ᠴᠢᠩ ᠤᠯᠤᠰ ᠤᠨ ᠦᠶ᠎ᠡ ᠳᠤ ᠮᠤᠩᠭᠤᠯ ᠤᠷᠤᠨ ᠢ ᠳᠠᠭᠠᠭᠤᠯᠤᠨ ᠠᠪᠤᠭᠰᠠᠨ ᠤ ᠳᠠᠷᠠᠭ᠎ᠠ ᠠᠳᠠᠯᠢ ᠪᠤᠰᠤ | ᠵᠠᠰᠠᠭ ᠵᠠᠬᠢᠷᠭᠠᠨ ᠤ ᠪᠠᠶᠢᠭᠤᠯᠤᠯ ᠪᠦᠬᠦᠢ ᠭᠠᠳᠠᠭᠠᠳᠤ ᠮᠤᠩᠭᠤᠯ᠂ ᠳᠤᠲᠤᠭᠠᠳᠤ ᠮᠤᠩᠭᠤᠯ ᠭᠡᠵᠦ ᠬᠤᠪᠢᠶᠠᠨ᠂ ᠠᠷᠤ | ᠮᠤᠩᠭᠤᠯ ︵ᠠᠷᠤ ᠬᠠᠯᠬ᠎ᠠ︶᠂ ᠦᠪᠦᠷ ᠮᠤᠩᠭᠤᠯ᠂ ᠦᠭᠡᠯᠡᠳ(ᠤᠶᠢᠷᠠᠳ ᠮᠤᠩᠭᠤᠯ︶ ᠢ ᠭᠠᠳᠠᠭᠠᠳᠤ ᠮᠤᠩᠭᠤᠯ | ᠳᠤ ᠪᠠᠭᠲᠠᠭᠠᠵᠦ᠂ ᠴᠠᠬᠠᠷ᠂ ᠪᠠᠷᠭᠤ᠂ ᠬᠦᠬᠡᠬᠤᠲᠠ ᠶᠢᠨ ᠲᠦᠮᠡᠳ ᠢ ᠳᠤᠲᠤᠭᠠᠳᠤ ᠮᠤᠩᠭᠤᠯ ᠳᠤ ᠪᠠᠭᠲᠠᠭᠠᠵᠠᠢ᠃ | ᠭᠠᠳᠠᠭᠠᠳᠤ ᠮᠤᠩᠭᠤᠯ ᠢ ᠪᠠᠰᠠ ᠲᠤᠲᠤᠭᠠᠳᠤ ᠵᠠᠰᠠᠭ ᠮᠤᠩᠭᠤᠯ ᠪᠠ ᠭᠠᠳᠠᠭᠠᠳᠤ ᠵᠠᠰᠠᠭ ᠮᠤᠩᠭᠤᠯ ᠭᠡᠵᠦ ᠬᠤᠪᠢᠶᠠᠨ | ᠦᠪᠦᠷ ᠮᠤᠩᠭᠤᠯ᠂ ᠠᠯᠠᠱᠠ ᠡᠵᠡᠨ᠎ᠡ ᠬᠤᠶᠠᠷ ᠬᠤᠰᠢᠭᠤ ᠶᠢ ᠳᠤᠲᠤᠭᠠᠳᠤ ᠵᠠᠰᠠᠭ ᠮᠤᠩᠭᠤᠯ ᠭᠡᠵᠦ᠂ ᠠᠷᠤ | ᠮᠤᠩᠭᠤᠯ᠂ ᠦᠭᠡᠯᠡᠳ ᠮᠤᠩᠭᠤᠯ ᠢ ᠭᠠᠳᠠᠭᠠᠳᠤ ᠵᠠᠰᠠᠭ ᠮᠤᠩᠭᠤᠯ ᠭᠡᠪᠡ᠃ | ᠭᠠᠳᠠᠭᠠᠳᠤ ᠮᠤᠩᠭᠤᠯ ᠳᠤ ᠬᠤᠰᠢᠭᠤ ᠴᠢᠭᠤᠯᠭᠠᠨ ᠤ ᠪᠠᠶᠢᠭᠤᠯᠤᠯ ᠢ ᠬᠡᠷᠡᠭᠵᠢᠭᠦᠯᠵᠦ᠂ ᠦᠪᠦᠷ ᠮᠤᠩᠭᠤᠯ ᠤᠨ | ᠬᠤᠷᠢᠨ ᠳᠦᠷᠪᠡᠨ ᠠᠶᠢᠮᠠᠭ ᠢ ᠵᠢᠷᠭᠤᠭᠠᠨ ᠴᠢᠭᠤᠯᠭᠠᠨ ᠳᠦᠴᠢ ᠶᠢᠰᠦᠨ ᠬᠤᠰᠢᠭᠤ ᠪᠤᠯᠭᠠᠨ ᠬᠤᠪᠢᠶᠠᠭᠠᠳ᠂ ᠶᠡᠷᠦ | ᠳᠡᠭᠡᠨ ︽ᠦᠪᠦᠷ ᠳᠦᠴᠢ ᠶᠢᠰᠦᠨ ᠬᠤᠰᠢᠭᠤ︾ ᠭᠡᠳᠡᠭ᠃1697 ᠤᠨ ᠳᠤ ᠠᠷᠤ ᠮᠤᠩᠭᠤᠯ ᠢ ᠡᠵᠡᠯᠡᠭᠰᠡᠨ ᠤ | ᠳᠠᠷᠠᠭ᠎ᠠ ᠲᠠᠪᠢᠨ ᠲᠠᠪᠤᠨ ᠬᠤᠰᠢᠭᠤ ᠪᠤᠯᠭᠠᠨ ᠬᠤᠪᠢᠶᠠᠵᠦ ᠶᠡᠷᠦ ᠳᠡᠭᠡᠨ ︽ᠠᠷᠤ ᠲᠠᠪᠢᠨ ᠲᠠᠪᠤ︾ ᠭᠡᠳᠡᠭ᠃ ᠰᠡᠭᠦᠯ | ᠳᠤᠨᠢ ᠬᠤᠰᠢᠭᠤᠨ ᠤ ᠲᠤᠭ᠎ᠠ ᠶᠢ ᠨᠡᠮᠡᠭᠳᠡᠭᠦᠯᠵᠦ ᠨᠠᠶᠠᠨ ᠵᠢᠷᠭᠤᠭ᠎ᠠ ᠪᠤᠯᠭᠠᠭᠠᠳ ᠳᠦᠷᠪᠡᠨ ᠴᠢᠭᠤᠯᠭᠠᠨ ᠪᠠᠶᠢᠭᠤᠯᠪᠠ᠃ | ᠪᠠᠷᠠᠭᠤᠨ ᠦᠭᠡᠯᠡᠳ ᠢ ᠨᠠᠢᠮᠠᠨ ᠴᠢᠭᠤᠯᠭᠠᠨ ᠭᠤᠴᠢᠨ ᠬᠤᠶᠠᠷ ᠬᠤᠰᠢᠭᠤ᠂ ᠬᠦᠬᠡᠨᠠᠭᠤᠷ ᠤᠨ ᠲᠠᠪᠤ ᠠᠶᠢᠮᠠᠭ ᠢ ᠨᠢᠭᠡ | ᠴᠢᠭᠤᠯᠭᠠᠨ ᠬᠤᠷᠢ ᠶᠢᠰᠦᠨ ᠬᠤᠰᠢᠭᠤ ᠪᠤᠯᠭᠠᠨ ᠬᠤᠪᠢᠶᠠᠪᠠ᠃ ᠠᠯᠠᠱᠠ ᠡᠵᠡᠨ᠎ᠡ ᠬᠤᠶᠠᠷ ᠬᠤᠰᠢᠭᠤᠨ ᠳᠤ | ᠴᠢᠭᠤᠯᠭᠠᠨ ᠪᠠᠶᠢᠭᠤᠯᠤᠭᠰᠠᠨ ᠦᠭᠡᠢ᠃ ᠤᠳᠤ ᠶᠢᠨ ᠦᠪᠦᠷ ᠮᠤᠩᠭᠤᠯ ᠤᠨ ᠬᠦᠷᠢᠶ᠎ᠠ ᠬᠤᠰᠢᠭᠤ ᠶᠢ ᠮᠦᠨ | ᠴᠢᠭᠤᠯᠭᠠᠨ ᠳᠤ ᠪᠠᠭᠲᠠᠭᠠᠭᠰᠠᠨ ᠦᠭᠡᠢ ᠵᠠᠰᠠᠭ ᠳ᠋ᠠ ᠯᠠᠮᠠ ᠬᠠᠮᠢᠶᠠᠷᠴᠦ ᠪᠠᠶᠢᠭᠰᠠᠨ ᠪᠤᠯᠬᠤᠷ ᠯᠠᠮᠠ ᠶᠢᠨ ᠬᠤᠰᠢᠭᠤ | ᠭᠡᠳᠡᠭ᠃ | ᠳᠤᠲᠤᠭᠠᠲᠤ ᠮᠤᠩᠭᠤᠯ ᠳᠤ ᠵᠠᠰᠠᠭ ᠬᠤᠰᠢᠭᠤ ᠪᠠ ᠴᠢᠭᠤᠯᠭᠠᠨ ᠤ ᠪᠠᠶᠢᠭᠤᠯᠤᠯ ᠬᠡᠷᠡᠭᠵᠢᠭᠦᠯᠦᠭᠰᠡᠨ ᠦᠭᠡᠢ᠂ | ᠬᠠᠷᠢᠨ ᠮᠠᠨᠵᠦ ᠶᠢᠨ ᠨᠠᠢᠮᠠᠨ ᠬᠤᠰᠢᠭᠤᠨ ᠤ ᠪᠠᠶᠢᠭᠤᠯᠤᠯ ᠢᠶᠠᠷ ᠵᠤᠬᠢᠶᠠᠨ ᠪᠠᠶᠢᠭᠤᠯᠪᠠ᠃ ᠡᠭᠦᠨ ᠳᠤ ᠴᠠᠬᠠᠷ ᠨᠠᠢᠮᠠᠨ | ᠬᠤᠰᠢᠭᠤ᠂ ᠴᠠᠬᠠᠷ ᠤᠨ ᠳᠦᠷᠪᠡᠨ ᠰᠦᠷᠦᠭ ᠬᠤᠰᠢᠭᠤ᠂ ᠬᠦᠬᠡᠬᠤᠲᠠ ᠶᠢᠨ ᠲᠦᠮᠡᠳ ᠬᠤᠶᠠᠷ ᠬᠤᠰᠢᠭᠤ᠂ ᠳᠠᠭᠤᠷ | ᠂ ᠰᠤᠯᠤᠨ᠂ ᠪᠠᠷᠭᠤ᠂ ᠤᠷᠱᠤᠨ ᠢ ᠪᠠᠭᠲᠠᠭᠠᠭᠰᠠᠨ ᠪᠤᠳᠬ᠎ᠠ ᠶᠢᠨ ᠨᠠᠢᠮᠠᠨ ᠬᠤᠰᠢᠭᠤ ᠵᠢᠴᠢ 1734 ᠤᠨ ᠳᠤ ᠠᠷᠤ | ᠮᠤᠩᠭᠤᠯ ᠤᠨ ᠰᠡᠴᠡᠨ ᠬᠠᠨ ᠠᠶᠢᠮᠠᠭ ᠠᠴᠠ ᠬᠤᠶᠠᠷ ᠮᠢᠩᠭ᠎ᠠ ᠳᠦᠷᠪᠡᠨ ᠵᠠᠭᠤ ᠭᠠᠷᠤᠢ ᠴᠡᠷᠢᠭ ᠠᠪᠴᠢᠷᠠᠵᠤ᠂ | ᠰᠤᠯᠤᠨ ᠤ ᠨᠠᠢᠮᠠᠨ ᠬᠤᠰᠢᠭᠤᠨ ᠳᠤ ᠤᠷᠤᠭᠤᠯᠤᠭᠠᠳ ᠨᠡᠷᠡᠯᠡᠭᠰᠡᠨ ᠰᠢᠨ᠎ᠠ ᠪᠠᠷᠭᠤ ᠵᠡᠷᠭᠡ ᠪᠠᠭᠲᠠᠭᠳᠠᠨ᠎ᠠ᠃ | ᠳᠤᠲᠤᠭᠠᠳᠤ ᠮᠤᠩᠭᠤᠯ ᠤᠨ ᠡᠳᠡᠭᠡᠷ ᠬᠤᠰᠢᠭᠤ ᠶᠢ ᠭᠠᠳᠠᠭᠠᠳᠤ ᠮᠤᠩᠭᠤᠯ ᠤᠨ ᠵᠠᠰᠠᠭ ᠬᠤᠰᠢᠭᠤ ᠪᠠ ᠨᠡᠶᠢᠰᠯᠡᠯ ᠵᠢᠴᠢ | ᠲᠤᠲᠤᠷ᠎ᠠ ᠭᠠᠵᠠᠷ ᠰᠠᠬᠢᠨ ᠰᠠᠭᠤᠭᠰᠠᠨ ᠮᠤᠩᠭᠤᠯ ᠨᠠᠢᠮᠠᠨ ᠬᠤᠰᠢᠭᠤᠨ ᠤ ᠴᠡᠷᠢᠭ ᠠᠴᠠ ᠢᠯᠭᠠᠪᠤᠷᠢᠯᠠᠨ ︽ᠨᠡᠭᠦᠳᠡᠯ | ᠨᠠᠢᠮᠠᠨ ᠬᠤᠰᠢᠭᠤ︾ ᠭᠡᠳᠡᠭ᠃ | ᠮᠤᠩᠭᠤᠯ ᠤᠷᠤᠨ ᠤ ᠬᠤᠰᠢᠭᠤᠨ ᠤ ᠪᠠᠶᠢᠭᠤᠯᠤᠯ ᠪᠤᠯ ᠮᠤᠩᠭᠤᠯ ᠤᠨ ᠤᠤᠯ ᠤᠨ ᠪᠠᠶᠢᠭᠰᠠᠨ ︽ᠤᠲᠤᠭ︾ | ᠤᠨ ᠰᠠᠭᠤᠷᠢᠨ ᠳᠠᠭᠡᠷ᠎ᠡ ᠪᠠᠶᠢᠭᠤᠯᠤᠭᠰᠠᠨ ᠶᠤᠮ᠃ ᠬᠤᠰᠢᠭᠤᠨ ᠤ ᠵᠠᠰᠠᠭ ᠨᠤᠶᠠᠳ ᠤᠨ ᠬᠢᠨᠢ ᠵᠡᠷᠭᠡ ᠬᠡᠷᠬᠡᠮ ᠴᠢᠩ | ᠤᠯᠤᠰ ᠲᠤ ᠲᠠᠭᠠᠨ ᠤᠷᠤᠭᠰᠠᠨ ᠴᠠᠭ ᠪᠤᠶᠤ ᠪᠠᠶᠢᠭᠤᠯᠤᠭᠰᠠᠨ ᠭᠠᠪᠢᠶ᠎ᠠ ᠠᠴᠠ ᠪᠠᠨ ᠪᠤᠯᠤᠭᠠᠳ ᠠᠳᠠᠯᠢ ᠦᠭᠡᠢ | ᠪᠠᠶᠢᠳᠠᠭ᠃ | ᠵᠢᠷᠢᠮ ᠤᠨ ᠴᠢᠭᠤᠯᠭᠠᠨ ᠤ ᠳᠦᠷᠪᠡᠨ ᠠᠶᠢᠮᠠᠭ ᠠᠷᠪᠠᠨ ᠬᠤᠰᠢᠭᠤ | ᠵᠢᠷᠢᠮ ᠤᠨ ᠴᠢᠭᠤᠯᠭᠠᠨ ᠨᠢ ᠬᠤᠷᠴᠢᠨ ᠵᠡᠭᠦᠨ ᠪᠠᠷᠠᠭᠤᠨ ᠭᠠᠷ ᠲᠤᠰ ᠲᠤᠰ ᠭᠤᠷᠪᠠᠨ ᠬᠤᠰᠢᠭᠤ᠂ | ᠵᠠᠯᠠᠶᠢᠳ᠂ ᠭᠤᠷᠯᠤᠰ ᠡᠮᠦᠨᠡᠲᠦ ᠬᠤᠶᠢᠲᠦ ᠬᠤᠶᠠᠷ ᠬᠤᠰᠢᠭᠤ᠂ ᠳᠦᠷᠪᠡᠳ ᠵᠡᠷᠭᠡ ᠠᠷᠪᠠᠨ ᠬᠤᠰᠢᠭᠤ ᠪᠠᠷ | ᠪᠦᠷᠢᠯᠳᠦᠭᠰᠠᠨ ᠶᠤᠮ᠃ ᠵᠢᠷᠢᠮ ᠤᠨ ᠴᠢᠭᠤᠯᠭᠠᠨ ᠤ ᠠᠷᠪᠠᠨ ᠬᠤᠰᠢᠭᠤᠨ ᠤ ᠢᠵᠠᠭᠤᠷᠲᠠᠳ ᠨᠢ ᠪᠦᠷ ᠴᠢᠩᠭᠢᠰ | ᠬᠠᠭᠠᠨ ᠤ ᠳᠡᠭᠦᠦ ᠬᠠᠪᠤᠲᠦ ᠬᠠᠰᠠᠷ ᠤᠨ ᠬᠤᠶᠢᠴᠢᠰ ᠪᠤᠯᠤᠨ᠎ᠠ᠃ | ᠨᠤᠨ ᠬᠤᠷᠴᠢᠨ ᠠᠶᠢᠮᠠᠭ ᠵᠢᠷᠭᠤᠭᠠᠨ ᠬᠤᠰᠢᠭᠤ᠄ | ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤ ︵ᠲᠦᠰᠢᠶᠡᠲᠦ ᠬᠤᠰᠢᠭᠤ︶ | ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤ ︵ᠵᠠᠰᠠᠭᠲᠦ ᠬᠤᠰᠢᠭᠤ︶ | ᠬᠤᠷᠴᠢᠨ ᠪᠠᠷᠠᠭᠤᠨ ᠭᠠᠷᠤᠨ ᠬᠤᠶᠢᠲᠦ ᠬᠤᠰᠢᠭᠤ ︵ᠭᠦᠩ ᠤᠨ ᠬᠤᠰᠢᠭᠤ︶ | ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤ ︵ᠳᠠᠷᠬᠠᠨ ᠬᠤᠰᠢᠭᠤ︶ | ᠬᠤᠷᠴᠢᠨ ᠵᠡᠭᠦᠨ ᠭᠠᠷᠤᠨ ᠬᠤᠶᠢᠲᠦ ᠬᠤᠰᠢᠭᠤ ︵ᠪᠦᠸᠧ ᠸᠠᠩ ᠤᠨ ᠬᠤᠰᠢᠭᠤ︶ | ᠬᠤᠷᠴᠢᠨ ᠵᠡᠭᠦᠨ ᠭᠠᠷᠤᠨ ᠡᠮᠦᠨᠡᠲᠦ ᠬᠤᠰᠢᠭᠤ ︵ᠪᠢᠩᠲᠦ ᠬᠤᠰᠢᠭᠤ︶ | ᠵᠠᠯᠠᠶᠢᠳ ᠠᠶᠢᠠᠮᠭ ᠨᠢᠭᠡ ᠬᠤᠰᠢᠭᠤ᠄ ᠵᠠᠯᠠᠶᠢᠳ ᠬᠤᠰᠢᠭᠤ | ᠳᠦᠷᠪᠡᠳ ᠠᠶᠢᠠᠮᠭ ᠨᠢᠭᠡ ᠬᠤᠰᠢᠭᠤ᠄ ᠳᠦᠷᠪᠡᠳ ᠬᠤᠰᠢᠭᠤ | ᠭᠤᠷᠯᠤᠰ ᠠᠶᠢᠠᠮᠭ ᠬᠤᠶᠠᠷ ᠬᠤᠰᠢᠭᠤ᠄ ᠭᠤᠷᠯᠤᠰ ᠡᠮᠦᠨᠡᠲᠦ ᠬᠤᠰᠢᠭᠤ᠂ ᠭᠤᠷᠯᠤᠰ ᠬᠤᠶᠢᠲᠦ ᠬᠤᠰᠢᠭᠤ | | | | | ᠬᠤᠷᠴᠢᠨ᠄ | ︽ᠬᠤᠷᠴᠢ︾ ᠪᠤᠶᠤ ︽ᠬᠤᠷᠴᠢᠨ︾ ᠭᠡᠳᠡᠭ ᠪᠤᠯ ︽ᠬᠤᠷ︾ ᠭᠡᠳᠡᠭ ᠦᠭᠡ ᠶᠢᠨ ᠢᠵᠠᠭᠤᠷ ᠤᠨ | ᠳᠠᠷᠠᠭ᠎ᠠ ᠡᠷᠬᠢᠯᠡᠭᠰᠡᠨ ᠠᠵᠢᠯ ᠮᠡᠷᠭᠡᠵᠢᠯ ᠢ ᠵᠢᠭᠠᠭᠰᠠᠨ ︽ᠴᠢ︾ ᠪᠤᠶᠤ ︽ᠴᠢᠨ︾ ᠳᠠᠭᠠᠪᠤᠷᠢ ᠵᠠᠯᠭᠠᠵᠤ | ᠪᠦᠲᠦᠭᠡᠭᠰᠡᠨ ᠨᠠᠷᠠ ᠦᠭᠡ᠂ ︽ᠮᠤᠩᠭᠤᠯ ᠤᠨ ᠨᠢᠭᠤᠴᠠ ᠲᠤᠪᠴᠢᠶᠠᠨ︾ ᠳᠤ ︽ᠬᠤᠷ︾ ᠢ ᠶᠡᠷᠦᠳᠡᠭᠡᠨ ᠨᠤᠮᠤ | ᠰᠤᠮᠤ ᠲᠦᠷᠦᠭᠦ ᠬᠤᠷᠤᠮᠰᠠᠭ᠎ᠠ ᠰᠠᠭᠠᠳᠠᠭ ᠢᠶᠠᠷ ᠲᠠᠶᠢᠯᠪᠤᠷᠢᠯᠠᠳᠠᠭ᠃ ᠴᠢᠩᠭᠢᠰ ᠬᠠᠭᠠᠨ ᠤ ᠦᠶ᠎ᠡ ᠳᠤ ᠬᠤᠷᠴᠢᠨ ᠭᠡᠬᠦ | ᠦᠭᠡ ᠨᠢ ᠬᠡᠰᠢᠭᠲᠡᠨ ᠴᠡᠷᠢᠭ ᠤᠨ ᠳᠤᠮᠳᠠᠬᠢ ᠨᠤᠮᠤ ᠰᠤᠮᠤ ᠠᠭᠰᠠᠳᠠᠭ ᠴᠡᠷᠢᠭ ᠠᠩᠭᠢ ᠶᠢᠨ ᠨᠡᠷᠡᠶᠢᠳᠤᠯ ᠪᠠᠶᠢᠵᠦ᠂ | ᠬᠠᠭᠠᠨ ᠤᠷᠳᠤᠨ ᠳᠤ ᠦᠢᠯᠡᠴᠢᠯᠡᠬᠦ ᠬᠡᠰᠢᠭᠲᠡᠨ ᠴᠡᠷᠢᠭ ᠤᠨ ᠲᠤᠰᠢᠶᠠᠯ ᠤᠨ ᠨᠡᠷᠡᠶᠢᠳᠦᠯ ᠪᠠᠶᠢᠵᠠᠢ᠃ ᠶᠡᠭᠡ ᠮᠤᠩᠭᠤᠯ | ᠤᠯᠤᠰ ᠪᠠ ᠶᠤᠸᠠᠨ ᠤᠯᠤᠰ ᠤᠨ ᠦᠶ᠎ᠡ ᠳᠤ ᠬᠤᠷᠴᠢᠨ ᠨᠢ ᠶᠡᠷᠦ ᠠᠶᠢᠮᠠᠭ ᠤᠨ ᠨᠡᠷᠡᠶᠢᠳᠦᠯ ᠪᠤᠯᠵᠤ ᠰᠤᠷᠪᠤᠯᠵᠢᠰ | ᠲᠤ ᠲᠡᠮᠳᠡᠭᠯᠡᠭᠳᠡᠭᠰᠠᠨ ᠦᠭᠡᠢ ᠪᠢᠯᠠ᠃ ︽ᠡᠷᠲᠡᠨ ᠤ ᠬᠠᠳ ᠤᠨ ᠦᠨᠳᠦᠰᠦᠨ ᠤ ᠶᠡᠭᠡ ᠰᠢᠷ᠎ᠠ ᠲᠤᠭᠤᠵᠢ︾᠂ ︽ | ᠠᠯᠲᠠᠨ ᠬᠦᠷᠳᠦᠨ ᠮᠢᠩᠭᠠᠨ ᠭᠡᠭᠡᠰᠦᠲᠦ︾᠂ ︽ᠪᠤᠯᠤᠷ ᠡᠷᠢᠬᠡ︾ ᠵᠡᠷᠭᠡ ᠰᠤᠷᠪᠤᠯᠵᠢᠰ ᠲᠤ ᠲᠡᠮᠳᠡᠭᠯᠡᠭᠰᠡᠨ ᠨᠢ ᠪᠦᠷ | ᠬᠠᠰᠠᠷ ᠤᠨ ᠬᠤᠶᠢᠴᠢᠰ ᠤᠨ ᠬᠤᠷᠴᠢᠨ ᠢ ᠨᠤᠶᠠᠯᠠᠭᠰᠠᠨ ᠬᠤᠵᠢᠭᠤ ᠦᠶ᠎ᠡ ᠶᠢᠨ ᠪᠠᠶᠢᠳᠠᠯ ᠢᠶᠠᠷ ᠪᠢᠴᠢᠭᠰᠡᠨ ᠪᠤᠯᠤᠨ᠎ᠠ᠃ | 14 ᠳ᠋ᠤᠭᠡᠷ ᠵᠠᠭᠤᠨ ᠤ ᠡᠬᠢᠨ ᠤ ᠵᠡᠭᠦᠨ ᠮᠤᠩᠭᠤᠯ ᠪᠤᠯᠤᠨ ᠤᠶᠢᠷᠠᠳ ᠤᠨ ᠬᠠᠭᠠᠴᠠᠯ ᠵᠢᠴᠢ ᠰᠠᠮᠠᠭᠤᠨ ᠳᠠᠶᠢᠨ ᠤ | ᠳᠤᠮᠳᠠ ᠬᠤᠷᠴᠢᠨ ᠭᠡᠳᠡᠭ ᠦᠭᠡ ᠰᠠᠶ᠋ᠢ ᠬᠠᠰᠠᠷ ᠤᠨ ᠦᠷᠡᠰ ᠤᠨ ᠨᠤᠶᠠᠯᠠᠯ ᠢᠶᠠᠷ ᠲᠦᠪ ᠪᠤᠯᠭᠠᠭᠰᠠᠨ ᠠᠶᠢᠮᠠᠭ ᠤᠨ | ᠨᠡᠷᠡᠶᠢᠳᠤᠯ ᠪᠤᠯᠵᠠᠢ᠃ ︽ᠬᠤᠷᠴᠢᠨ︾ ᠭᠡᠳᠡᠭ ᠨᠠᠷᠠ ᠶᠠᠭᠠᠬᠢᠭᠠᠳ ᠬᠠᠰᠠᠷ ᠤᠨ ᠦᠷᠡᠰ ᠤᠨ ᠨᠤᠶᠠᠯᠠᠭᠰᠠᠨ ᠠᠶᠢᠮᠠᠭ | ᠤᠨ ᠨᠡᠷᠡᠶᠢᠳᠦᠯ ᠪᠤᠯᠤᠭᠰᠠᠨ ᠲᠤᠬᠠᠢ ᠲᠡᠥᠬᠡᠨ ᠡᠷᠳᠡᠮᠲᠡᠳ ᠪᠠᠰᠠ ᠠᠳᠠᠯᠢ ᠪᠤᠰᠤ ᠦᠵᠡᠯᠲᠠ ᠲᠠᠢ ᠪᠠᠶᠢᠨ᠎ᠠ᠃ ᠶᠡᠭᠡ | ᠬᠠᠭᠠᠨ ᠤ ᠬᠡᠰᠢᠭᠲᠡᠨ ᠴᠡᠷᠢᠭ ᠠᠴᠠ ᠢᠷᠡᠯᠲᠠᠢ ᠶᠤᠮ ᠤᠤ ᠡᠰᠡᠭᠦᠯ᠎ᠡ ᠬᠠᠰᠠᠷ ᠪᠤᠯᠤᠨ ᠬᠠᠰᠠᠷ ᠤᠨ ᠬᠦᠪᠡᠭᠦᠨ | ᠶᠢᠰᠦ᠋ᠩᠭᠡ ᠶᠢᠨ ᠮᠡᠷᠭᠡᠨ ᠬᠠᠷᠪᠤᠯᠭ᠎ᠠ ᠶᠢ ᠳᠤᠷᠠᠰᠬᠠᠨ ᠨᠡᠷᠡᠯᠡᠭᠰᠡᠨ ᠶᠤᠮ ᠤᠤ ᠡᠰᠡᠭᠦᠯ᠎ᠡ ᠬᠠᠰᠠᠷ ᠤᠨ ᠡᠵᠡᠮᠰᠢᠯ ᠭᠠᠵᠠᠷ | ᠤᠨ ᠨᠠᠷᠠ ᠪᠠᠷ ᠨᠡᠷᠡᠯᠡᠭᠰᠠᠨ ᠶᠤᠮ ᠤᠤ ᠭᠡᠳᠡᠭ ᠲᠤᠳᠤᠷᠬᠠᠢ ᠦᠭᠡᠢ ᠪᠠᠶᠢᠨ᠎ᠠ᠃ ᠤᠮᠠᠷᠠᠲᠦ ᠶᠤᠸᠠᠨ ᠤᠯᠤᠰ ᠤᠨ | ᠦᠶ᠎ᠡ ᠳᠤ ᠬᠠᠰᠠᠷ ᠤᠨ ᠦᠷᠡᠰ ᠤᠨ ᠨᠤᠶᠠᠯᠠᠭᠰᠠᠨ ᠬᠤᠷᠴᠢᠨ ᠠᠶᠢᠮᠠᠭ ᠨᠢ ᠨᠤᠨ ᠬᠤᠷᠴᠢᠨ ︵ᠨᠤᠨ ᠮᠦᠷᠡᠨ ᠤ | ᠰᠠᠪᠠ ᠭᠠᠵᠠᠷ ᠨᠡᠭᠦᠳᠡᠯᠯᠡᠭᠰᠡᠨ ᠠᠴᠠ ᠨᠠᠷᠡᠯᠠᠵᠠᠢ︶᠂ ᠠᠷᠤ ᠬᠤᠷᠴᠢᠨ᠂ ᠤᠷᠠᠳ᠂ ᠮᠤᠤᠮᠢᠩᠭᠠᠨ᠂ ᠳᠦᠷᠪᠡᠨ | ᠬᠡᠥᠬᠡᠳ᠂ ᠬᠤᠱᠤᠳ ᠵᠡᠷᠭᠡ ᠲᠤᠮᠤ ᠲᠤᠮᠤ ᠠᠶᠢᠮᠠᠭ ᠪᠤᠯᠤᠨ ᠴᠢᠩ ᠤᠯᠤᠰ ᠤᠨ ᠦᠶ᠎ᠡ ᠳᠤ ᠬᠤᠰᠢᠭᠤ ᠴᠢᠭᠤᠯᠭᠠᠨ | ᠤ ᠬᠠᠷᠢᠶᠠᠨ ᠳᠤ ᠤᠷᠤᠭᠰᠠᠨ ᠪᠠᠶᠢᠨ᠎ᠠ᠃ | ᠵᠠᠯᠠᠶᠢᠳ᠄ | ᠵᠠᠯᠠᠶᠢᠳ ᠨᠢ ᠡᠷᠲᠡᠨ ᠤ ᠵᠠᠯᠠᠶᠢᠷ ᠠᠶᠢᠮᠠᠭ ᠠᠴᠠ ᠢᠷᠡᠯᠲᠠᠢ᠂ ᠵᠠᠯᠠᠶᠢᠷ ᠬᠢᠳᠠᠣᠠ ᠢᠶᠠᠷ ︽札剌儿, | 押剌伊而,扎剌亦儿,扎剌而︾ ᠬᠡᠮᠠᠳᠡᠭ᠃ ︽ᠯᠢᠶᠣᠣ ᠤᠯᠣᠰ ᠤᠨ ᠲᠠᠣᠬᠡ︾ | ᠳᠤ ︽阻卜扎剌部︾ ᠬᠡᠵᠣ ᠲᠠᠮᠳᠡᠭᠯᠠᠵᠣ ᠪᠤᠢ᠃ ᠤᠨᠣᠠ ᠭᠤᠣᠯ ᠤᠨ ᠡᠮᠣᠨᠠᠳᠣ ᠠᠴᠠ ᠬᠡᠷᠣᠯᠣᠠ | ᠭᠤᠣᠯ ᠤᠨ ᠲᠣᠮᠳᠠᠳᠣ ᠲᠠᠬᠡᠳᠣ ᠤᠷᠣᠰᠬᠠᠯ ᠲᠠᠭᠠᠣ ᠤᠷᠣᠠ ᠳᠤ ᠲᠠᠷᠬᠠᠵᠣ ᠪᠠᠶᠢᠵᠠᠢ᠃ ᠭᠦᠮᠣᠠ ᠤᠯᠠᠠᠳᠠᠢ᠂ | ᠮᠤᠩᠭᠤᠯ ᠤᠨ ᠦᠨᠳᠦᠷᠯᠢᠭ ᠤᠨ ᠭᠦᠴᠣᠷᠬᠡᠭ ᠠᠶᠢᠮᠠᠬ ᠪᠤᠯᠣᠨ᠎ᠠ᠃ ᠲᠠᠯ᠎ᠠᠠ ᠭᠦᠷᠢᠶᠠᠠ ᠲᠠᠢ᠂ ᠭᠦᠷᠢᠶᠠᠠ ᠪᠦᠷᠢ ᠨᠢ | 1000 ᠲᠠᠷᠬᠡ ᠪᠠᠷ ᠪᠦᠷᠢᠯᠳᠣᠭ᠍ᠰᠠᠠ ᠪᠠᠶᠢᠪᠠ᠃ ᠡᠭᠦᠠ ᠠᠴᠠ ᠨᠠᠶᠢᠳᠠ 7000 ᠲᠠᠷᠬᠡ ᠲᠠᠢ ᠬᠡᠳᠡᠭ ᠢ ᠮᠠᠳᠠᠵᠣ | ᠪᠤᠯᠣᠨ᠎ᠠ᠃ ᠲᠣᠳᠣᠭᠠᠳᠣ ᠳᠠᠭᠠᠨ 10 ᠶᠡᠭᠡ ᠰᠠᠯᠪᠤᠷᠢ ᠲᠠᠢ᠃ ᠬᠠᠶᠢᠳᠣ ᠬᠠᠭᠠᠨ ᠤ ᠦᠶ᠎ᠡ ᠠᠴᠠ ᠡᠬᠢᠯᠡᠨᠵᠠᠯᠠᠶᠢᠷ | ᠨᠢ ᠬᠢᠶᠠᠳ ᠪᠤᠷᠵᠢᠭᠢᠨ ᠤ ᠦᠲᠡᠭᠦᠦ ᠪᠤᠭᠤᠯ ᠪᠤᠯᠵᠤ ᠶᠠᠪᠤᠭᠰᠠᠨ ᠠᠴᠠ᠂ ᠬᠢᠶᠠᠨ ᠪᠠ ᠵᠠᠯᠠᠶᠢᠷ ᠤᠨ ᠤᠪᠤᠭ ᠤᠨ | ᠲᠠᠮᠠᠭ᠎ᠠ ᠨᠢ ᠦᠨᠳᠦᠰᠦᠨ ᠳᠡᠭᠡᠨ ᠨᠢᠭᠡ ᠯᠡ ᠰᠡᠮ ᠲᠠᠮᠠᠭ᠎ᠠ ᠲᠠᠢ ᠪᠠᠶᠢᠵᠠᠢ᠃ ᠴᠢᠩᠬᠢᠰ ᠬᠠᠭᠠᠠ ᠮᠣᠩᠭᠤᠯ ᠤᠨ ᠡᠯ᠎ᠠ | ᠠᠶᠢᠮᠠᠬ ᠢ ᠨᠢᠬᠡᠣᠠᠬᠡᠭᠦ ᠳᠤ ᠵᠠᠯᠠᠶᠢᠷ ᠤᠨ ᠲᠡᠯᠡᠭᠡᠲᠦ ᠪᠠᠶᠠᠨ ᠤ ᠬᠦᠪᠡᠭᠦᠨ ᠭᠤᠸ᠎ᠠ᠂ ᠦᠪᠡᠷ ᠤᠨ ᠬᠤᠶᠠᠷ ᠬᠦᠪᠡᠭᠦᠨ | ᠮᠤᠬᠤᠯᠠᠢ᠂ ᠪᠤᠬ᠎ᠠ ᠪᠠᠨ ᠲᠡᠮᠦᠵᠢᠨ ᠳᠤ ᠡᠷᠭᠦᠵᠦ᠂ ᠡᠭᠦᠳᠡᠨ ᠤ ᠬᠢᠨᠢ ᠦᠮᠴᠢ ᠪᠤᠭᠤᠯ ᠪᠤᠯᠭᠠᠭᠰᠠᠨ ᠪᠠ ᠲᠡᠮᠦᠵᠢᠨ | ᠠᠴᠠ ᠲᠡᠯᠡᠭᠡᠲᠦ ᠪᠠᠶᠠᠨ ᠤ ᠨᠦᠭᠦᠭᠡ ᠨᠢᠭᠡ ᠬᠦᠪᠡᠭᠦᠨ ᠵᠡᠪᠬᠡ ᠶᠢ ᠬᠠᠰᠠᠷ ᠲᠤ ᠦᠭᠴᠦ ᠲᠡᠭᠦᠨ ᠤ ᠡᠷᠦᠬᠡ ᠶᠢᠨ | ᠡᠭᠦᠳᠡᠨ ᠪᠤᠭᠤᠯ ᠪᠤᠯᠭᠠᠵᠠᠢ᠃ ᠴᠢᠩᠭᠢᠰ ᠬᠠᠭᠠᠨ ᠶᠡᠭᠡ ᠮᠤᠩᠭᠤᠯ ᠤᠯᠤᠰ ᠢ ᠪᠠᠶᠢᠭᠤᠯᠤᠭᠰᠠᠨ ᠤ ᠳᠠᠷᠠᠭ᠎ᠠ᠂ | ᠮᠤᠬᠤᠯᠠᠢ ᠶᠢ ᠭᠦᠢ ᠸᠠᠩ ᠡᠷᠭᠦᠮᠵᠢᠯᠡᠵᠦ᠂ ᠵᠡᠭᠦᠨ ᠭᠠᠷ ᠤᠨ ᠲᠦᠮᠡᠨ ᠢ ᠵᠠᠬᠢᠷᠤᠭᠤᠯᠤᠭᠰᠠᠨ ᠪᠠ ᠦᠭᠡᠳᠠᠢ ᠬᠠᠭᠠᠨ ᠤ | ᠦᠶ᠎ᠡ ᠳᠤ ᠵᠠᠯᠠᠶᠢᠷ ᠨᠢ ᠤᠷᠤᠭᠤᠳ ᠮᠠᠩᠭᠤᠳ ᠬᠤᠩᠭᠢᠷᠠᠳ ᠢᠬᠢᠷᠢᠰ ᠲᠠᠢ ᠬᠠᠮᠲᠤ ᠠᠯᠲᠠᠨ ᠤᠯᠤᠰ ᠤᠨ ᠨᠤᠲᠤᠭ ᠢ | ᠳᠠᠷᠤᠩᠭᠤᠶᠢᠯᠠᠨ ᠰᠠᠭᠤᠭᠰᠠᠨ ᠲᠠᠪᠤᠨ ᠠᠶᠢᠮᠠᠭ ᠤᠨ ᠳᠠᠮᠡᠴᠢ ᠴᠡᠷᠢᠭ ᠤᠨ ᠴᠢᠬᠤᠯᠠ ᠪᠦᠷᠢᠯᠳᠦᠭᠦᠨ ᠪᠤᠯᠪᠠ᠃ | ᠰᠠᠭᠦᠯ ᠳᠤᠨᠢ ᠲᠠᠳᠠ ᠠᠷᠤ ᠳᠤᠯᠤᠭᠠᠨ ᠤᠲᠤᠭ ᠬᠠᠯᠬ᠎ᠠ ᠬᠢᠬᠡᠣᠠ ᠴᠠᠭᠠᠳᠠᠢ ᠬᠠᠭᠠᠠᠳᠣ ᠤᠯᠣᠰ ᠤᠨ ᠭᠤᠣᠯ | ᠴᠣᠬᠴᠠ ᠪᠤᠯᠵᠠᠢ᠃ ᠤᠮᠠᠷᠠᠳᠣ ᠶᠣᠸᠠᠠ ᠤᠯᠣᠰ ᠤᠨ ᠦᠶ᠎ᠠ ᠳᠤ ᠲᠠᠭᠦᠠ ᠤ ᠨᠢᠬᠡ ᠰᠠᠯᠠᠭ᠎ᠠ ᠨᠢ ᠵᠠᠯᠠᠶᠢᠣᠠ ᠬᠡᠮᠠᠠ | ᠬᠤᠷᠴᠢᠠ ᠠᠶᠢᠮᠠᠬ ᠤᠨ ᠨᠢᠬᠡ ᠰᠠᠯᠪᠤᠷᠢ ᠪᠤᠯᠵᠠᠢ᠃ ᠠᠩᠬᠠᠠ ᠳᠠᠭᠠᠨ ᠤᠳᠣ ᠶᠢᠨ ᠦᠪᠤᠷ ᠮᠣᠩᠭᠤᠯ ᠤᠨ ᠭᠦᠯᠣᠠ | ᠪᠤᠶᠢᠷ ᠤᠷᠣᠠ ᠢᠶᠠᠷ ᠮᠠᠯᠵᠢᠵᠣ᠂ ᠬᠤᠵᠢᠮ ᠨᠢ ᠨᠣᠠ ᠮᠦᠷᠠᠠ ᠤ ᠤᠷᠣᠰᠬᠠᠯ ᠲᠠᠭᠠᠣ ᠨᠠᠭᠦᠠ ᠤᠴᠢᠵᠠᠢ᠃ ᠲᠠᠳᠠ | ᠨᠠᠷ ᠤᠨ ᠠᠬᠠᠯᠠᠬᠴᠢ ᠨᠢ ᠪᠦᠷ ᠬᠠᠰᠠᠷ ᠤᠨ ᠬᠤᠶᠢᠴᠢᠰ ᠪᠤᠯᠣᠨ᠎ᠠ᠃ ᠭᠦᠢ ᠮᠦᠩᠬᠡ ᠲᠠᠰᠬᠠᠷ᠎ᠠ ᠬᠤᠶᠠᠷ | ᠭᠦᠪᠠᠭᠦᠠ ᠲᠠᠢ ᠠᠬᠠᠮᠠᠳ ᠨᠢ ᠪᠦᠳᠢᠳᠠᠷᠠ ᠵᠤᠷᠬᠤᠯ ᠤᠨ ᠶᠢᠰᠦᠳᠦᠭᠡᠷ ᠬᠦᠪᠡᠭᠦᠨ ᠠᠮᠢᠨ ᠳᠠᠷᠬᠠᠨ ᠪᠠᠭ᠎ᠠ ᠨᠤᠶᠠᠨ ᠨᠢ | ᠵᠠᠯᠠᠶᠢᠳ ᠤᠨ ᠵᠠᠰᠠᠭ ᠬᠤᠰᠢᠭᠤᠨ ᠤ ᠵᠠᠰᠠᠭ ᠨᠤᠶᠠᠳ ᠤᠨ ᠳᠡᠭᠡᠲᠦ ᠪᠤᠯᠪᠠ᠃ ᠠᠮᠢᠠ ᠨᠣᠶᠠᠠ ᠤ ᠨᠠᠢᠮᠠᠳᠤᠭᠠᠷ | ᠬᠦᠪᠡᠭᠦᠨ ᠮᠤᠩᠭᠤᠨ 1624 ᠤᠨ ᠳᠤ ᠬᠤᠶᠢᠲᠦ ᠠᠯᠲᠠᠨ ᠤᠯᠤᠰ ᠠᠴᠠ ᠳᠠᠷᠬᠠᠨ ᠬᠤᠰᠢᠭᠤᠴᠢ ᠴᠤᠯᠠ | ᠬᠦᠷᠲᠡᠵᠦ 1634 ᠤᠨ ᠳᠤ ᠨᠠᠰᠤ ᠪᠠᠷᠠᠪᠠ᠃ ᠲᠡᠭᠦᠨ ᠤ ᠭᠠᠪᠢᠶ᠎ᠠ ᠶᠢ ᠢᠯᠭᠠᠬᠤ ᠳᠤ ᠬᠤᠰᠢᠭᠤᠨ ᠤ ᠪᠡᠶᠢᠰᠠ | ᠨᠡᠬᠡᠮᠵᠢᠯᠡᠨ ᠡᠷᠭᠦᠮᠵᠢᠯᠡᠵᠦ ᠲᠡᠭᠦᠨ ᠤ ᠠᠬᠠᠮᠠᠳ ᠬᠦᠪᠡᠬᠦᠨ ᠰᠡᠷᠡᠩ ᠳᠤ ᠵᠠᠯᠭᠠᠮᠵᠢᠯᠠᠭᠤᠯᠪᠠ ᠃ 1648 ᠤᠨ ᠳᠤ | ᠰᠡᠷᠡᠩ ᠨᠠᠰᠤ ᠪᠠᠷᠠᠵᠤ᠂ ᠲᠡᠭᠦᠨ ᠤ ᠬᠦᠪᠡᠭᠦᠨ ᠪᠢᠯᠢᠭ ᠵᠠᠰᠠᠭ ᠬᠤᠰᠢᠭᠤᠨ ᠤ ᠪᠡᠶᠢᠰᠠ ᠶᠢᠨ ᠬᠡᠷᠬᠡᠮ ᠵᠠᠯᠭᠠᠮᠵᠢᠯᠠᠭᠠᠳ | ᠨᠢᠭᠡᠨ ᠬᠤᠰᠢᠭᠤ ᠶᠢ ᠡᠭᠦᠰᠭᠡᠵᠠᠢ᠃ | ᠳᠦᠷᠪᠡᠳ᠄ | ᠨᠤᠨ ᠬᠤᠷᠴᠢᠨ ᠤ ᠬᠠᠷᠢᠶᠠᠲᠦ ᠳᠦᠷᠪᠡᠳ ᠠᠶᠢᠮᠠᠭ ᠪᠤᠯ ᠡᠷᠲᠡᠨ ᠤ ᠮᠤᠩᠭᠤᠯ ᠤᠨᠲ᠋ᠦ᠋ᠷᠪᠡᠨ ᠠᠶᠢᠮᠠᠬ | ᠠᠴᠠ ᠢᠷᠡᠯᠲᠠᠢ᠂ ᠳᠦᠷᠪᠡᠳ ᠨᠢ ᠳᠦᠷᠪᠡᠨ ᠤ ᠤᠯᠠᠨ ᠲᠤᠭ᠎ᠠ ᠪᠤᠯᠤᠨ᠎ᠠ᠃ ︽ᠲᠦᠷᠪᠠ︾ ᠬᠡᠮᠠᠭᠦ ᠤᠣᠠᠬ᠎ᠠ ᠲᠠᠢ᠃ | ᠨᠢᠷᠣᠭᠤᠠ ᠮᠣᠩᠭᠤᠯ ᠤᠨ ᠨᠢᠬᠡᠠ ᠰᠠᠯᠪᠤᠷᠢ ᠪᠤᠯᠣᠨ᠎ᠠ᠃ ᠲᠣᠸᠠ ᠰᠣᠬᠤᠷ ᠤᠨ ᠲᠦᠷᠪᠠᠠ ᠭᠦᠪᠠᠭᠦᠠ ᠤ | ᠬᠤᠶᠢᠴᠢᠰ ᠠᠴᠠ ᠪᠦᠷᠢᠯᠳᠣᠭ᠍ᠰᠠᠠ ᠤᠴᠢᠷ ᠠᠴᠠ ᠢᠩᠭᠢᠵᠦ ᠨᠠᠷᠠᠶᠢᠣᠠᠪᠠ᠃ ︽ᠮᠤᠩᠭᠤᠯ ᠤᠨ ᠨᠢᠭᠤᠴᠡ ᠲᠤᠪᠴᠢᠶᠠᠨ | ︾ ᠳᠤ᠂ ᠲᠤᠸᠠ ᠰᠤᠬᠤᠷ ᠠᠬ᠎ᠠ ᠨᠢ ᠳᠦᠷᠪᠡᠨ ᠬᠦᠦᠲᠦ ᠪᠦᠯᠦᠭᠡ᠃ ᠲᠡᠳᠤᠢ ᠠᠲᠠᠯ᠎ᠠ ᠲᠤᠸᠠ ᠰᠤᠬᠤᠷ ᠠᠬ᠎ᠠ | ᠢᠨᠦ ᠦᠭᠡᠢ ᠪᠤᠯᠪᠠ᠃ ᠲᠤᠸᠠ ᠰᠤᠬᠤᠷ ᠦᠭᠡᠢ ᠪᠤᠯᠤᠭᠰᠠᠨ ᠤ ᠬᠤᠶᠢᠨ᠎ᠠ᠂ ᠳᠦᠷᠪᠡᠨ ᠬᠦᠪᠡᠭᠦᠨ ᠢᠨᠦ ᠲᠤᠸᠠ | ᠮᠡᠷᠭᠡᠨ ᠠᠪᠠᠭ᠎ᠠ ᠶᠤᠭᠠᠨ ᠤᠷᠤᠭ ᠦᠯᠦ ᠪᠤᠯᠭᠠᠨ ᠬᠠᠭᠠᠴᠠᠵᠦ ᠭᠡᠵᠦ ᠨᠡᠭᠦᠪᠡ᠃ ᠳᠦᠷᠪᠡᠨ ᠤᠪᠤᠭᠲᠠᠨ ᠪᠤᠯᠵᠤ᠂ | ᠳᠦᠷᠪᠡᠨ ᠢᠷᠭᠡᠨ ᠲᠡᠳᠡ ᠪᠦᠯᠦᠭᠡ︾ ᠭᠡᠵᠦ ᠲᠡᠮᠳᠡᠭᠯᠡᠳᠡᠭ᠃ ᠪᠤᠶᠢᠷ ᠨᠠᠭᠤᠷ ᠠᠴᠠ ᠵᠠᠭᠦᠠᠰᠢᠬᠢ ᠤᠷᠣᠠ ᠳᠤ | ᠨᠠᠭᠦᠳᠠᠯᠯᠠᠠ ᠮᠠᠯᠵᠢᠵᠣ᠂ 1200 ᠤᠠ ᠳᠤ ᠬᠠᠳᠠᠬᠢᠠ᠂ ᠰᠠᠯᠵᠢᠭᠤᠣᠠ᠂ ᠲᠠᠲ᠋ᠠᠷ ᠵᠠᠷᠬᠡ ᠠᠶᠢᠮᠠᠬ ᠤᠳ ᠲᠠᠢ | ᠬᠤᠯᠪᠤᠭᠠᠯᠠᠠ᠂ ᠵᠠᠮᠤᠬ᠎ᠠ ᠶᠢ ᠬᠦᠷ ᠬᠠᠭᠠᠨ ᠡᠷᠭᠦᠮᠵᠢᠯᠡᠨ ᠴᠢᠩᠭᠢᠰ ᠬᠠᠭᠠᠨ ᠲᠠᠢ ᠡᠰᠡᠷᠭᠦᠴᠡᠯᠳᠤᠵᠤ ᠪᠠᠶᠢᠵᠠᠢ᠃ | ᠶᠤᠸᠠᠨ ᠤᠯᠤᠰ ᠤᠨ ᠦᠶ᠎ᠡ ᠳᠤ ᠳᠦᠷᠪᠡᠨ ᠠᠶᠢᠮᠠᠭ ᠨᠢ ᠴᠢᠩᠭᠢᠰ ᠬᠠᠭᠠᠨ ᠤ ᠳᠡᠭᠦᠦ ᠤᠳᠴᠢᠬᠢᠨ ᠨᠤᠶᠠᠨ ᠤ | ᠬᠠᠷᠢᠶᠠᠲᠦ ᠢᠷᠭᠡᠨ ᠪᠤᠯᠵᠤ᠂ ᠬᠢᠩᠭᠠᠨ ᠳᠠᠪᠠᠭᠠᠨ ᠠᠴᠠ ᠵᠡᠭᠦᠨᠰᠢ ᠨᠤᠨ ᠮᠦᠷᠡᠨ ᠤ ᠰᠠᠪᠠ ᠭᠠᠵᠠᠷ ᠲᠤ ᠨᠤᠲᠤᠭᠯᠠᠵᠦ | ᠪᠠᠶᠢᠪᠠ᠃1389 ᠤᠨ ᠳᠤ ᠮᠢᠩ ᠤᠯᠤᠰ ᠤᠨ ᠨᠤᠶᠠᠷᠬᠠᠭᠴᠢᠳ ᠨᠤᠨ ᠮᠦᠷᠡᠨ ᠤ ᠰᠠᠪᠠ ᠭᠠᠵᠠᠷ ᠲᠤ ᠲᠤᠶᠤᠨ᠂ | ᠲᠠᠶᠢᠨᠢᠩ᠂ ᠸᠤᠶᠤᠷ ᠤᠢ ᠵᠡᠷᠭᠡ ᠠᠷᠭᠠᠳᠠᠨ ᠲᠠᠲᠠᠬᠤ ᠤᠢ ᠽᠤᠤ ᠶᠢ ᠪᠠᠶᠢᠭᠤᠯᠬᠤ ᠳᠤ ᠳᠦᠷᠪᠡᠨ ᠠᠶᠢᠮᠠᠭ ᠨᠢ | ᠭᠤᠷᠪᠠᠨ ᠤᠢ ᠶᠢᠨ ᠪᠦᠷᠢᠯᠳᠡᠭᠦᠨ ᠪᠤᠯᠵᠤ ᠪᠠᠶᠢᠭᠰᠠᠨ ᠪᠠ 15 ᠳ᠋ᠤᠭᠠᠷ ᠵᠠᠭᠤᠨ ᠤ ᠭᠤᠴᠢ ᠲᠦᠴᠢᠭᠡᠳ ᠤᠨ ᠠᠴᠠ | ᠡᠬᠢᠯᠡᠨ ᠭᠤᠷᠪᠠᠨ ᠤᠢ ᠶᠢᠨ ᠶᠡᠬᠡᠩᠭᠢ ᠮᠤᠩᠭᠤᠯᠴᠤᠳ ᠡᠮᠦᠨᠡᠰᠢ ᠪᠠᠭᠤᠵᠦ ᠮᠢᠩ ᠤᠯᠤᠰ ᠤᠨ ᠬᠢᠵᠠᠭᠠᠷ ᠠᠴᠠ | ᠤᠶᠢᠷᠠᠯᠴᠠᠭ᠎ᠠ ᠨᠤᠲᠤᠭᠯᠠᠬᠤ ᠳᠤ ᠳᠦᠷᠪᠡᠨ ᠠᠶᠢᠮᠠᠭ ᠨᠢ ᠮᠦᠨ ᠨᠤᠨ ᠮᠦᠷᠡᠨ ᠤ ᠰᠠᠪᠠ ᠭᠠᠵᠠᠷ ᠲᠤ ᠪᠠᠨ | ᠦᠯᠡᠳᠡᠵᠠᠢ᠃ ᠤᠮᠠᠷᠠᠲᠦ ᠶᠤᠸᠠᠨ ᠤ ᠦᠶ᠎ᠡ ᠳᠤ ᠴᠢᠩᠬᠢᠰ ᠬᠠᠭᠠᠠ ᠤ ᠲᠠᠭᠦᠣ ᠬᠠᠰᠠᠷ ᠤᠨ ᠠᠷᠪᠠᠠ ᠲᠦᠷᠪᠠᠳᠣᠬᠡᠷ | ᠦᠶ᠎ᠠ ᠶᠢᠨ ᠠᠴᠢ ᠭᠦᠢ ᠮᠦᠩᠬᠡ ᠲᠠᠰᠬᠠᠷ᠎ᠠ ᠬᠤᠶᠠᠷ ᠬᠦᠪᠡᠭᠦᠨ ᠲᠠᠢ᠂ ᠠᠬᠠᠮᠠᠣᠠ ᠭᠦᠪᠠᠭᠦᠠ ᠪᠤᠳᠢᠳᠠᠷ᠎ᠠ᠂ | ᠬᠤᠶᠠᠳᠣᠭᠠᠷ ᠭᠦᠪᠠᠭᠦᠠ ᠨᠣᠮᠣᠠᠳᠠᠷᠠ᠃ ᠪᠤᠳᠢᠳᠠᠷ᠎ᠠ᠂ ᠶᠢᠰᠣᠠ ᠭᠦᠪᠠᠭᠦᠠ ᠲᠠᠢ᠂ ᠨᠠᠢᠮᠠᠳᠤᠭᠠᠷ ᠭᠦᠪᠠᠭᠦᠠ ᠠᠶᠢᠨᠠᠭ᠎ᠠ | ᠨᠢ ᠨᠣᠠ ᠮᠦᠷᠠᠠ ᠤ ᠲᠣᠮᠳᠠᠳᠣ ᠤᠷᠣᠰᠬᠠᠯ ᠤᠨ ᠵᠠᠭᠦᠠ ᠭᠦᠪᠡᠬᠡᠠ ᠳᠤ ᠮᠠᠯᠵᠢᠵᠣ᠂ ᠲᠦᠷᠪᠠᠠ ᠠᠶᠢᠮᠠᠬ ᠤᠨ | ᠨᠣᠳᠤᠬ ᠢ ᠡᠵᠠᠯᠡᠭᠰᠠᠠ ᠠᠴᠠ ᠲᠠᠳᠠᠠ ᠢ ᠲᠦᠷᠪᠠᠣᠠ ᠬᠡᠵᠠᠢ᠃ ᠲᠠᠭᠦᠠ ᠤ ᠨᠣᠳᠤᠬ ᠨᠢ ᠪᠠᠷᠠᠭᠤᠠᠰᠢ ᠨᠣᠠ ᠮᠦᠷᠠᠠ᠂ | ᠵᠠᠭᠦᠠᠰᠢ ᠲᠦᠩᠬᠡ ᠶᠢᠨ ᠭᠤᠣᠯ᠂ ᠡᠮᠣᠨᠠᠰᠢ ᠭᠤᠷᠯᠣᠰ ᠠᠶᠢᠮᠠᠬ᠂ ᠤᠮᠠᠷᠠᠰᠢ ᠰᠣᠯᠣᠠ ᠤ ᠬᠢᠵᠠᠭᠠᠷ ᠲᠤ ᠭᠦᠷᠳᠡᠭ᠃ | ᠴᠢᠩ ᠤᠯᠣᠰ ᠤᠨ ᠡᠶᠠᠪᠠᠷ ᠵᠠᠰᠠᠬᠴᠢ ᠶᠢᠨ ᠲᠠᠪᠤᠳᠣᠭᠠᠷ ᠤᠠ ︵1648︶ ᠳᠤ ᠲᠦᠷᠪᠠᠣᠠ ᠬᠤᠰᠢᠭᠤ ᠶᠢ | ᠪᠠᠶᠢᠭᠤᠯᠵᠠᠢ᠃ | ᠭᠤᠷᠯᠤᠰ᠄ | ᠮᠤᠩᠭᠤᠯ ᠤᠨ ᠡᠷᠲᠡᠨ ᠤ ᠠᠶᠢᠮᠠᠭ᠂ ᠴᠢᠩᠭᠢᠰ ᠬᠠᠭᠠᠨ ᠤ ᠦᠭᠡᠯᠦᠨ ᠦᠵᠢᠨ ᠳᠤ ᠤᠯᠭᠤᠭᠰᠠᠨ ᠭᠤᠷᠪᠠᠨ | ᠮᠢᠩᠭᠠᠨ ᠭᠤᠷᠯᠤᠰ ᠶᠤᠸᠠᠨ ᠤᠯᠤᠰ ᠤᠨ ᠦᠶ᠎ᠡ ᠳᠤ ᠨᠤᠨ ᠮᠦᠷᠡᠨ ᠤ ᠰᠠᠪᠠ ᠭᠠᠵᠠᠷ ᠲᠤ ᠨᠤᠲᠤᠭᠯᠠᠵᠤ ᠪᠠᠶᠢᠭᠰᠠᠨ | ᠪᠠ ᠮᠢᠩ ᠤᠯᠤᠰ ᠤᠨ ᠦᠶ᠎ᠡ ᠶᠢᠨ ᠳᠤᠶᠤᠨ ᠤᠢ ᠳᠤ ᠪᠠᠰᠠ ᠭᠤᠷᠯᠤᠰ ᠮᠤᠩᠭᠤᠯᠴᠤᠳ ᠪᠠᠶᠢᠵᠠᠢ᠃ ᠤᠮᠠᠷᠠᠲᠦ | ᠶᠤᠸᠠᠨ ᠤ ᠦᠶ᠎ᠡ ᠳᠤ ᠭᠤᠷᠯᠤᠰ ᠤᠲᠤᠭ ᠤᠨ ᠬᠢᠨ ᠨᠢ ᠤᠷᠢᠶᠠᠩᠬᠠᠨ ᠲᠦᠮᠡᠨ ᠤ ᠭᠤᠤᠯ ᠪᠦᠷᠢᠯᠳᠦᠭᠦᠨ ᠪᠠᠶᠢᠭᠰᠠᠨ | ᠢᠶᠠᠷ ᠪᠠᠷᠠᠬᠤ ᠦᠭᠡᠢ ᠬᠤᠷᠴᠢᠨ ᠲᠦᠮᠡᠨ ᠤ ᠪᠠᠷᠠᠭᠤᠨ ᠭᠠᠷᠤᠨ ᠳᠤᠯᠤᠭᠠᠨ ᠤᠲᠤᠭ ᠤᠨ ᠨᠢᠭᠡ ᠳᠤ ᠲᠤᠭᠠᠴᠠᠭᠳᠠᠵᠤ | ᠪᠠᠶᠢᠭᠰᠠᠨ ᠪᠠ ᠭᠦᠢ ᠮᠦᠩᠭᠡ ᠲᠠᠰᠬᠠᠷ᠎ᠠ ᠶᠢ ᠳᠠᠭᠠᠵᠦ ᠨᠤᠨ ᠮᠦᠷᠡᠨ ᠤ ᠰᠠᠪᠠ ᠭᠠᠵᠠᠷ ᠢᠷᠡᠵᠠᠢ᠃ ᠪᠤᠳᠢᠳᠠᠷ᠎ᠠ | ᠵᠤᠷᠬᠤᠯ ᠤᠨ ᠶᠡᠭᠡ ᠬᠠᠲᠤᠨ ᠵᠢᠭᠡᠯᠡᠨ ᠠᠴᠠ ᠲᠦᠷᠦᠭᠰᠡᠨ ᠤᠪᠠᠰᠢ ᠤᠳᠬᠤᠨ ᠨᠤᠨ ᠬᠤᠷᠴᠢᠨ ᠤ ᠬᠠᠷᠢᠶᠠᠲᠦ | ᠠᠶᠢᠮᠠᠭ ᠢᠷᠭᠡᠨ ᠠᠴᠠ ᠭᠤᠷᠯᠤᠰ ᠢᠶᠠᠷ ᠭᠤᠤᠯᠯᠠᠭᠰᠠᠨ ᠢᠷᠭᠡᠳ ᠢ ᠬᠤᠪᠢᠶᠠᠨ ᠤᠯᠤᠭᠰᠠᠨ ᠶᠤᠮ᠃ | | | ᠠᠰᠢᠭᠯᠠᠭᠰᠠᠨ ᠨᠤᠮ | ︵1︶ ᠬᠤᠷᠴᠠ ᠴᠠᠩ ᠮᠢᠩ᠄ ︽ᠬᠤᠷᠴᠢᠨ ᠲᠤᠪᠴᠢᠶᠠᠨ︾ ᠂ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ | ᠬᠤᠷᠢᠶ᠎ᠠ ᠂ 2016 ᠤᠨ᠃ | ︵2︶ ︽ᠮᠤᠩᠭᠤᠯ ᠦᠨᠳᠦᠰᠦᠲᠡᠨ ᠤ ᠪᠦᠷᠢᠨ ᠲᠤᠯᠢ︾᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ | ᠬᠤᠷᠢᠶ᠎ᠠ᠂ 2008 ᠤᠨ᠃ | ︵3︶ ᠨᠠᠮᠰᠠᠷᠠᠢ᠄ ︽ᠴᠢᠩ ᠤᠯᠤᠰ ᠤᠨ ᠦᠶ᠎ᠡ ᠶᠢᠨ ᠮᠤᠩᠭᠤᠯ ᠤᠨ ᠬᠤᠰᠢᠭᠤ ᠴᠢᠭᠤᠯᠭᠠᠨ︾᠂ ᠦᠪᠦᠷ ᠮᠤᠩᠭᠤᠯ | ᠤᠨ ᠠᠷᠠᠳ ᠤᠨ ᠬᠡᠪᠯᠡᠯ ᠤᠨ ᠬᠤᠷᠢᠶ᠎ᠠ᠂ 2011ᠤᠨ᠃ | | | | ᠨᠠᠶᠢᠷᠠᠭᠤᠯᠤᠭᠴᠢ᠄ ᠡᠷᠳᠡᠨᠢᠴᠤᠭᠲᠦ | ᠬᠢᠨᠠᠭᠴᠢ᠄ ᠭᠡᠷᠡᠯᠲᠦ | | |