ᠤᠯᠠᠭᠠᠴᠠᠪ ᠤᠨ ᠴᠢᠭᠤᠯᠭᠠᠨ ᠳᠦᠷᠪᠡᠨ ᠠᠶᠢᠮᠠᠭ ᠵᠢᠷᠭᠤᠭᠠᠨ ᠬᠤᠰᠢᠭᠤ᠄ | ᠳᠦᠷᠪᠡᠨ ᠬᠡᠥᠬᠡᠳ ᠤᠨ ᠬᠤᠰᠢᠭᠤ | ᠮᠤᠤᠮᠢᠩᠭᠠᠨ ᠬᠤᠰᠢᠭᠤ | ᠤᠷᠠᠳ ᠤᠨ ᠬᠤᠶᠢᠲᠦ ᠬᠤᠰᠢᠭᠤ | ᠤᠷᠠᠳ ᠤᠨ ᠡᠮᠦᠨᠡᠲᠦ ᠬᠤᠰᠢᠭᠤ | ᠤᠷᠠᠳ ᠤᠨ ᠳᠤᠮᠳᠠᠳᠤ ᠬᠤᠰᠢᠭᠤ | ᠬᠠᠯᠬ᠎ᠠ ᠪᠠᠷᠠᠭᠤᠨ ᠭᠠᠷᠤᠨ ᠬᠤᠰᠢᠭᠤ ︵ᠳᠠᠷᠬᠠᠨ ᠬᠤᠰᠢᠭᠤ︶ | | | | | ᠳᠦᠷᠪᠡᠨ ᠬᠡᠥᠬᠡᠳ ᠤᠨ ᠠᠶᠢᠠᠮᠭ᠄ | ᠬᠠᠰᠠᠷ ᠤᠨ ᠠᠷᠪᠠᠠ ᠭᠤᠷᠪᠠᠨ ᠦᠶ᠎ᠡ ᠤᠯᠠᠮᠵᠢᠯᠠᠵᠦ ᠲᠦᠮᠡᠢ ᠵᠠᠶᠠᠭᠠᠴᠢ ᠨᠤᠶᠠᠨ ᠳᠤ ᠬᠦᠷᠴᠦ ᠢᠷᠡᠭᠡᠳ | ᠭᠤᠷᠪᠠᠨ ᠬᠦᠪᠡᠭᠦᠨ ᠲᠠᠢ᠃ ᠠᠬᠠᠮᠠᠳ ᠨᠢ ᠭᠦᠢᠮᠦ᠋ᠩᠬᠡ ᠲᠠᠰᠬᠠᠷ᠎ᠠ᠂ ᠨᠤᠨ ᠬᠤᠷᠴᠢᠨ ᠤ ᠳᠡᠭᠡᠲᠦ ᠪᠤᠯᠪᠠ᠃ | ᠬᠤᠶᠠᠳᠤᠭᠠᠷ ᠬᠦᠪᠡᠭᠦᠨ ᠨᠢ ᠪᠠᠭᠤᠨ ᠨᠤᠶᠠᠨ᠂ ᠭᠤᠷᠪᠠᠳᠤᠭᠠᠷ ᠬᠦᠪᠡᠭᠦᠨ ᠨᠢ ᠪᠤᠷᠠᠬᠠᠢ᠂ ᠡᠳᠡ ᠬᠤᠶᠠᠭᠤᠯᠠ ᠬᠦᠯᠦᠨ | ᠪᠤᠶᠢᠷ ᠤᠨ ᠭᠠᠵᠠᠷ ᠨᠤᠲᠤᠭᠯᠠᠨ ᠰᠠᠭᠤᠪᠠ᠃ ᠪᠠᠭᠤᠨ ᠨᠤᠶᠠᠨ ᠠᠴᠠ ᠭᠤᠷᠪᠠᠨ ᠬᠦᠪᠡᠭᠦᠨ ᠲᠠᠢ ᠪᠠᠶᠢᠵᠦ᠂ ᠠᠬᠠᠮᠠᠳ | ᠨᠢ ᠬᠦᠨᠳᠦᠯᠡᠨ ᠳᠠᠶᠢᠴᠢᠩ ᠠᠷᠤ ᠬᠤᠷᠴᠢᠨ ᠠᠶᠢᠮᠠᠭ ᠤᠨ ᠳᠡᠭᠡᠲᠦ ᠪᠤᠯᠵᠤ᠂ ᠬᠤᠶᠠᠳᠤᠭᠠᠷ ᠬᠦᠪᠡᠭᠦᠨ ᠬᠠᠪᠠᠯᠠᠢ | ᠪᠠᠭᠠᠲᠤᠷ ᠦᠷ᠎ᠡ ᠢᠯᠡᠷᠡᠭᠰᠡᠨ ᠦᠭᠡᠢ᠂ ᠭᠤᠷᠪᠠᠳᠤᠭᠠᠷ ᠬᠦᠪᠡᠭᠦᠨ ᠨᠢ ᠨᠤᠶᠠᠨᠳᠠᠢ᠂ ᠲᠡᠭᠦᠨ ᠠᠴᠠ ᠳᠦᠷᠪᠡᠨ | ᠬᠦᠪᠡᠭᠦᠨ ᠲᠠᠢ ᠪᠠᠶᠢᠵᠦ᠂ ᠲᠤᠰ ᠲᠤᠰ ᠮᠠᠷᠬᠡᠠ ᠬᠤᠰᠢᠭᠤᠴᠢ ᠰᠠᠩᠬᠡ᠂ ᠲᠠᠷᠬᠠᠠ ᠲᠠᠶᠢᠵᠢ ᠰᠣᠨᠣᠮ᠂ ᠪᠦᠬᠡ | ᠲᠠᠶᠢᠵᠢ ᠤᠮᠪᠤ᠂ ᠮᠠᠷᠬᠡᠠ ᠲᠠᠶᠢᠵᠢ ᠢᠷᠡᠵᠡᠮ ᠪᠤᠯᠤᠨ᠎ᠠ᠃ ᠲᠠᠳᠠᠨ ᠤ ᠠᠶᠢᠮᠠᠭ ᠢ ︽ᠲᠦᠷᠪᠠᠠ ᠬᠡᠣᠬᠡᠣᠠ︾ ᠭᠡᠳᠡᠭ | ᠃ ᠲᠡᠭᠷᠢ ᠶᠢᠨ ᠰᠡᠴᠡᠨ ᠤ ᠳᠦᠷᠪᠡᠳᠦᠭᠡᠷ ᠤᠨ ︵1630︶ ᠳᠤ ᠠᠷᠤ ᠶᠢᠨ ᠤᠯᠠᠨ ᠠᠶᠢᠮᠠᠭ ᠤᠨ ᠳᠠᠷᠤᠭ᠎ᠠ ᠨᠠᠷ | ᠳᠠᠭᠠᠷ᠎ᠠ ᠢᠷᠡᠭᠰᠡᠨ ᠳᠤ᠂ ᠨᠤᠶᠠᠨᠳᠠᠢ ᠶᠢᠨ ᠳᠦᠷᠪᠡᠳᠦᠭᠡᠷ ᠬᠦᠪᠡᠭᠦᠨ ᠢᠷᠡᠵᠡᠮ ᠪᠠᠰᠠ ᠳᠠᠭᠠᠯᠳᠤᠵᠦ ᠢᠷᠡᠭᠡᠳ ᠮᠠᠨᠵᠦ | ᠶᠢᠨ ᠬᠠᠭᠠᠨ ᠳᠤ᠂ ᠮᠤᠷᠢ᠂ ᠪᠤᠯᠠᠭ᠎ᠠ ᠡᠷᠭᠦᠨ ᠪᠡᠷᠢᠪᠡ᠃1636 ᠤᠨ ᠳᠤ ᠳᠦᠷᠪᠡᠨ ᠬᠡᠥᠬᠡᠳ ᠤᠨ ᠤᠮᠪᠤ ᠪᠦᠬᠡ᠂ | ᠢᠷᠡᠵᠡᠮ ᠮᠡᠷᠭᠡᠨ ᠲᠠᠶᠢᠵᠢ ᠮᠦᠭᠳᠡᠨ ᠤ ᠬᠤᠷᠠᠯᠳᠤᠭᠠᠨ ᠳᠤ ᠤᠷᠤᠯᠴᠠᠵᠤ᠂ ᠭᠤᠪᠢ ᠶᠢᠨ ᠡᠮᠦᠨᠡᠬᠢ ᠪᠤᠰᠤᠳ ᠠᠷᠪᠠᠨ | ᠲᠠᠪᠤᠨ ᠠᠶᠢᠮᠠᠭ ᠤᠨ ᠳᠦᠴᠢᠨ ᠳᠤᠯᠤᠭᠠᠨ ᠢᠵᠠᠭᠤᠷᠲᠠᠨ ᠲᠠᠢ ᠬᠠᠮᠲᠦ ᠮᠠᠨᠵᠦ ᠶᠢᠨ ᠰᠡᠴᠡᠨ ᠬᠠᠭᠠᠨ ᠢ ︽ᠪᠤᠭᠳᠠ | ᠰᠡᠴᠡᠨ ᠬᠠᠭᠠᠨ︾ ᠬᠡᠮᠡᠨ ᠡᠷᠭᠦᠮᠵᠢᠯᠡᠭᠰᠡᠨ ᠠᠴᠠ᠂ ᠳᠦᠷᠪᠡᠨ ᠬᠡᠥᠬᠡᠳ ᠤᠨ ᠠᠶᠢᠮᠠᠭ ᠨᠢ ᠵᠢᠩᠬᠢᠨᠢ ᠪᠠᠷ ᠴᠢᠩ | ᠤᠯᠤᠰ ᠤᠨ ᠨᠤᠶᠠᠷᠬᠠᠯ ᠢ ᠬᠦᠯᠢᠶᠡᠵᠠᠢ᠃ ᠡᠨᠡ ᠦᠶ᠎ᠡ ᠳᠤ ᠳᠦᠷᠪᠡᠨ ᠬᠡᠥᠬᠡᠳ ᠤᠨ ᠠᠶᠢᠮᠠᠭ ᠨᠢ ᠰᠢᠷᠠᠮᠦᠷᠡᠨ ᠠᠴᠠ | ᠤᠮᠠᠷᠠᠰᠢ ᠪᠠᠶᠢᠷᠰᠢᠵᠦ᠂ 1646 ᠤᠨ ᠤ ᠡᠮᠦᠨ᠎ᠡ ᠨᠡᠭᠦᠳᠡᠯᠯᠡᠵᠦ ᠤᠯᠠᠭᠠᠨᠴᠠᠪ ᠤᠨ ᠦᠨᠳᠦᠷᠯᠢᠭ ᠳᠤ | ᠨᠤᠲᠤᠭᠯᠠᠭᠰᠠᠨ ᠪᠠᠶᠢᠨ᠎ᠠ᠃ ᠤᠯᠠᠭᠠᠨᠴᠠᠪ ᠤᠨ ᠦᠨᠳᠦᠷᠯᠢᠭ ᠳᠤ ᠨᠡᠭᠦᠭᠰᠡᠨ ᠤ ᠳᠠᠷᠠᠭᠠᠬᠢ ᠳᠦᠷᠪᠡᠨ ᠬᠡᠥᠬᠡᠳ ᠤᠨ | ᠠᠶᠢᠮᠠᠭ ᠤᠨ ᠨᠤᠲᠤᠭ ᠨᠢ ᠶᠡᠭᠡ ᠲᠦᠯᠦᠪ ᠤᠳᠤ ᠶᠢᠨ ᠳᠦᠷᠪᠡᠨ ᠬᠡᠥᠭᠡᠳ ᠤᠨ ᠬᠤᠰᠢᠭᠤ ᠪᠤᠯᠤᠨ ᠦᠴᠦᠸᠠᠨ | ᠰᠢᠶᠠᠨ ᠤ ᠨᠢᠭᠡ ᠬᠡᠰᠡᠭ ᠪᠤᠯᠤᠨ᠎ᠠ᠃ ᠬᠤᠰᠢᠭᠤᠨ ᠤ ᠵᠠᠰᠠᠭ ᠨᠢ ᠤᠯᠠᠭᠠᠨ ᠡᠷᠭᠢ ᠳᠤ ᠰᠠᠭᠤᠵᠤ ᠪᠠᠶᠢᠪᠠ᠃ ᠴᠢᠩ | ᠤᠯᠤᠰ ᠤᠨ ᠦᠶ᠎ᠡ ᠳᠤ ᠳᠦᠷᠪᠡᠨ ᠬᠡᠥᠬᠡᠳ ᠤᠨ ᠬᠤᠰᠢᠭᠤᠨ ᠤ ᠠᠩᠬᠠᠳᠤᠭᠴᠢ ᠵᠠᠰᠠᠭ ᠨᠤᠶᠠᠨ ᠤᠮᠪᠤ ᠳᠠᠷᠬᠠᠨ | ᠵᠤᠷᠢᠭᠲᠦ ᠨᠢ ᠴᠢᠩ ᠤᠯᠤᠰ ᠤᠨ ᠪᠤᠭᠤᠮᠲᠠ ᠶᠢ ᠳᠠᠪᠠᠵᠦ ᠮᠢᠩ ᠤᠯᠰ ᠲᠠᠢ ᠪᠠᠶᠢᠯᠳᠤᠭᠰᠠᠨ ᠪᠠ ᠰᠦᠨᠢᠳ ᠤᠨ | ᠲᠠᠩᠭᠢᠰ ᠢ ᠨᠡᠬᠡᠵᠦ ᠪᠠᠶᠢᠯᠳᠤᠭᠰᠠᠨ ᠭᠤᠪᠢᠶᠠ ᠲᠠᠢ ᠤᠴᠢᠷ ᠡᠶᠡᠪᠡᠷ ᠵᠠᠰᠠᠭᠴᠢ ᠶᠢᠨ ᠵᠢᠷᠭᠤᠳᠤᠭᠠᠷ ᠤᠨ ︵1649︶ | ᠳᠤ ᠲᠡᠭᠦᠨ ᠢ ᠳᠠᠷᠬᠠᠨ ᠵᠤᠷᠢᠭᠲᠦ ᠵᠢᠶᠦ᠋ᠨ ᠸᠠᠩ ᠢᠶᠠᠷ ᠡᠷᠭᠦᠮᠵᠢᠯᠡᠵᠦ᠂ ᠵᠡᠷᠭᠡ ᠬᠡᠷᠬᠡᠮ ᠢ ᠨᠢ ᠦᠶ᠎ᠡ ᠤᠯᠠᠷᠢᠨ | ᠵᠠᠯᠭᠠᠮᠵᠢᠯᠠᠭᠤᠯᠵᠠᠢ᠃ ᠡᠶᠢᠮᠦ ᠠᠴᠠ ᠳᠦᠷᠪᠡᠨ ᠬᠡᠥᠬᠡᠳ ᠤᠨ ᠬᠤᠰᠢᠭᠤᠨ ᠤ ᠵᠠᠰᠠᠭ ᠨᠤᠶᠠᠳ ᠤᠨ ᠵᠡᠷᠭᠡ ᠬᠡᠷᠬᠡᠮ ᠨᠢ | ᠤᠯᠠᠭᠠᠨᠴᠠᠪ ᠤᠨ ᠴᠢᠭᠤᠯᠭᠠᠨ ᠤ ᠪᠤᠰᠤᠳ ᠲᠠᠪᠤᠨ ᠬᠤᠰᠢᠭᠤᠨ ᠤ ᠵᠠᠰᠠᠭ ᠨᠤᠶᠠᠳ ᠠᠴᠠ ᠦᠨᠳᠦᠷ ᠪᠠᠶᠢᠵᠦ᠂ | ᠤᠯᠠᠨ ᠤᠳᠠᠭ᠎ᠠ ᠴᠢᠭᠤᠯᠭᠠᠨ ᠤ ᠳᠠᠷᠤᠭ᠎ᠠ ᠶᠢᠨ ᠲᠤᠰᠢᠶᠠᠯ ᠢ ᠬᠠᠷᠢᠭᠤᠴᠠᠵᠠᠢ᠃ | ᠮᠤᠤᠮᠢᠩᠭᠠᠨ ᠠᠶᠢᠮᠠᠭ᠄ | ᠮᠤᠤᠮᠢᠩᠭᠠᠨ ᠪᠤᠯ ᠤᠤᠯ ᠤᠨ ᠬᠤᠷᠴᠢᠨ ᠲᠦᠮᠡᠨ ᠤ ᠪᠠᠷᠠᠭᠤᠨ ᠭᠠᠷᠤᠨ ᠳᠤᠯᠤᠭᠠᠨ ᠤᠲᠤᠭ ᠤᠨ ᠨᠢᠭᠡ ᠨᠢ᠂ | ᠲᠡᠭᠦᠨ ᠤ ᠵᠦᠪ ᠪᠢᠴᠢᠯᠭᠡ ᠨᠢ ︽ᠮᠠᠭᠤ ᠮᠢᠩᠭᠠᠨ︾ ᠭᠡᠳᠡᠭ᠃ ᠮᠠᠭᠤ ᠮᠢᠩᠭᠠᠨ ᠡᠷᠲᠡ ᠠᠴᠠ ᠬᠠᠪᠤᠲᠦ ᠬᠠᠰᠠᠷ ᠤᠨ | ᠤᠷᠳᠤ ᠶᠢ ᠦᠪᠯᠡᠵᠦ ᠢᠷᠡᠭᠰᠡᠨ ᠪᠦᠭᠡᠳ ᠬᠠᠰᠠᠷ ᠤᠨ ᠤᠷᠤᠭ ᠤᠨ ᠠᠬᠠᠮᠠᠳ ᠬᠦᠪᠡᠭᠦᠨ ᠤ ᠤᠳᠤᠮ ᠳᠤ ᠰᠢᠭᠤᠳ | ᠨᠤᠶᠠᠯᠠᠭᠳᠠᠭᠰᠠᠨ ᠲᠤᠯᠠ᠂ ᠬᠤᠷᠴᠢᠨ ᠲᠦᠮᠡᠨ ᠠᠴᠠ ᠰᠠᠯᠪᠤᠷᠢᠯᠠᠭᠰᠠᠨ ᠬᠢᠩᠭᠠᠨ ᠳᠠᠪᠠᠭᠠᠨ ᠤ ᠠᠷᠤ ᠦᠯᠭᠡ ᠶᠢᠨ | ᠠᠶᠢᠮᠠᠭ ᠤᠳ ᠤᠨ ᠢᠵᠠᠭᠤᠷᠲᠠᠳ ᠳᠤᠲᠤᠷ᠎ᠠ ᠭᠠᠭᠴᠠ ᠮᠤᠤᠮᠢᠩᠭᠠᠨ ᠲᠠᠶᠢᠵᠢ ᠨᠠᠷ 17 ᠳ᠋ᠤᠭᠠᠷ ᠵᠠᠭᠤᠨ ᠤ ᠡᠬᠢᠨ | ᠪᠤᠯᠲᠠᠯ᠎ᠠ ︽ᠬᠠᠨ︾ ᠴᠤᠯᠠ ᠠᠪᠴᠤ᠂ ᠬᠠᠰᠠᠷ ᠤᠨ ᠬᠦᠪᠡᠭᠦᠨ ᠤ ᠠᠬᠠᠮᠠᠳ ᠬᠦᠪᠡᠭᠦᠨ ᠤ ᠲᠦᠪ ᠤᠳᠤᠮᠰᠢᠯ ᠢ | ᠪᠠᠷᠢᠮᠲᠠᠯᠠᠵᠦ᠂ ᠤᠯᠤᠰ ᠲᠦᠷᠦ ᠶᠢᠨ ᠲᠠᠯ᠎ᠠ ᠪᠠᠷ ᠡᠯ᠎ᠡ ᠠᠶᠢᠮᠠᠭ ᠤᠨ ᠲᠤᠳᠤᠷ᠎ᠠ ᠪᠠᠨ ᠳᠠᠪᠠᠭᠤ ᠪᠠᠶᠢᠷᠢ ᠶᠢ ᠡᠵᠡᠯᠡᠵᠦ | ᠪᠠᠶᠢᠵᠠᠢ᠃ | 16 ᠳ᠋ᠤᠭᠠᠷ ᠵᠠᠭᠤᠨ ᠤ ᠭᠤᠴᠢᠭᠠᠳ ᠤᠨ ᠳᠤ ᠬᠤᠷᠴᠢᠨ ᠲᠦᠮᠡᠨ ᠵᠠᠳᠠᠷᠠᠭᠰᠠᠨ ᠳᠤ᠂ ᠪᠤᠯᠤᠨᠠᠢ ᠶᠢᠨ | ᠠᠬᠠᠮᠠᠳ ᠬᠦᠪᠡᠭᠦᠨ ᠤᠷᠲᠤᠳᠠᠢ ᠪᠤᠶᠠᠨᠲᠦ ᠤᠩ ᠤᠨ ᠦᠷ᠎ᠡ ᠠᠴᠢᠨᠠᠷ ᠬᠤᠷᠴᠢᠨ ᠤ ᠪᠠᠷᠠᠭᠤᠨ ᠭᠠᠷ ᠤᠨ ᠳᠤᠯᠤᠭᠠᠨ | ᠤᠲᠤᠭ ᠠᠴᠠ ᠰᠢᠨ᠎ᠡ ᠮᠢᠩᠭᠠᠨ ᠲᠠᠪᠤᠨ᠂ ᠮᠠᠭᠤ ᠮᠢᠩᠭᠠᠨ ᠬᠤᠶᠠᠷ ᠤᠲᠤᠭ ᠤᠨ ᠤᠯᠤᠰ ᠢᠷᠭᠡᠨ ᠢ ᠨᠤᠶᠠᠯᠠᠵᠦ᠂ | ᠤᠨᠤᠨ ᠮᠦᠷᠡᠨ ᠤ ᠳᠤᠮᠳᠠᠳᠤ ᠰᠠᠪᠠ ᠭᠠᠵᠠᠷ ᠲᠠᠬᠢ ᠨᠢᠪᠴᠦ᠋ ᠤᠷᠴᠢᠮ ᠢᠶᠠᠷ ᠨᠤᠲᠤᠭᠯᠠᠨ ᠮᠠᠯᠵᠢᠵᠦ ᠪᠠᠶᠢᠵᠠᠢ᠃ | ᠰᠤᠷᠪᠤᠯᠵᠢᠰ ᠲᠤ ᠮᠤᠤᠮᠢᠩᠭᠠᠨ ᠠᠶᠢᠮᠠᠭ ᠤᠨ ᠨᠤᠶᠠᠳ ᠤᠨ ᠤᠭ ᠢ ᠪᠦᠷ ᠤᠷᠲᠤᠳᠠᠢ ᠪᠤᠶᠠᠨᠳᠤ ᠤᠩ ᠠᠴᠠ ᠡᠬᠢᠯᠡᠨ | ᠪᠢᠴᠢᠭᠯᠡᠳᠡᠭ᠃ ᠤᠷᠲᠤᠳᠠᠢ ᠪᠤᠶᠠᠨᠲᠦ ᠶᠢᠨ ᠬᠦᠪᠡᠭᠦᠨ ᠨᠢ ᠰᠢᠷ᠎ᠠ ᠬᠢᠲᠠᠳ ᠭᠡᠳᠡᠭ᠂ ᠲᠡᠭᠦᠨ ᠠᠴᠠ ᠭᠤᠷᠪᠠᠨ | ᠬᠦᠪᠡᠭᠦᠨ ᠲᠠᠢ᠂ ᠠᠬᠠᠮᠠᠳ ᠨᠢ ᠳᠤᠷᠵᠢ᠂ ᠬᠤᠶᠠᠳᠤᠭᠠᠷ ᠨᠢ ᠭᠦᠮᠦ ᠪᠠᠭᠠᠳᠤᠷ᠂ ᠭᠤᠷᠪᠠᠳᠤᠭᠠᠷ ᠨᠢ ᠰᠠᠩᠬᠠᠷᠴᠢ | ᠬᠤᠩᠬᠤᠷ ᠭᠡᠳᠡᠭ᠃ ᠠᠬᠠᠮᠠᠳ ᠬᠦᠪᠡᠭᠦᠨ ᠳᠤᠷᠵᠢ ᠶᠢᠨ ᠴᠤᠯᠠ ᠨᠢ ᠪᠤᠶᠠᠨᠲᠦ ᠬᠠᠨ᠂ ᠲᠡᠭᠦᠨ ᠤ ᠬᠦᠪᠡᠭᠦᠨ ᠴᠡᠭᠡᠨ | ᠵᠠᠯᠭᠠᠮᠵᠢᠯᠠᠭᠠᠳ ᠮᠤᠤᠮᠢᠩᠭᠠᠨ ᠢ ᠨᠤᠶᠠᠯᠠᠪᠠ᠃ ᠴᠡᠭᠡᠨ ᠬᠠᠨ 1632 ᠤᠨ ᠳᠤ ᠮᠠᠨᠵᠤ ᠳᠤ ᠳᠠᠭᠠᠷ᠎ᠠ ᠢᠷᠡᠭᠡᠳ | ᠳᠠᠷᠠᠭ᠎ᠠ ᠵᠢᠯ ᠨᠢ ᠶᠡᠭᠡ ᠴᠡᠷᠢᠭ ᠢ ᠳᠠᠭᠠᠯᠳᠤᠨ ᠮᠢᠩ ᠤᠯᠤᠰ ᠢ ᠳᠠᠶᠢᠯᠠᠪᠠ᠃ ᠮᠤᠤᠮᠢᠩᠭᠠᠨ ᠤ ᠨᠤᠲᠤᠭ ᠨᠢ ᠤᠷᠠᠳ | ᠲᠠᠢ ᠠᠳᠠᠯᠢ ᠪᠠᠷ ︽ᠠᠷᠤ ᠮᠤᠩᠭᠤᠯ︾ ᠤᠨ ᠬᠡᠳᠤᠨ ᠠᠶᠢᠠᠮᠭ ᠤᠨ ᠬᠠᠮᠤᠭ ᠠᠷᠤ ᠪᠠᠷ ᠲᠠᠷᠬᠠᠭᠰᠠᠨ ᠲᠤᠯᠠ ᠮᠠᠨᠵᠦ | ᠲᠠᠢ ᠬᠠᠷᠢᠴᠠᠭ᠎ᠠ ᠭᠠᠷᠤᠭᠰᠠᠨ ᠨᠢ ᠨᠡᠯᠢᠶᠡᠳ ᠤᠷᠤᠢ ᠪᠠᠶᠢᠵᠠᠢ᠃ 1638 ᠤᠨ ᠳᠤ ᠮᠤᠤᠮᠢᠩᠭᠠᠨ ᠤ ᠴᠡᠭᠡᠨ ᠬᠠᠨ | ᠨᠠᠰᠤ ᠪᠠᠷᠠᠵᠤ᠂ 1664 ᠤᠨ ᠳᠤ ᠴᠢᠩ ᠤᠯᠤᠰ ᠠᠴᠠ ᠴᠡᠭᠡᠨ ᠤ ᠬᠦᠪᠡᠭᠦᠨ ᠰᠡᠩᠭᠡ ᠶᠢ ᠵᠠᠰᠠᠭ ᠨᠢᠭᠡᠳᠦᠭᠡᠷ | ᠵᠡᠷᠭᠡ ᠶᠢᠨ ᠲᠠᠶᠢᠵᠢ ᠡᠷᠭᠦᠮᠵᠢᠯᠡᠭᠡᠳ ᠮᠤᠤᠮᠢᠩᠭᠠᠨ ᠠᠶᠢᠮᠠᠭ ᠵᠢᠩᠬᠢᠨᠢ ᠪᠠᠷ ᠵᠠᠰᠠᠭ ᠬᠤᠰᠢᠭᠤ ᠪᠤᠯᠪᠠ᠃ 1675 | ᠤᠨ ᠳᠤ ᠴᠢᠩ ᠤᠯᠤᠰ ᠤᠨ ᠵᠠᠷᠯᠢᠭ ᠢᠶᠠᠷ ᠮᠤᠤᠮᠢᠩᠭᠠᠨᠴᠤᠳ ᠳ᠋ᠡᠲ᠋ᠦ᠋ᠩ ᠤᠷᠴᠢᠮ ᠤᠨ ᠭᠠᠵᠠᠷ ᠲᠤ ᠰᠡᠷᠭᠡᠶᠢᠯᠡᠨ | ᠰᠠᠬᠢᠭᠰᠠᠨ ᠠᠴᠠ ᠦᠵᠡᠪᠡᠯ ᠮᠤᠤᠮᠢᠩᠭᠠᠨ ᠨᠢ ᠬᠦᠯᠦᠨ ᠪᠤᠶᠢᠷ ᠤᠨ ᠨᠤᠲᠤᠭ ᠠᠴᠠ ᠪᠠᠨ ᠨᠡᠭᠦᠳᠡᠯᠯᠡᠨ ᠬᠦᠬᠡᠬᠤᠲᠠ | ᠳ᠋ᠡᠲ᠋ᠦ᠋ᠩ ᠤᠨ ᠭᠠᠵᠠᠷ ᠬᠦᠷᠴᠦ᠂ ᠰᠢᠯᠲᠠᠭᠠᠨ ᠨᠢ ᠴᠢᠩ ᠤᠯᠤᠰ ᠤᠨ ᠴᠡᠷᠢᠭ ᠳᠠᠶᠢᠨ ᠤ ᠬᠡᠷᠡᠭᠴᠡᠭᠡ ᠳᠠᠷᠤᠢ ᠬᠠᠯᠬ᠎ᠠ | ᠶᠢᠨ ᠡᠮᠦᠨᠡᠰᠢ ᠲᠦᠷᠢᠬᠦ ᠶᠢ ᠰᠡᠷᠭᠡᠶᠢᠯᠡᠵᠦ ᠪᠠᠶᠢᠵᠠᠢ᠂ ᠡᠶᠢᠮᠦ ᠠᠴᠠ ᠮᠤᠤᠮᠢᠩᠭᠠᠨ ᠤᠯᠠᠭᠠᠨᠴᠠᠪ ᠤᠨ ᠦᠨᠳᠦᠷᠯᠢᠭ ᠲᠤ | ᠨᠡᠭᠦᠨ ᠬᠦᠷᠦᠭᠰᠡᠨ ᠨᠢ ᠨᠠᠭᠠᠳᠦ ᠵᠠᠬ᠎ᠠ ᠳᠤ ᠪᠠᠨ ᠡᠩᠬᠡ ᠠᠮᠤᠭᠤᠯᠠᠩ ᠤᠨ ᠡᠬᠢᠨ ᠤ ᠤᠨ ᠤᠳ ᠪᠠᠶᠢᠵᠠᠢ᠃ ᠴᠢᠩ | ᠤᠯᠤᠰ ᠤᠨ ᠦᠶ᠎ᠡ ᠮᠤᠤᠮᠢᠩᠭᠠᠨ ᠬᠤᠰᠢᠭᠤᠨ ᠤ ᠭᠠᠵᠠᠷ ᠨᠢ ᠤᠳᠤ ᠶᠢᠨ ᠳᠠᠷᠬᠠᠨ ᠮᠤᠤᠮᠢᠩᠭᠠᠨ ᠬᠤᠯᠪᠤᠭᠠᠳᠤ | ᠬᠤᠰᠢᠭᠤᠨ ᠤ ᠪᠠᠷᠠᠭᠤᠨ ᠬᠡᠰᠡᠭ ᠪᠠ ᠪᠤᠭᠤᠲᠦ ᠬᠤᠲᠠ ᠶᠢᠨ ᠪᠠᠶᠠᠨ᠋ᠤ᠋ᠪᠤᠭ᠎ᠠ ᠶᠢᠨ ᠠᠭᠤᠷᠬᠠᠢ ᠶᠢᠨ ᠤᠷᠤᠨ ᠵᠢᠴᠢ | ᠭᠦᠶᠠᠩ ᠰᠢᠶᠠᠨ ᠤ ᠨᠢᠭᠡ ᠬᠡᠰᠡᠭ ᠢ ᠪᠠᠭᠲᠠᠭᠠᠵᠦ ᠪᠠᠶᠢᠵᠠᠢ᠃ | ᠤᠷᠠᠳ ᠠᠶᠢᠮᠠᠭ᠄ | ᠤᠷᠠᠳ ᠪᠤᠯ ᠬᠤᠷᠴᠢᠨ ᠲᠦᠮᠡᠨ ᠤ ᠪᠠᠷᠠᠭᠤᠨ ᠭᠠᠷ ᠤᠨ ᠳᠤᠯᠤᠭᠠᠨ ᠤᠲᠤᠭ ᠤᠨ ᠨᠢᠭᠡ ᠨᠢ ᠪᠤᠯᠤᠨ᠎ᠠ᠃ | ᠲᠦᠮᠡᠢ ᠵᠠᠶᠠᠭᠠᠴᠢ ᠶᠢᠨ ᠭᠤᠳᠠᠭᠠᠷ ᠬᠦᠪᠡᠭᠦᠨ ᠪᠤᠷᠬᠠᠢ ᠤᠳᠬᠤᠨ 16 ᠳ᠋ᠤᠭᠠᠷ ᠵᠠᠭᠤᠨ ᠤ ᠭᠤᠴᠢᠭᠠᠳ ᠤᠨ | ᠠᠴᠠ ᠡᠬᠢᠯᠡᠨ ᠬᠤᠷᠴᠢᠨ ᠲᠦᠮᠡᠨ ᠤ ᠪᠠᠷᠠᠭᠤᠨ ᠭᠠᠷ ᠤᠨ ᠳᠤᠯᠤᠭᠠᠨ ᠤᠲᠤᠭ ᠤᠨ ᠨᠢᠭᠡ ᠪᠤᠯᠬᠤ ᠤᠷᠠᠳ ᠢ | ᠨᠢᠭᠡᠲᠤᠯᠲᠡᠢ ᠨᠤᠶᠠᠯᠠᠵᠦ᠂ ᠠᠬ᠎ᠠ ᠪᠤᠯᠤᠭᠰᠠᠨ ᠪᠠᠭᠤᠨ ᠨᠤᠶᠠᠨ ᠤ ᠬᠠᠷᠢᠶᠠᠲᠦ ᠠᠷᠤ ᠬᠤᠷᠴᠢᠨ ᠲᠠᠢ ᠴᠤᠭ ᠬᠢᠩᠭᠠᠨ | ᠳᠠᠪᠠᠭᠠᠨ ᠤ ᠠᠷᠤ ᠳᠤ ᠨᠤᠲᠤᠭᠯᠠᠵᠤ ᠪᠠᠶᠢᠭᠰᠠᠨ ᠢᠶᠠᠨ17 ᠳ᠋ᠤᠭᠠᠷ ᠵᠠᠭᠤᠨ ᠤ ᠡᠬᠢᠨ ᠤ ᠦᠶ᠎ᠡ ᠳᠤ ᠲᠡᠭᠦᠨ ᠤ | ᠠᠬᠠᠮᠠᠳ ᠬᠦᠪᠡᠭᠦᠨ ᠯᠠᠶᠢᠬᠠ ᠶᠢᠨ ᠤᠮᠪᠤᠯᠤ ᠤᠮᠪᠤ ᠲᠦᠮᠡᠨ ᠳᠠᠷᠬᠠᠨ᠂ ᠤᠳᠬᠤᠨ ᠬᠦᠪᠡᠭᠦᠨ ᠪᠠᠷᠰᠠᠢ ᠶᠢᠨ | ᠬᠤᠶᠠᠳᠤᠭᠠᠷ ᠬᠦᠪᠡᠭᠦᠨ ᠬᠠᠨᠢᠰᠠ ᠴᠢᠩ ᠲᠠᠶᠢᠵᠢ ᠶᠢᠨ ᠤᠮᠪᠤᠯᠤ ᠰᠡᠷᠡᠩ ᠪᠠ ᠪᠠᠷᠰᠠᠢ ᠶᠢᠨ ᠲᠠᠪᠤᠳᠤᠭᠠᠷ ᠬᠦᠪᠡᠭᠦᠨ | ᠬᠠᠨᠢᠲᠠᠢ ᠪᠢᠩᠲᠦ ᠲᠠᠶᠢᠵᠢ ᠶᠢᠨ ᠬᠦᠪᠡᠭᠦᠨ ᠲᠤᠪᠠ ᠶᠢᠨ ᠦᠶ᠎ᠡ ᠪᠤᠯᠬᠤ ᠳᠤ ᠤᠷᠠᠳ ᠤᠨ ᠠᠶᠢᠮᠠᠭ ᠢᠷᠭᠡᠨ ᠳᠤᠲᠤᠷ᠎ᠠ | ᠪᠠᠨ ᠭᠤᠷᠪᠠᠨ ᠬᠡᠰᠡᠭ ᠪᠤᠯᠵᠤ ᠬᠤᠪᠢᠶᠠᠭᠳᠠᠨ ᠲᠤᠰ ᠲᠤᠰ ᠤᠮᠪᠤ ᠲᠦᠮᠡᠨ ᠳᠠᠷᠬᠠᠨ᠂ ᠰᠡᠷᠡᠩ ᠢᠯᠳᠠᠨ ᠭᠦᠩ᠂ | ᠲᠤᠪᠠ ᠭᠦᠩ ᠳᠤ ᠬᠠᠷᠢᠶᠠᠯᠠᠭᠳᠠᠬᠤ ᠪᠤᠯᠵᠤ ᠤᠷᠠᠳ ᠨᠢ ᠭᠤᠷᠪᠠᠨ ᠤᠷᠠᠳ ᠪᠤᠯᠤᠭᠰᠠᠨ ᠪᠠᠶᠢᠨ᠎ᠠ᠃17 ᠳ᠋ᠤᠭᠠᠷ | ᠵᠠᠭᠤᠨ ᠤ ᠡᠬᠢᠨ ᠤ ᠦᠶ᠎ᠡ ᠳᠤ ︽ᠠᠷᠤ ᠮᠤᠩᠭᠤᠯ︾ ᠤᠨ ᠬᠡᠳᠦᠨ ᠠᠶᠢᠮᠠᠭ ᠳᠤᠲᠤᠷ᠎ᠠ ᠤᠷᠠᠳ ᠬᠢᠭᠡᠳ | ᠮᠤᠤᠮᠢᠩᠭᠠᠨ ᠨᠢ ᠠᠷᠤ ᠬᠤᠷᠴᠢᠨ᠂ ᠳᠦᠷᠪᠡᠨ ᠬᠡᠥᠬᠡᠳ ᠠᠴᠠ ᠤᠮᠠᠷᠠᠰᠢᠬᠢ ᠬᠦᠯᠦᠨ ᠪᠤᠶᠢᠷ ᠤᠨ ᠲᠠᠯ᠎ᠠ ᠨᠤᠲᠤᠭ | ᠲᠤ ᠨᠤᠲᠤᠭᠯᠠᠵᠦ ᠪᠠᠶᠢᠭᠰᠠᠨ ᠲᠤᠯᠠ ᠤᠩᠨᠢᠭᠤᠳ᠂ ᠠᠷᠤ ᠬᠤᠷᠴᠢᠨ᠂ ᠳᠦᠷᠪᠡᠨ ᠬᠡᠥᠭᠡᠳ ᠠᠴᠠ ᠰᠡᠭᠦᠯᠡᠷ | ᠵᠦᠷᠴᠢᠨ ᠤ ᠬᠤᠶᠢᠲᠦ ᠠᠯᠲᠠᠨ ᠤᠯᠤᠰ ᠲᠠᠢ ᠬᠠᠷᠢᠴᠠᠭ᠎ᠠ ᠭᠠᠷᠴᠠᠢ᠃ ᠴᠢᠩ ᠤᠯᠤᠰ ᠤᠨ ᠨᠤᠶᠠᠷᠬᠠᠯ ᠳᠤ | ᠤᠷᠤᠭᠰᠠᠨ ᠤ ᠳᠠᠷᠠᠭ᠎ᠠ ᠮᠠᠯᠵᠢᠯ ᠨᠤᠲᠤᠭ ᠨᠢ ᠡᠮᠦᠨᠡᠰᠢᠯᠡᠵᠦ ᠪᠠᠶᠢᠭᠰᠠᠨ ᠪᠦᠭᠡᠳ ᠤᠷᠠᠳ ᠤᠨ ᠨᠤᠶᠠᠳ ᠴᠢᠩ | ᠤᠯᠤᠰ ᠤᠨ ᠶᠡᠭᠡ ᠴᠡᠷᠢᠭ ᠲᠤ ᠤᠷᠤᠯᠴᠠᠨ ᠭᠠᠪᠢᠶ᠎ᠠ ᠪᠠᠶᠢᠭᠤᠯᠵᠤ ᠪᠠᠶᠢᠭᠰᠠᠨ ᠪᠦᠭᠡᠳ1648 ᠤᠨ ᠳᠤ ᠴᠢᠩ | ᠤᠯᠤᠰ ᠠᠴᠠ ᠭᠤᠷᠪᠠᠨ ᠤᠷᠠᠳ ᠢ ᠵᠢᠩᠬᠢᠨᠢ ᠪᠠᠷ ᠬᠤᠰᠢᠭᠤ ᠪᠤᠯᠭᠠᠨ ᠪᠠᠶᠢᠭᠤᠯᠵᠤ᠂ ᠲᠤᠪᠠ ᠡᠷᠬᠡ ᠲᠠᠶᠢᠵᠢ ᠶᠢ | ᠤᠷᠠᠳ ᠤᠨ ᠬᠤᠶᠢᠲᠦ ᠬᠤᠰᠢᠭᠤᠨ ︵ᠪᠠᠷᠠᠭᠤᠨ ᠬᠤᠰᠢᠭᠤ︶ ᠤ ᠵᠠᠰᠠᠭ ᠤᠯᠤᠰ ᠤᠨ ᠲᠦᠰᠢᠶ᠎ᠡ ᠭᠦᠩ | ᠡᠷᠭᠦᠮᠵᠢᠯᠡᠵᠦ᠂ ᠤᠮᠪᠤ ᠲᠦᠮᠡᠨ ᠳᠠᠷᠬᠠᠨ ᠤ ᠬᠦᠪᠡᠭᠦᠨ ᠤᠪᠠᠨ ᠢ ᠤᠷᠠᠳ ᠤᠨ ᠡᠮᠦᠨᠡᠲᠦ ᠬᠤᠰᠢᠭᠤᠨ ︵ᠵᠡᠭᠦᠨ | ᠬᠤᠰᠢᠭᠤ︶ ᠤ ᠵᠠᠰᠠᠭ ᠤᠯᠤᠰ ᠤᠨ ᠲᠦᠰᠢᠶ᠎ᠡ ᠭᠦᠩ ᠡᠷᠭᠦᠮᠵᠢᠯᠡᠵᠦ᠂ ᠰᠡᠷᠡᠩ ᠢᠯᠳᠠᠨ ᠭᠦᠩ ᠤᠨ ᠬᠦᠪᠡᠭᠦᠨ | ᠪᠠᠭᠠᠪᠠᠭ᠋ᠠᠢ ᠶᠢ ᠤᠷᠠᠳ ᠤᠨ ᠳᠤᠮᠳᠠᠳᠤ ᠬᠤᠰᠢᠭᠤᠨ ᠤ ᠵᠠᠰᠠᠭ ᠤᠯᠤᠰ ᠲᠤᠷ ᠲᠤᠰᠠᠯᠠᠭᠴᠢ ᠭᠦᠩ ᠡᠷᠭᠦᠮᠵᠢᠯᠡᠵᠦ᠂ | ᠭᠦᠩ ᠤᠨ ᠵᠡᠷᠭᠡ ᠶᠢ ᠦᠶ᠎ᠡ ᠤᠯᠠᠮᠵᠢᠯᠠᠨ ᠲᠠᠰᠤᠷᠠᠯ ᠦᠬᠡᠢ ᠵᠠᠯᠮᠭᠠᠮᠵᠢᠯᠠᠭᠤᠯᠵᠠᠢ᠃ 1649 ᠤᠨ ᠳᠤ ᠠᠷᠤ | ᠬᠠᠯᠬ᠎ᠠ ᠶᠢᠨ ᠡᠮᠦᠨᠡᠰᠢ ᠲᠦᠷᠢᠬᠦ ᠶᠢ ᠰᠡᠷᠭᠡᠶᠢᠯᠡᠬᠦ ᠶᠢᠨ ᠲᠦᠯᠦᠭᠡ ᠭᠤᠷᠪᠠᠨ ᠤᠷᠠᠳ ᠢ ᠬᠠᠲᠤᠨ ᠭᠤᠤᠯ ᠤᠨ ᠪᠤᠷᠤ | ᠲᠤᠬᠤᠢ ᠶᠢᠨ ᠬᠤᠶᠢᠲᠦ ᠬᠦᠪᠡᠭᠡᠨ ᠳᠤ ᠨᠡᠭᠦᠯᠭᠡᠭᠰᠡᠨ ᠪᠠᠶᠢᠨ᠎ᠠ᠃ ᠤᠷᠠᠳ ᠤᠨ ᠭᠤᠷᠪᠠᠨ ᠬᠤᠰᠢᠭᠤ ᠨᠢ ᠤᠯᠠᠭᠠᠨᠴᠠᠪ | ᠤᠨ ᠴᠢᠭᠤᠯᠭᠠᠨ ᠳᠤ ᠬᠠᠷᠢᠶᠠᠯᠠᠭᠳᠠᠳᠠᠭ᠃ ᠪᠠᠷᠠᠭᠤᠨᠰᠢ ᠨᠡᠭᠦᠭᠰᠡᠨ ᠤ ᠳᠠᠷᠠᠭᠠᠬᠢ ᠤᠷᠠᠳ ᠤᠨ ᠭᠤᠷᠪᠠᠨ ᠬᠤᠰᠢᠭᠤ | ᠨᠢ ᠦᠨᠳᠦᠰᠦᠨ ᠳᠡᠭᠡᠨ ᠴᠤᠭ ᠮᠠᠯᠵᠢᠵᠦ ᠬᠤᠰᠢᠭᠤᠨ ᠤ ᠬᠤᠭᠤᠷᠤᠨᠳᠤ ᠪᠠᠨ ᠲᠤᠳᠤᠷᠬᠠᠢ ᠵᠠᠭᠠᠭ ᠦᠭᠡᠢ ᠪᠠᠶᠢᠵᠠᠢ᠃ | ᠨᠤᠲᠤᠭ ᠨᠢ ᠬᠠᠲᠤᠨ ᠭᠤᠤᠯ ᠤᠨ ᠬᠤᠶᠢᠲᠦ ᠬᠦᠪᠡᠭᠡᠨ ᠠᠴᠠ ᠤᠮᠠᠷᠠᠳᠠᠬᠢ ᠮᠤᠨᠠ ᠬᠠᠨ ᠤ ᠠᠷᠤ ᠪᠠᠷ ᠲᠠᠷᠬᠠᠵᠦ᠂ | ᠵᠡᠭᠦᠨᠰᠢ ᠪᠠᠨ ᠮᠤᠤᠮᠢᠩᠭᠠᠨ᠂ ᠡᠮᠦᠨᠡᠰᠢ ᠪᠠᠨ ᠶᠡᠭᠡ ᠵᠤᠤ ᠶᠢᠨ ᠴᠢᠭᠤᠯᠭᠠᠨ ᠤ ᠬᠤᠰᠢᠭᠤᠳ᠂ ᠪᠠᠷᠠᠭᠤᠨᠰᠢ ᠪᠠᠨ | ᠠᠯᠠᠱᠠ ᠦᠭᠡᠯᠡᠳ᠂ ᠤᠮᠠᠷᠠᠰᠢ ᠪᠠᠨ ᠬᠠᠯᠬ᠎ᠠ ᠮᠤᠩᠭᠤᠯ ᠲᠠᠢ ᠲᠤᠰ ᠲᠤᠰ ᠵᠠᠬ᠎ᠠ ᠨᠡᠶᠢᠯᠡᠳᠡᠭ᠃ ᠭᠤᠷᠪᠠᠨ ᠵᠠᠰᠠᠭ | ᠨᠢ ᠪᠦᠷ ᠬᠠᠳᠠᠮᠠᠯ ᠳᠤ ᠰᠠᠭᠤᠳᠠᠭ ᠪᠠᠶᠢᠵᠠᠢ᠃ ᠡᠨᠡ ᠨᠤᠲᠤᠭ ᠨᠢ ᠦᠨᠳᠦᠰᠦᠨ ᠳᠡᠭᠡᠨ ᠤᠳᠤ ᠶᠢᠨ ᠤᠷᠠᠳ ᠤᠨ | ᠭᠤᠷᠪᠠᠨ ᠬᠤᠰᠢᠭᠤ ᠪᠠ ᠦᠶᠤᠸᠠᠨ᠂ ᠭᠦᠶᠠᠩ᠂ ᠯᠢᠨ ᠾᠧ ᠭᠤᠷᠪᠠᠨ ᠰᠢᠶᠠᠨ ᠵᠢᠴᠢ ᠬᠠᠩᠭᠢᠨ ᠬᠤᠶᠢᠲᠦ | ᠬᠤᠰᠢᠭᠤᠨ ᠤ ᠨᠢᠭᠡ ᠬᠡᠰᠡᠭ ᠢ ᠪᠠᠭᠲᠠᠭᠠᠳᠠᠭ᠃ | ᠬᠠᠯᠬ᠎ᠠ ᠪᠠᠷᠠᠭᠤᠨ ᠭᠠᠷᠤᠨ ᠬᠤᠰᠢᠭᠤ ︵ᠳᠠᠷᠬᠠᠨ ᠬᠤᠰᠢᠭᠤ︶ | ᠡᠷᠲᠡ ᠦᠶ᠎ᠡ ᠳᠤ᠂ ᠪᠠᠲᠦᠮᠦ᠋ᠩᠬᠡ ᠳᠠᠶᠠᠨ ᠬᠠᠭᠠᠨ ᠬᠦᠪᠡᠭᠦᠳ ᠲᠡᠭᠡᠨ ᠡᠵᠡᠮᠰᠢᠯ ᠭᠠᠵᠠᠷ ᠬᠤᠪᠢᠶᠠᠬᠤ | ᠦᠶ᠎ᠡ ᠳᠤ᠂ ᠬᠠᠯᠬ᠎ᠠ ᠲᠦᠮᠡᠨ ᠤ ᠵᠡᠭᠦᠨ ᠭᠠᠷ ᠢ ᠲᠠᠪᠤᠳᠤᠭᠠᠷ ᠬᠦᠪᠡᠭᠦᠨ ᠠᠯᠴᠤᠪᠤᠯᠤᠳ ᠲᠤ ᠬᠤᠪᠢᠶᠠᠨ ᠦᠭᠴᠦ | ᠬᠤᠵᠢᠮ ᠨᠢ ᠵᠠᠷᠤᠳ ᠪᠠᠭᠠᠷᠢᠨ ᠵᠡᠷᠭᠡ ᠦᠪᠦᠷ ᠤᠨ ᠲᠠᠪᠤᠨ ᠤᠲᠤᠭ ᠬᠠᠯᠬ᠎ᠠ ᠪᠦᠷᠢᠯᠳᠦᠵᠦ᠂ ᠬᠠᠯᠬ᠎ᠠ ᠲᠦᠮᠡᠨ ᠤ | ᠪᠠᠷᠠᠭᠤᠨ ᠭᠠᠷ ᠢ ᠠᠷᠪᠠᠨ ᠨᠢᠭᠡᠳᠤᠭᠡᠷ ᠬᠦᠪᠡᠭᠦᠨ ᠬᠡᠷᠰᠡᠨᠵᠡ ᠵᠠᠯᠠᠶᠢᠷ ᠬᠤᠩ ᠲᠠᠶᠢᠵᠢ ᠳᠤ ᠬᠤᠪᠢᠶᠠᠨ ᠦᠭᠴᠦ᠂ | ᠬᠤᠵᠢᠮ ᠨᠢ ᠠᠷᠤ ᠳᠤᠯᠤᠭᠠᠨ ᠤᠲᠤᠭ ᠬᠠᠯᠬ᠎ᠠ ᠪᠦᠷᠢᠯᠳᠦᠭᠰᠠᠨ ᠪᠠᠶᠢᠨ᠎ᠠ᠃ ᠬᠡᠷᠰᠡᠨᠵᠡ ᠵᠠᠯᠠᠶᠢᠷ ᠬᠤᠩ ᠲᠠᠶᠢᠵᠢ | ᠭᠤᠷᠪᠠᠳᠤᠭᠠᠷ ᠬᠦᠪᠡᠭᠦᠨ ᠨᠢ ᠨᠤᠨᠤᠬᠤ ᠤᠶᠢᠵᠢᠩ ᠨᠤᠶᠠᠨ ᠤ ᠬᠤᠶᠠᠳᠤᠭᠠᠷ ᠬᠦᠪᠡᠭᠦᠨ ᠨᠢ ᠠᠪᠤᠬᠤ ᠮᠡᠷᠭᠡᠨ ᠨᠤᠶᠠᠨ | ᠭᠡᠳᠡᠭ᠃ ᠠᠪᠤᠬᠤ ᠮᠡᠷᠭᠡᠨ ᠨᠤᠶᠠᠨ ᠤ ᠬᠤᠶᠠᠳᠤᠭᠠᠷ ᠬᠦᠪᠡᠭᠦᠨ ᠨᠢ ᠷᠠᠬᠤᠯᠳᠠᠯᠠᠢ ᠨᠤᠶᠠᠨ᠂ ᠲᠡᠭᠦᠨ ᠤ ᠠᠬᠠᠮᠠᠳ | ᠬᠦᠪᠡᠭᠦᠨ ᠨᠢ ᠳᠠᠷᠤᠢ ᠲᠤᠰ ᠬᠤᠰᠢᠭᠤᠨ ᠤ ᠳᠠᠷᠬᠠᠨ ᠴᠢᠨ ᠸᠠᠩ ᠪᠤᠨᠳᠤᠷ ᠪᠤᠯᠤᠨ᠎ᠠ᠃ ᠲᠡᠳᠡ ᠴᠦᠮ ᠬᠠᠯᠬ᠎ᠠ ᠶᠢᠨ | ᠲᠦᠰᠢᠶᠡᠲᠦ ᠬᠠᠨ ᠠᠶᠢᠮᠠᠭ ᠤᠨ ᠬᠠᠷᠢᠶᠠᠲᠦ ᠪᠠᠶᠢᠵᠠᠢ᠃ | ᠳᠠᠶᠢᠴᠢᠩ ᠤᠯᠤᠰ ᠤᠨ ᠡᠶᠡᠪᠡᠷ ᠵᠠᠰᠠᠭᠴᠢ ᠶᠢᠨ ᠠᠷᠪᠠᠳᠤᠭᠠᠷ ᠤᠨ ︵1653︶ ᠳᠤ ᠪᠤᠨᠳᠠᠷ | ᠲᠦᠰᠢᠶᠡᠲᠦ ᠬᠠᠨ ᠲᠠᠢ ᠲᠠᠭᠠᠷᠠᠯᠴᠠᠬᠤ ᠦᠭᠡᠢ ᠪᠤᠯᠤᠭᠠᠳ ᠲᠡᠭᠦᠨ ᠤ ᠠᠶᠢᠮᠠᠭ ᠤᠨ ᠴᠤᠭᠲᠦ᠂ ᠵᠠᠮᠰᠤ᠂ ᠡᠷᠢᠨᠴᠢᠨ | ᠨᠠᠷ ᠤᠨ ᠬᠠᠮᠲᠤ ᠬᠠᠷᠢᠶᠠᠲᠦ ᠮᠢᠩᠭ᠎ᠠ ᠢᠯᠡᠭᠦᠦ ᠡᠷᠦᠬᠡ ᠪᠠᠨ ᠠᠪᠴᠤ ᠳᠠᠶᠢᠴᠢᠩ ᠤᠯᠤᠰ ᠳᠤ ᠳᠠᠭᠠᠷ᠎ᠠ ᠢᠷᠡᠵᠦ᠂ | ᠳᠠᠶᠢᠴᠩ ᠤᠯᠤᠰ ᠠᠴᠠ ᠪᠤᠨᠳᠠᠷ ᠢ ᠵᠠᠰᠠᠭ ᠬᠤᠱᠤᠢ ᠳᠠᠷᠬᠠᠨ ᠴᠢᠨ ᠸᠠᠩ ᠡᠷᠭᠦᠮᠵᠢᠯᠡᠵᠦ᠂ ᠤᠯᠠᠭᠠᠨᠴᠠᠪ ᠤᠨ | ᠴᠢᠭᠤᠯᠭᠠᠨ ᠳᠤ ᠬᠠᠷᠢᠶᠠᠯᠠᠭᠤᠯᠪᠠ᠃ | | ᠠᠰᠢᠭᠯᠠᠭᠰᠠᠨ ᠨᠤᠮ | ︵1︶ ᠬᠤᠷᠴᠠ ᠴᠠᠩ ᠮᠢᠩ᠄ ︽ᠬᠤᠷᠴᠢᠨ ᠲᠤᠪᠴᠢᠶᠠᠨ︾ ᠂ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ | ᠬᠤᠷᠢᠶ᠎ᠠ ᠂ 2016 ᠤᠨ᠃ | ︵2︶ ︽ᠮᠤᠩᠭᠤᠯ ᠦᠨᠳᠦᠰᠦᠲᠡᠨ ᠤ ᠪᠦᠷᠢᠨ ᠲᠤᠯᠢ︾᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ | ᠬᠤᠷᠢᠶ᠎ᠠ᠂ 2008 ᠤᠨ᠃ | ︵3︶ ᠨᠠᠮᠰᠠᠷᠠᠢ᠄ ︽ᠴᠢᠩ ᠤᠯᠤᠰ ᠤᠨ ᠦᠶ᠎ᠡ ᠶᠢᠨ ᠮᠤᠩᠭᠤᠯ ᠤᠨ ᠬᠤᠰᠢᠭᠤ ᠴᠢᠭᠤᠯᠭᠠᠨ︾᠂ ᠦᠪᠦᠷ ᠮᠤᠩᠭᠤᠯ | ᠤᠨ ᠠᠷᠠᠳ ᠤᠨ ᠬᠡᠪᠯᠡᠯ ᠤᠨ ᠬᠤᠷᠢᠶ᠎ᠠ᠂ 2011ᠤᠨ᠃ | | | ᠨᠠᠶᠢᠷᠠᠭᠤᠯᠤᠭᠴᠢ᠄ ᠡᠷᠳᠡᠨᠢᠴᠤᠭᠲᠦ | ᠬᠢᠨᠠᠭᠴᠢ᠄ ᠭᠡᠷᠡᠯᠲᠦ | | |