠᠰᠠᠬᠤ ᠣᠷᠣᠨ ᠤ ᠳᠡᠰ ᠤᠨ ᠨᠦᠬᠡᠴᠡ ᠴᠢᠳᠠᠪᠤᠷᠢᠳᠠᠨ ᠤ ᠰᠠᠭᠤᠷᠢᠨ 6᠂ ᠦᠪᠡᠷᠳᠡᠭᠡᠨ ᠵᠠᠰᠠᠬᠤ ᠤᠷᠤᠨ ᠤ ᠵᠠᠯᠠᠭᠤᠴᠤᠳ ᠪᠠᠭᠠᠴᠤᠳ ᠤᠨ ᠬᠦᠯ ᠪᠦᠮᠪᠦᠭᠡ ᠶᠢᠨ ᠺᠯᠦ᠋ᠪ 3᠂ ᠦᠪᠡᠷᠳᠡᠭᠡᠨ ᠵᠠᠰᠠᠬᠤ ᠤᠷᠤᠨ ᠤ ᠰᠠᠭᠰᠤᠨ ᠪᠦᠮᠪᠦᠭᠡ ᠶᠢᠨ ᠤᠨᠴᠠᠯᠢᠭᠳᠤ ᠰᠤᠷᠭᠠᠭᠤᠯᠢ 2᠂  ᠠᠯᠠᠭᠳᠠᠬᠤ ᠪᠦᠮᠪᠦᠭᠡ ᠶᠢᠨ ᠤᠨᠴᠠᠯᠢᠭᠲᠤ ᠰᠤᠷᠭᠠᠭᠤᠯᠢ 1᠂ ᠭᠠᠳᠠᠨ᠎ᠠ ᠬᠤᠸᠠᠷᠡᠨ 1 ᠶᠢ ᠰᠢᠨ᠎ᠡ ᠪᠠᠷ ᠨᠡᠮᠡᠪᠡ᠃ ᠳᠠᠮᠢᠷᠴᠢᠨ ᠤ ᠰᠤᠷᠠᠭ ᠵᠠᠩᠬᠢ ᠶᠢᠨ ᠬᠦᠮᠦᠷᠬᠡ ᠶᠢ ᠪᠠᠶᠢᠭᠤᠯᠵᠤ᠂ ᠨᠢᠭᠡᠨᠲᠡ 1300 ᠭᠠᠷᠤᠢ ᠰᠢᠯᠢᠳᠡᠭ ᠲᠠᠮᠢᠷᠴᠢᠨ ᠢ ᠳᠠᠩᠰᠠᠯᠠᠪᠠ᠃ ᠤᠯᠠᠭᠠᠨᠴᠠᠪ ᠬᠤᠲᠠ ᠶᠢᠨ ᠬᠦᠯ ᠪᠦᠮᠪᠦᠭᠡ ᠶᠢᠨ ᠪᠡᠶ᠎ᠡ ᠶᠢᠨ ᠳᠠᠮᠢᠷ  ᠤᠨ ᠠᠩᠭᠢ᠂ ᠬᠦᠯ ᠪᠦᠮᠪᠦᠭᠡ ᠶᠢᠨ 6 ᠺᠯᠦ᠋ᠪ᠂ ᠬᠦᠯ ᠪᠦᠮᠪᠦᠭᠡ ᠶᠢᠨ 156 ᠰᠠᠯᠪᠤᠷᠢ ᠠᠩᠭᠢ ᠶᠢ ᠪᠠᠶᠢᠭᠤᠯᠪᠡ᠃ 2015 ᠤᠨ ᠳᠤ ᠪᠦᠬᠦ ᠵᠢᠯ ᠤᠨ ᠪᠡᠶ᠎ᠡ ᠶᠢᠨ ᠳᠠᠮᠢᠷ ᠤᠨ ᠰᠤᠭᠤᠯᠤᠭ᠎ᠠ ᠶᠢᠨ ᠪᠤᠷᠤᠭᠤᠯᠤᠯᠲᠠ ᠶᠢᠨ ᠬᠡᠮᠵᠢᠶ᠎ᠡ 1.39 ᠳ᠋ᠦᠩᠰᠢᠭᠤᠷ ᠬᠦᠷᠴᠦ᠂ ᠠᠳᠠᠯᠢ ᠬᠤᠭᠤᠴᠠᠭᠠᠨ ᠤ ᠬᠢ ᠠᠴᠠ 50% ᠪᠠᠷ ᠨᠡᠮᠡᠭᠳᠡᠵᠤ᠂ ᠪᠦᠬᠦ ᠬᠤᠲᠠ ᠶᠢᠨ ᠪᠡᠶ᠎ᠡ ᠶᠢᠨ ᠳᠠᠮᠢᠷ ᠤᠨ ᠤᠨᠴᠠᠯᠢᠭ ᠤᠨ ᠬᠦᠭᠵᠢᠯᠲᠠ ᠳᠤ ᠠᠰᠠᠷᠡᠮᠵᠢ ᠶᠢᠨ ᠮᠦᠩᠭᠦ 1300 ᠲᠦᠮᠡᠨ ᠲᠦᠭᠦᠷᠢᠭ ᠴᠤᠭᠯᠠᠭᠤᠯᠪᠠ᠃     5᠂ ᠠᠵᠢᠯ ᠤᠯᠭᠤᠯᠲᠠ ᠪᠠᠲᠤᠯᠠᠪᠤᠷᠢ    ᠠᠵᠢᠯ ᠤᠯᠭᠤᠯᠲᠠ ᠶᠢ ᠳᠡᠷᠢᠭᠦᠯᠡᠬᠦ ᠪᠠᠶᠢᠯᠳᠤᠬᠤ ᠪᠤᠳᠤᠯᠭ᠎ᠠ ᠶᠢ ᠬᠡᠷᠡᠭᠵᠢᠬᠦᠯᠵᠤ᠂ ᠠᠵᠢᠯ ᠤᠯᠭᠤᠯᠲᠠ ᠦᠢᠯᠡᠰ ᠪᠤᠰᠬᠠᠯᠲᠠ ᠶᠢ ᠶᠡᠬᠡᠪᠡᠷ ᠲᠦᠯᠬᠢᠨ ᠠᠬᠢᠭᠤᠯᠵᠤ᠂ ᠬᠤᠲᠠ ᠬᠦᠳᠡᠭᠡ ᠶᠢᠨ ᠳᠡᠩᠴᠡᠭᠦᠷᠢᠰᠢᠭᠦᠯᠦᠭᠰᠡᠨ ᠠᠵᠢᠯ ᠤᠯᠭᠤᠯᠲᠠ ᠦᠢᠯᠡᠰ ᠪᠤᠰᠬᠠᠯᠲᠠ ᠶᠢᠨ ᠦᠢᠯᠡᠴᠢᠯᠡᠭᠡᠨ ᠤ ᠰᠢᠰᠲ᠋ᠧᠮᠵᠢ ᠶᠢ ᠲᠦᠷᠭᠡᠳᠭᠡᠨ ᠪᠠᠶᠢᠭᠤᠯᠵᠤ᠂ ᠠᠵᠢᠯ ᠤᠯᠭᠤᠯᠲᠠ ᠶᠢᠨ ᠪᠠᠶᠢᠳᠠᠯ ᠢ ᠲᠤᠭᠲᠠᠭᠤᠨ ᠪᠠᠶᠢᠯᠭᠠᠵᠤ᠂ ᠠᠵᠢᠯ ᠤᠯᠭᠤᠯᠲᠠ ᠶᠢᠨ ᠬᠡᠪᠴᠢᠶ᠎ᠡ ᠦᠷᠬᠦᠯᠵᠢᠯᠡᠨ ᠦᠷᠭᠡᠳᠭᠡᠪᠡ᠃   ᠪᠦᠬᠦ ᠬᠤᠲᠠ ᠪᠠᠷ ᠢᠶᠠᠨ 1.69 ᠲᠦᠮᠡᠨ ᠬᠦᠮᠦᠨ ᠳᠤ ᠰᠢᠨ᠎ᠡ ᠪᠠᠷ ᠠᠵᠢᠯ ᠤᠯᠭᠤᠵᠤ ᠵᠢᠯ ᠤᠨ ᠲᠦᠯᠦᠪᠯᠡᠭᠰᠡᠨ ᠡᠬᠦᠷᠬᠡ ᠤᠨ 102.2% ᠶᠢ ᠪᠡᠶᠡᠯᠡᠬᠦᠯᠪᠡ᠂ ᠬᠤᠲᠠ ᠪᠠᠯᠭᠠᠰᠤᠨ ᠤ ᠠᠵᠢᠯ ᠠᠯᠳᠠᠭᠰᠠᠳ ᠤᠨ 4798 ᠬᠦᠮᠦᠨ  ᠳᠤ ᠳᠠᠬᠢᠨ ᠠᠵᠢᠯ ᠤᠯᠭᠤᠵᠤ᠂ ᠵᠢᠯ ᠤᠨ ᠲᠦᠯᠦᠪᠯᠡᠭᠰᠡᠨ ᠡᠭᠦᠷᠬᠡ ᠶᠢᠨ 133.3% ᠶᠢ ᠪᠡᠶᠡᠯᠡᠬᠦᠯᠪᠡ᠂ ᠠᠵᠢᠯ ᠤᠯᠬᠤ ᠳᠤ ᠬᠦᠴᠢᠷᠳᠡᠯ ᠲᠠᠢ ᠬᠦᠮᠦᠰ ᠤᠨ 4998 ᠬᠦᠮᠦᠨ ᠳᠤᠨᠢ ᠠᠵᠢᠯ ᠤᠯᠭᠤᠵᠤ᠂ ᠵᠢᠯ ᠤᠨ ᠲᠦᠯᠦᠪᠯᠡᠭᠰᠡᠨ ᠡᠬᠦᠷᠬᠡ ᠶᠢᠨ 125% ᠶᠢ ᠪᠡᠶᠡᠯᠡᠬᠦᠯᠪᠡ᠃ ᠬᠤᠲᠠ ᠪᠠᠯᠭᠠᠰᠤᠨ ᠤ ᠳᠠᠩᠰᠠᠯᠠᠭᠰᠡᠨ ᠠᠵᠢᠯ ᠠᠯᠳᠠᠬᠤ ᠨᠤᠷᠮ᠎ᠡ ᠶᠢ 4.0% ᠲᠤᠳᠤᠷ᠎ᠡ ᠬᠤᠷᠢᠭᠯᠠᠪᠠ  ᠃ 56584 ᠬᠦᠮᠦᠨ ᠳᠤ ᠤᠷ᠎ᠡ ᠮᠡᠷᠭᠡᠵᠢᠯ ᠤᠨ ᠪᠤᠯᠪᠠᠰᠤᠷᠠᠭᠤᠯᠤᠯ ᠬᠦᠷᠳᠡᠭᠡᠵᠤ᠂ ᠵᠢᠯ ᠤᠨ ᠲᠦᠯᠦᠪᠯᠡᠬᠡᠨ ᠤ 109% ᠶᠢ ᠪᠡᠶᠡᠯᠡᠬᠦᠯᠪᠡ᠃ ᠳᠠᠷᠢᠶᠠᠴᠢᠨ ᠮᠠᠯᠴᠢᠨ ᠪᠤᠯᠬᠤ ᠬᠦᠯᠦᠰᠦᠨ ᠠᠵᠢᠯᠴᠢᠨ ᠢ ᠰᠢᠯᠵᠢᠬᠦᠯᠦᠨ 339690 ᠬᠦᠮᠦᠨ ᠳᠤᠨᠢ ᠠᠵᠢᠯ ᠤᠯᠭᠤᠵᠤ᠂ ᠵᠢᠯ ᠤᠨ ᠡᠬᠦᠷᠬᠡ ᠶᠢᠨ 101.4% ᠶᠢ ᠪᠡᠶᠡᠯᠡᠬᠦᠯᠪᠡ᠃     ᠬᠤᠲᠠ ᠪᠠᠯᠭᠠᠰᠤᠨ ᠤ ᠠᠵᠢᠯᠲᠠᠨ ᠤ ᠨᠠᠰᠤᠵᠢᠯ᠂ ᠬᠤᠲᠠ ᠬᠦᠳᠡᠭᠡ ᠶᠢᠨ ᠰᠠᠭᠤᠭᠠᠯᠢ ᠠᠷᠠᠳ ᠤᠨ ᠨᠠᠰᠤᠵᠢᠯ᠂ ᠬᠤᠲᠠ ᠪᠠᠯᠭᠠᠰᠤᠨ ᠤ ᠠᠵᠢᠯᠳᠠᠨ ᠤ ᠡᠮᠨᠡᠯᠭᠡ᠂ ᠠᠵᠢᠯ ᠠᠯᠳᠠᠬᠤ᠂ ᠠᠵᠢᠯ ᠠᠴᠠ ᠪᠤᠯᠤᠭᠰᠡᠨ ᠭᠡᠮᠳᠤᠯ᠂ ᠦᠷᠡᠵᠢᠯ  ᠤᠨ ᠳᠠᠭᠠᠳᠬᠠᠯ ᠳᠤ ᠤᠷᠤᠯᠴᠠᠭᠰᠠᠨ ᠬᠦᠮᠦᠨ ᠤ ᠲᠤᠭ᠎ᠠ ᠲᠤᠰᠪᠤᠷᠢ 13.97 ᠲᠦᠮᠡᠨ ᠬᠦᠮᠦᠨ᠂ 108.85 ᠲᠦᠮᠡᠨ ᠬᠦᠮᠦᠨ᠂ 18.28 ᠲᠦᠮᠡᠨ ᠬᠦᠮᠦᠨ᠂ 18.13 ᠲᠦᠮᠡᠨ ᠬᠦᠮᠦᠨ ᠳᠤ ᠬᠦᠷᠪᠡ᠃ ᠪᠦᠬᠦ ᠬᠤᠲᠠ ᠶᠢᠨ ᠵᠠᠰᠠᠭ ᠵᠠᠬᠢᠷᠭ᠎ᠠ ᠠᠵᠢᠯ ᠦᠢᠯᠡᠰ ᠤᠨ ᠨᠢᠭᠡᠴᠢ ᠶᠢᠨ ᠦᠨᠳᠦᠰᠦᠨ ᠡᠮᠨᠡᠯᠭᠡ ᠶᠢᠨ ᠳᠠᠭᠠᠳᠬᠠᠯ ᠳᠤ ᠤᠷᠤᠯᠴᠠᠭᠰᠠᠨ ᠪᠡᠯᠡ ᠬᠤᠷᠠᠮᠳᠤᠭᠤᠯᠭ᠎ᠠ ᠶᠢᠨ ᠬᠠᠷᠢᠴᠡᠯ 7.74% ᠬᠦᠷᠴᠦ᠂8% ᠶᠢᠨ ᠵᠢᠯ ᠤᠨ ᠬᠠᠷᠠᠯᠳᠠᠳᠤ ᠡᠬᠦᠷᠭᠡ ᠠᠴᠠ ᠵᠢᠭᠠᠬᠠᠨ ᠲᠤᠤᠷ᠎ᠡ᠃ ᠵᠠᠰᠠᠭ ᠵᠠᠬᠢᠷᠭ᠎ᠠ ᠠᠵᠢᠯ ᠦᠢᠯᠡᠰ ᠤᠨ ᠨᠢᠭᠡᠴᠢ ᠶᠢᠨ ᠦᠨᠳᠦᠰᠦᠨ ᠡᠮᠨᠡᠯᠭᠡ ᠶᠢᠨ ᠳᠠᠭᠠᠳᠬᠠᠯ  ᠳᠤ ᠤᠷᠤᠯᠴᠠᠭᠰᠠᠨ ᠬᠤᠷᠡᠮᠳᠤᠭᠤᠯᠭ᠎ᠠ ᠶᠢᠨ ᠮᠦᠩᠭᠦ 2.79 ᠳ᠋ᠦᠩᠰᠢᠭᠤᠷ ᠲᠦᠭᠦᠷᠢᠭ ᠲᠤ ᠬᠦᠷᠴᠦ᠂ ᠵᠦᠪᠬᠡᠨ ᠪᠦᠬᠦ ᠵᠢᠯ ᠤᠨ ᠬᠠᠷᠠᠯᠳᠠᠳᠤ ᠡᠬᠦᠷᠬᠡ ᠶᠢᠨ 95.3% ᠶᠢ ᠪᠡᠶᠡᠯᠡᠬᠦᠯᠪᠡ᠃      6᠂ ᠡᠮᠨᠡᠯᠭᠡ ᠡᠷᠡᠬᠦᠯ ᠬᠠᠮᠠᠭᠠᠯᠠᠯ     ᠤᠭ ᠦᠨᠳᠦᠰᠦ ᠶᠢ ᠪᠠᠲᠤᠯᠡᠬᠤ᠂ ᠦᠨᠳᠦᠰᠦᠨ ᠱᠠᠲᠤ ᠶᠢ ᠬᠦᠴᠦᠷᠬᠡᠭᠵᠢᠬᠦᠯᠬᠦ᠂ ᠲᠤᠭᠳᠠᠯᠴᠠᠭ᠎ᠠ ᠪᠠᠶᠢᠭᠤᠯᠬᠤ ᠦᠨᠳᠦᠰᠦᠨ ᠵᠠᠷᠴᠢᠮ ᠢ ᠪᠠᠷᠢᠮᠳᠠᠯᠠᠵᠤ᠂ ︽ᠡᠮ ᠢᠶᠠᠷ ᠡᠮᠨᠡᠯᠭᠡ ᠶᠢ ᠨᠦᠬᠦᠪᠦᠷᠢᠯᠡᠬᠦ︾ ᠵᠠᠩᠭᠢᠯᠭ᠎ᠠ ᠶᠢᠨ ᠭᠤᠭᠴᠤᠭ᠎ᠠ  ᠶᠢ ᠠᠷᠢᠯᠭᠠᠬᠤ ᠶᠢ ᠡᠵᠡᠮᠰᠢᠵᠤ᠂ ᠠᠰᠠᠷᠡᠮᠵᠢ ᠶᠢᠨ ᠴᠢᠨᠠᠷ ᠢ ᠪᠠᠷᠢᠮᠳᠠᠯᠠᠭᠰᠠᠨ᠂ ᠢᠳᠡᠪᠬᠢ ᠴᠢᠨᠠᠷ ᠢ ᠳᠡᠶᠢᠴᠢᠯᠠᠭᠰᠡᠨ᠂ ᠦᠷᠬᠦᠯᠵᠢᠯᠡᠬᠦᠶᠢᠴᠡ ᠴᠢᠨᠠᠷ ᠢ ᠪᠠᠲᠤᠯᠠᠭᠰᠠᠨ ᠬᠤᠰᠢᠭᠤ ᠰᠢᠶᠠᠨ ᠱᠠᠲᠤᠨ ᠤ ᠡᠮᠨᠡᠯᠭᠡ ᠶᠢᠨ ᠬᠤᠷᠢᠶᠠᠨ ᠤ ᠡᠷᠬᠢᠯᠳᠡ  ᠶᠢᠨ ᠰᠢᠨ᠎ᠡ ᠲᠤᠭᠳᠠᠯᠴᠠᠭ᠎ᠠ ᠪᠠᠶᠢᠭᠤᠯᠵᠤ᠂ ᠡᠮ ᠡᠮᠨᠡᠯᠭᠡ ᠡᠷᠡᠬᠦᠯ ᠬᠠᠮᠠᠭᠠᠯᠠᠯ ᠤᠨ ᠪᠠᠶᠢᠭᠤᠯᠤᠮᠵᠢ ᠶᠢᠨ ᠦᠬᠡᠷᠡᠴᠢᠯᠡᠯᠲᠡ ᠶᠢ ᠬᠦᠨᠵᠡᠬᠡᠶᠢᠷᠡᠬᠦᠯᠪᠡ᠃    ᠪᠦᠬᠦ ᠬᠤᠲᠠ ᠶᠢᠨ ᠡᠮᠨᠡᠯᠬᠡ ᠶᠢᠨ ᠪᠠᠶᠢᠭᠤᠯᠤᠮᠵᠢ ᠶᠢᠨ ᠬᠠᠷᠢᠴᠡᠯ᠂ ᠬᠡᠪᠴᠢᠶ᠎ᠡ᠂ ᠲᠦᠪᠰᠢᠨ ᠠᠭᠠᠵᠢᠮ   ᠢᠶᠠᠷ ᠳᠡᠭᠡᠭᠰᠢᠯᠡᠵᠤ᠂ ᠤᠯᠠᠨ ᠡᠰᠢᠵᠢᠬᠦᠯᠦᠨ ᠡᠮᠨᠡᠯᠬᠡ ᠡᠷᠬᠢᠯᠡᠭᠰᠡᠨ ᠡᠮᠨᠡᠯᠬᠡ ᠡᠷᠡᠬᠦᠯ ᠬᠠᠮᠠᠭᠠᠯᠠᠯ ᠤᠨ ᠰᠢᠨ᠎ᠡ ᠪᠠᠶᠢᠳᠠᠯ ᠢ ᠪᠤᠢ ᠪᠤᠯᠭᠠᠪᠠ᠃ ᠦᠨᠦ ᠡᠯ᠎ᠡ ᠱᠠᠲᠤᠨ ᠤ ᠡᠷᠡᠬᠦᠯ ᠬᠠᠮᠠᠭᠠᠯᠠᠯ ᠲᠦᠯᠦᠪᠯᠡᠬᠡᠳᠤ ᠦᠷᠡᠵᠢᠯ ᠤᠨ ᠡᠯ᠎ᠡ ᠲᠦᠷᠦᠯ ᠤᠨ ᠪᠠᠶᠢᠭᠤᠯᠤᠮᠵᠢ 2105᠂ ᠪᠦᠬᠦᠨ ᠢᠶᠠᠷ ᠢᠶᠠᠨ ᠠᠵᠢᠯ ᠤᠨ ᠪᠠᠶᠢᠷᠢ ᠶᠢᠨ ᠬᠢᠷᠢ ᠪᠦᠲᠦᠮᠵᠢ ᠶᠢᠨ ᠴᠠᠯᠢᠩ ᠢ ᠬᠡᠷᠡᠭᠵᠢᠬᠦᠯᠵᠤ᠂ ᠡᠭᠦᠨ ᠳᠤ 16 ᠡᠮᠨᠡᠯᠬᠡ ᠶᠢᠨ ᠬᠤᠷᠢᠶ᠎ᠡ ᠬᠤᠷᠢᠶᠠᠨ ᠲᠠᠷᠤᠭ᠎ᠠ ᠤᠷᠢᠬᠤ ᠶᠢ ᠪᠡᠶᠡᠯᠡᠬᠦᠯᠪᠡ᠃ ᠡᠮ  ᠤᠨ ᠵᠦᠢᠯᠡᠰ ᠤᠨ ᠳᠡᠭ ᠵᠦᠷᠢᠶᠡᠳᠤ ᠨᠤᠷᠮ᠎ᠡ ᠪᠠᠷ ᠪᠤᠷᠤᠯᠠᠭᠤᠯᠬᠤ ᠶᠢ ᠬᠡᠷᠡᠭᠵᠢᠬᠦᠯᠦᠭᠰᠡᠨ ᠠᠴᠠ ᠨᠠᠰᠢ᠂ ᠡᠭᠦᠨ ᠳᠤ ᠡᠭᠦᠳᠡᠨ ᠡᠮᠨᠡᠯᠬᠡ ᠶᠢᠨ ᠡᠪᠡᠳᠴᠢᠨ ᠦᠵᠡᠬᠦ ᠲᠤᠮᠳᠠᠴᠢ ᠤᠳᠠᠭᠠᠨ ᠤ ᠵᠠᠷᠤᠳᠠᠯ 5% ᠪᠠᠷ ᠪᠠᠭᠤᠷᠠᠵᠤ᠂ ᠡᠬᠦᠳᠡᠨ ᠡᠮᠨᠡᠯᠭᠡ ᠳᠤ ᠡᠪᠡᠳᠴᠢᠨ ᠦᠵᠡᠬᠦᠯᠬᠦ ᠬᠦᠮᠦᠨ ᠤ ᠲᠤᠭ᠎ᠠ 15.6% ᠪᠠᠷ ᠨᠡᠮᠡᠭᠳᠡᠵᠤ᠂ ᠡᠮ ᠤᠨ ᠡᠵᠡᠯᠡᠬᠦ ᠬᠠᠷᠢᠴᠠᠯ 44% ᠪᠠᠶᠢᠭᠰᠠᠨ ᠠᠴᠠ 39% ᠪᠤᠯᠵᠤ ᠲᠤᠷᠤᠭᠰᠢᠯᠠᠪᠠ᠃ 10 ᠬᠤᠰᠢᠭᠤ ᠰᠢᠶᠠᠨ ᠬᠤᠲᠠ ᠴᠦᠮ ᠡᠮᠨᠡᠯᠭᠡ ᠶᠢᠨ ᠦᠢᠯᠡᠴᠢᠯᠡᠭᠡᠨ ᠤ ᠰᠢᠨ᠎ᠡ ᠦᠨ᠎ᠡ ᠬᠠᠩᠰᠢ ᠶᠢ ᠬᠡᠷᠡᠭᠵᠢᠬᠦᠯᠵᠤ᠂ ᠡᠩ ᠤᠨ ᠪᠠᠶᠢᠴᠠᠭᠠᠯᠲᠠ ᠡᠮᠨᠡᠯᠭᠡ ᠶᠢᠨ ᠲᠦᠷᠦᠯ᠂ ᠡᠮᠴᠢᠯᠡᠬᠡᠨ ᠤ ᠤᠨᠤᠰᠢᠯ᠂ ᠮᠠᠰᠠ ᠵᠠᠰᠠᠯ᠂ ᠬᠢᠲᠠᠳ ᠡᠮᠨᠡᠯᠬᠡ ᠶᠢᠨ ᠲᠠᠯ᠎ᠠ ᠪᠠᠷ ᠲᠤᠰᠪᠤᠷᠢ 30%᠂ 30%᠂ 30%᠂ 60%᠂ 30% ᠪᠠᠷ ᠳᠡᠪᠰᠢᠯᠡᠬᠦᠯᠪᠡ᠃ ᠰᠤᠪᠢᠯᠠᠬᠤ ᠲᠦᠷᠦᠯ᠂ ᠲᠤᠮᠤ ᠬᠡᠯᠪᠡᠷᠢ ᠶᠢᠨ ᠡᠮᠨᠡᠯᠬᠡ ᠶᠢᠨ ᠲᠦᠭᠦᠭᠡᠷᠦᠮᠵᠢ ᠶᠢᠨ ᠰᠦᠢᠳᠬᠡᠯ ᠢ ᠲᠤᠰᠪᠤᠷᠢ 10%᠂ 10% ᠪᠠᠷ ᠳᠤᠷᠤᠭᠰᠢᠯᠡᠭᠤᠯᠪᠡ᠃ ᠡᠯ᠎ᠡ ᠡᠮᠨᠡᠯᠬᠡ ᠶᠢᠨ ᠬᠤᠷᠢᠶ᠎ᠡ 11.8 ᠵᠤᠷ ᠢ ᠦᠨᠡᠯᠡᠵᠤ᠂ ᠵᠤᠷ ᠤᠨ ᠬᠢᠷᠢ ᠳᠤ ᠳᠡᠩᠴᠡᠭᠰᠡᠨ ᠨᠤᠷᠮ᠎ᠡ ᠨᠢ 94.3% ᠬᠦᠷᠪᠡ᠃ ᠡᠬᠦᠳᠡᠨ ᠡᠮᠨᠡᠯᠬᠡ ᠶᠢᠨ ᠪᠠᠺᠲ᠋ᠧᠷᠢ ᠶᠢ ᠳᠡᠷᠤᠬᠤ ᠡᠮ ᠤᠨ ᠬᠡᠷᠡᠭᠯᠡᠬᠡᠨ ᠤ ᠨᠤᠷᠮ᠎ᠡ ᠳᠤᠮᠳᠠᠴᠢ ᠪᠠᠷ 16.5% ᠪᠠᠶᠢᠵᠤ ᠂ ᠤᠯᠤᠰ ᠤᠨ 20% ᠠᠴᠠ ᠲᠤᠷᠤᠭᠰᠢ ᠪᠠᠷᠢᠮᠵᠢᠶᠠᠨ ᠳᠤ ᠨᠡᠶᠢᠴᠡᠭᠰᠡᠨ ᠪᠠᠶᠢᠨ᠎ᠠ᠃ ᠡᠮᠨᠡᠯᠬᠡ ᠳᠤ ᠰᠠᠭᠤᠭᠰᠠᠨ ᠡᠪᠡᠳᠴᠢᠳᠠᠨ ᠳᠤ ᠪᠡᠺᠲ᠋ᠧᠷᠢ ᠶᠢ ᠲᠠᠷᠤᠬᠤ ᠡᠮ ᠬᠡᠷᠡᠭᠯᠡᠭᠰᠡᠨ ᠨᠤᠷᠮ᠎ᠡ ᠨᠢ ᠳᠤᠮᠳᠠᠴᠢ ᠪᠠᠷ 49% ᠪᠠᠶᠢᠵᠤ᠂ ᠤᠯᠤᠰ  ᠤᠨ 60% ᠲᠤᠷᠤᠭᠰᠢ ᠪᠠᠷᠢᠮᠵᠢᠶᠠᠨ ᠳᠤ ᠨᠡᠶᠢᠴᠡᠭᠰᠡᠨ ᠪᠠᠶᠢᠨ᠎ᠠ᠃ ᠮᠠᠨ ᠤ ᠬᠤᠲᠠ ᠶᠢᠨ 10 ᠡᠮᠨᠡᠯᠬᠡ ᠶᠢᠨ ᠬᠤᠷᠢᠶ᠎ᠡ ᠪᠡᠭᠡᠵᠢᠩ ᠵᠡᠷᠬᠡ ᠭᠠᠵᠠᠷ ᠤᠨ ᠲᠤᠮᠤ ᠡᠮᠨᠡᠯᠬᠡ ᠶᠢᠨ ᠬᠤᠷᠢᠶ᠎ᠠ ᠯᠤᠭ᠎ᠠ ᠠᠵᠢᠯ ᠲᠦᠷᠦᠯ ᠢᠶᠠᠷ ᠢᠶᠠᠨ ᠬᠠᠪᠰᠤᠷᠤᠨ ᠳᠡᠮᠵᠢᠬᠦ ᠶᠢ ᠶᠠᠪᠤᠭᠳᠤᠭᠤᠯᠪᠠ᠃     ᠪᠦᠬᠦ ᠬᠤᠲᠠ ᠶᠢᠨ ᠮᠤᠩᠭᠤᠯ ᠬᠢᠲᠠᠳ ᠡᠮᠨᠡᠯᠬᠡ ᠶᠢᠨ ᠪᠠᠶᠢᠭᠤᠯᠤᠮᠵᠢ 12 ᠪᠠᠶᠢᠵᠤ᠂ 31.11 ᠲᠦᠮᠡᠨ ᠳᠡᠭᠰᠢ ᠲᠦᠷᠪᠡᠯᠵᠢᠨ ᠮᠧᠲᠷ ᠤᠨ ᠳᠠᠯᠠᠪᠠᠢ ᠶᠢᠨ ᠭᠠᠵᠠᠷ ᠠᠵᠢᠯᠯᠠᠵᠤ᠂ 1435 ᠤᠷᠤ ᠲᠠᠢ᠂ ᠮᠤᠩᠭᠤᠯ ᠬᠢᠲᠠᠳ ᠡᠮ ᠡᠮᠨᠡᠯᠬᠡ ᠶᠢᠨ ᠡᠮᠦᠨ᠎ᠡ ᠹᠷᠤᠨᠲ ᠤᠨ ᠦᠢᠯᠡᠴᠢᠯᠡᠭᠡ ᠶᠢᠨ ᠬᠡᠷᠡᠭᠯᠡᠬᠡᠨ ᠢ ᠦᠨᠳᠦᠰᠦᠨ ᠳᠡᠭᠡᠨ ᠬᠠᠩᠭᠠᠪᠠ᠃ ᠰᠢᠶᠠᠩ ᠪᠠᠯᠭᠠᠰᠤᠨ ᠤ 53 ᠲᠦᠪ ᠡᠷᠡᠬᠦᠯ ᠬᠠᠮᠠᠭᠠᠯᠠᠯ ᠤᠨ ᠬᠤᠷᠢᠶᠠᠨ ᠤ ᠮᠤᠩᠭᠤᠯ ᠬᠢᠲᠠᠳ ᠡᠮᠨᠡᠯᠬᠡ ᠶᠢᠨ ᠪᠠᠶᠢᠭᠤᠯᠤᠯᠲᠠ ᠶᠢᠨ ᠡᠬᠦᠷᠬᠡ ᠶᠢ ᠪᠡᠶᠡᠯᠡᠬᠦᠯᠵᠤ᠂ ᠲᠤᠰᠬᠤᠨ ᠤ 500 ᠡᠷᠡᠬᠦᠯ ᠬᠠᠮᠠᠭᠠᠯᠠᠯ ᠤᠨ ᠭᠡᠷ ᠲᠤ ᠮᠤᠩᠭᠤᠯ ᠡᠮᠨᠡᠯᠭᠡ ᠪᠤᠶᠤ ᠬᠢᠲᠠᠳ ᠡᠮᠨᠡᠯᠭᠡ ᠳᠤ ᠲᠤᠬᠢᠷᠠᠭᠰᠡᠨ ᠮᠡᠷᠭᠡᠵᠢᠯ ᠤᠨ ᠪᠠᠶᠢᠭᠤᠯᠤᠯᠲᠠ ᠶᠢ ᠴᠢᠩᠭᠠᠳᠬᠠᠪᠠ᠃          
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2