ᠳ᠋ᠧᠩ ᠠᠰᠠᠭᠠᠵᠤ ᠤᠨᠲᠠᠬᠤ ᠨᠢ ᠵᠢᠷᠦᠬᠡᠨ ᠤ ᠡᠷᠡᠭᠦᠯᠵᠢᠯ ᠢ ᠨᠥᠯᠥᠭᠡᠯᠡᠨ᠎ᠡ
ᠨᠡᠶᠢᠲᠡᠯᠡᠭᠰᠡᠨ ᠴᠠᠭ᠄
2019/11/26
    ᠠᠮᠧᠷᠢᠺᠠ ᠶᠢᠨ ᠤᠯᠤᠰ ᠤᠨ ᠡᠷᠡᠭᠦᠯ ᠬᠠᠮᠠᠭᠠᠯᠠᠯ ᠤᠨ ᠰᠤᠳᠤᠯᠭᠠᠨ ᠤ ᠬᠦᠷᠢᠶᠡᠯᠡᠩ ᠤᠨ ᠬᠢᠨ ᠤ ᠮᠦᠩᠭᠦᠨ ᠤ ᠲᠡᠮᠵᠢᠯᠭᠡ ᠪᠦᠬᠦᠢ ᠨᠢᠭᠡᠨ ᠰᠤᠳᠤᠯᠭᠠᠨ ᠳᠤ᠂ ᠰᠥᠨᠢ ᠶᠢᠨ ᠴᠠᠭᠠᠨ ᠭᠡᠷᠡᠯ ︵ᠶᠡᠷᠦ ᠳᠡᠭᠡᠨ ᠡᠪᠡᠳᠴᠢᠲᠡᠨ ᠤ ᠦᠷᠦᠭᠡ ᠶᠢ ᠭᠡᠷᠡᠯᠲᠦᠭᠦᠯᠬᠦ ᠳᠤ ᠬᠡᠷᠡᠭᠯᠡᠳᠡᠭ ᠭᠡᠷᠡᠯ︶ ᠨᠢ ᠦᠷᠪᠢᠰᠦᠯ᠂ ᠲᠠᠷᠢᠬᠢᠨ ᠤ ᠡᠰ ᠤᠨ ᠦᠬᠦᠯ ᠪᠠ ᠵᠢᠷᠦᠬᠡᠨ ᠡᠪᠡᠳᠴᠢᠲᠡᠨ ᠤ ᠥᠨᠳᠥᠷ ᠦᠬᠦᠬᠦ ᠨᠣᠷᠮ᠎ᠠ ᠲᠠᠢ ᠬᠤᠯᠪᠣᠭ᠎ᠠ ᠲᠠᠢ ᠭᠡᠲᠡᠭ ᠢ ᠠᠮᠧᠷᠢᠺᠠ ᠶᠢᠨ ᠲᠧᠺᠰᠠᠰ ᠶᠡᠭᠡ ᠰᠤᠷᠭᠠᠭᠤᠯᠢ ᠶᠢᠨ ᠤᠰᠲ᠋ᠢᠨ ᠬᠤᠪᠢᠶᠠᠷᠢ ᠰᠤᠷᠭᠠᠭᠤᠯᠢ ᠪᠠ ᠪᠠᠷᠠᠭᠤᠨ ᠸᠢᠷᠬᠢᠨᠢᠶ᠎ᠠ ᠶᠡᠭᠡ ᠰᠤᠷᠭᠠᠭᠤᠯᠢ ᠶᠢᠨ ᠠᠨᠠᠭᠠᠬᠤ ᠤᠬᠠᠭᠠᠨ ᠤ ᠳᠡᠭᠡᠳᠦ ᠰᠤᠷᠭᠠᠭᠤᠯᠢ ᠵᠡᠷᠭᠡ ᠪᠠᠶᠢᠭᠤᠯᠤᠮᠵᠢ ᠶᠢᠨ ᠮᠡᠳᠡᠷᠡᠯ ᠤᠨ ᠰᠢᠨᠵᠢᠯᠡᠬᠦ ᠤᠬᠠᠭᠠᠨᠲᠠᠳ ᠤᠯᠵᠤ ᠮᠡᠲᠡᠪᠡ᠃          ᠰᠤᠳᠤᠯᠭᠠᠨ ᠤ ᠪᠦᠯᠬᠦᠮ ᠤᠨ ᠬᠢᠨ ᠡᠩ ᠲᠡᠷᠢᠭᠦᠨ ᠳᠤ ᠠᠮᠢᠲᠠᠨ ᠤ ᠵᠠᠭᠪᠤᠷ ᠢᠶᠠᠷ ᠵᠢᠷᠦᠬᠡᠨ ᠴᠣᠬᠢᠯᠲᠠ ᠶᠢ ᠵᠣᠭᠰᠣᠭᠠᠬᠤ ᠶᠢ ᠳᠠᠬᠢᠨ ᠵᠣᠬᠢᠶᠠᠨ ᠪᠠᠶᠢᠭᠤᠯᠵᠤ᠂ ᠭᠤᠷᠪᠠᠨ ᠳᠤᠭᠤᠶᠢᠯᠠᠩ ᠤᠨ ᠲᠤᠷᠰᠢᠯᠲᠠ ᠳᠤ ᠣᠷᠣᠯᠴᠠᠬᠤ ᠡᠲᠡᠭᠡᠳ ᠢ ᠲᠤᠰ ᠲᠤᠰ ᠬᠠᠷᠠᠩᠭᠤᠶ ᠤᠯᠠᠭᠠᠨ ᠭᠡᠷᠡᠯ᠂ ᠪᠦᠳᠡᠭᠢ ᠬᠠᠷᠠᠩᠭᠤᠶ ᠴᠠᠭᠠᠨ ᠭᠡᠷᠡᠯ ᠪᠠ ᠬᠠᠷᠠᠩᠭᠤᠶ ᠳᠤᠮᠳᠠ ᠰᠥᠨᠢ ᠥᠩᠭᠡᠷᠡᠭᠦᠯᠪᠡ᠃ 7 ᠰᠦᠨᠢ ᠶᠢᠨ ᠳᠠᠷᠠᠭ᠎ᠠ᠂ ᠰᠤᠳᠤᠯᠭᠠᠨ ᠤ ᠠᠵᠢᠯᠲᠠᠨ ᠲᠡᠲᠡᠨᠤᠰ ᠤᠨ ᠡᠷᠡᠭᠦᠯ ᠮᠡᠨᠳᠦ ᠶᠢᠨ ᠪᠠᠶᠢᠳᠠᠯ ᠢ ᠦᠨᠡᠯᠡᠨ ᠵᠢᠱᠢᠭᠰᠡᠨ ᠦᠷ᠎ᠡ ᠳ᠋ᠦᠩ ᠠᠴᠠ ᠦᠵᠡᠪᠡᠯ᠂ ᠰᠥᠨᠢ ᠴᠠᠭᠠᠨ ᠭᠡᠷᠡᠯ ᠤᠨ ᠳᠣᠤᠷ᠎ᠠ ᠪᠠᠶᠢᠪᠠᠯ ᠣᠯᠠᠨ ᠵᠦᠢᠯ ᠤᠨ ᠮᠠᠭᠤ ᠦᠷ᠎ᠡ ᠳ᠋ᠦᠩ ᠭᠠᠷᠳᠠᠭ᠄ ᠰᠥᠨᠢ ᠴᠠᠭᠠᠨ ᠭᠡᠷᠡᠯ ᠲᠠᠢ ᠬᠦᠷᠦᠯᠴᠡᠬᠦ‍ ᠨᠢᠭᠡ ᠪᠦᠯᠦᠭ ᠲᠤᠷᠰᠢᠯᠲᠠ ᠳᠤ ᠣᠷᠣᠯᠴᠠᠭᠰᠠᠨ ᠡᠲᠡᠭᠡᠳ ᠤᠨ ᠦᠬᠦᠯᠲᠡ ᠶᠢᠨ ᠨᠣᠷᠮ᠎ᠠ ᠳᠡᠭᠡᠭᠰᠢᠯᠡᠵᠦ᠂ ᠤᠯᠠᠭᠠᠨ ᠭᠡᠷᠡᠯ ᠲᠠᠢ ᠬᠦᠷᠦᠯᠴᠡᠬᠦ ᠳᠤᠭᠤᠶᠢᠯᠠᠩ ᠨᠢ ᠬᠠᠷᠠᠩᠭᠤᠶ ᠳᠤ ᠦᠩᠭᠡᠷᠡᠭᠰᠡᠨ ᠳᠤᠭᠤᠶᠢᠯᠠᠩ ᠤᠨ ᠦᠬᠦᠯᠲᠡ ᠶᠢᠨ ᠨᠣᠷᠮ᠎ᠠ ᠲᠠᠢ ᠵᠥᠷᠢᠶ᠎ᠡ ᠥᠬᠡᠶ ᠪᠠᠶᠢᠳᠠᠭ᠃ ᠰᠤᠳᠤᠯᠭᠠᠨ ᠤ ᠠᠵᠢᠯᠲᠠᠨ ᠤ ᠦᠵᠡᠬᠦ ᠪᠠᠷ᠂ ᠰᠥᠨᠢ ᠴᠠᠭᠠᠨ ᠭᠡᠷᠡᠯ ᠳᠣᠣᠷ᠎ᠠ ᠪᠠᠶᠢᠪᠠᠯ ᠮᠣᠷᠢᠨ ᠵᠢᠭᠠᠰᠤᠨ ᠤ ᠪᠡᠶ᠎ᠡ ︵ᠶᠡᠭᠡ ᠲᠠᠷᠢᠬᠢᠨ ᠳᠠᠬᠢ ᠴᠡᠭᠡᠵᠢᠯᠡᠯ ᠳᠤ ᠵᠠᠩᠭᠢᠯᠠᠭ᠎ᠠ ᠶᠢᠨ ᠦᠢᠯᠡᠳᠦᠯ ᠦᠵᠡᠭᠦᠯᠬᠦ ᠬᠡᠰᠡᠭ ︶ ᠶᠢ ᠨᠥᠯᠥᠭᠡᠯᠡᠵᠦ᠂ ᠨᠠᠩ ᠬᠤᠷᠴᠠ ᠰᠢᠷᠦᠭᠦᠨ ᠦᠷᠪᠢᠰᠦᠯ ᠤᠨ ᠤᠷᠪᠠᠯ ᠡᠭᠦᠰᠭᠡᠨ᠎ᠡ᠃          ︽ᠲᠤᠷᠰᠢᠯᠲᠠ ᠶᠢᠨ ᠮᠡᠳᠡᠷᠡᠯ ᠤᠨ ᠡᠪᠡᠳᠴᠢᠨ ᠤ ᠰᠤᠳᠤᠯᠤᠯ︾ ᠳᠡᠭᠡᠷ᠎ᠡ ᠨᠡᠶᠢᠲᠡᠯᠡᠭᠰᠡᠨ ᠡᠨᠡ ᠬᠦ ᠰᠤᠳᠤᠯᠭᠠᠨ ᠤ ᠦᠷ᠎ᠡ ᠳ᠋ᠦᠩ ᠠᠴᠠ ᠦᠵᠡᠪᠡᠯ᠂ ᠰᠥᠨᠢ ᠶᠢᠨ ᠭᠡᠷᠡᠯ ᠤᠨ ᠱᠤᠭᠤᠮ ᠤᠨ ᠥᠩᠭᠡ ᠶᠢ ᠬᠤᠪᠢᠷᠠᠭᠤᠯᠪᠠᠯ᠂ ᠴᠠᠭᠠᠨ ᠥᠩᠭᠡ ᠲᠠᠢ ᠪᠠᠶᠢᠭᠰᠠᠨ ᠠᠴᠠ ᠤᠯᠠᠭᠠᠨ ᠥᠩᠭᠡ ᠲᠠᠢ ᠪᠣᠯᠭᠠᠬᠤ ᠪᠤᠶᠤ ᠳ᠋ᠧᠩ ᠤᠨ ᠭᠡᠷᠡᠯ ᠢ ᠬᠠᠭᠠᠬᠤ ᠨᠢ ᠵᠢᠷᠦᠬᠡᠨ ᠡᠪᠡᠳᠴᠢᠨ ᠤ ᠡᠳᠡᠭᠡᠷᠡᠯᠲᠡ ᠳᠤ ᠠᠰᠢᠭᠲᠠᠶ᠃ ᠣᠳᠣᠬᠠᠨ ᠤ ᠰᠤᠳᠤᠯᠭᠠᠨ ᠤ ᠦᠷ᠎ᠡ ᠳ᠋ᠦᠩ ᠨᠢ ᠠᠮᠢᠲᠠᠨ ᠠᠴᠠ ᠢᠷᠡᠯᠲᠡ ᠲᠠᠢ ᠤᠴᠢᠷ ᠠᠴᠠ ᠢᠷᠡᠭᠡᠳᠦᠶ ᠶᠢᠨ ᠰᠤᠳᠤᠯᠭᠠᠨ ᠨᠢ ᠡᠨᠡ ᠬᠦ ᠳ᠋ᠦᠩᠨᠡᠯᠲᠡ ᠨᠢ ᠡᠮᠴᠢᠯᠡᠭᠡᠨ ᠤ ᠬᠥᠮᠦᠰ ᠲᠤ ᠠᠳᠠᠯᠢᠬᠠᠨ ᠲᠣᠬᠢᠷᠠᠬᠤ ᠶᠢ ᠭᠡᠷᠡᠴᠢᠯᠡᠵᠦ ᠴᠢᠳᠠᠪᠠᠯ᠂ ᠡᠮᠨᠡᠯᠭᠡ ᠳᠤ ᠰᠠᠭᠤᠭ᠎ᠠ ᠵᠢᠷᠦᠬᠡᠨ ᠯᠤᠭᠰᠢᠯᠲᠠ ᠨᠢ ᠵᠣᠭᠰᠣᠭᠰᠠᠨ ᠡᠪᠡᠳᠴᠢᠲᠡᠨ ᠤ ᠡᠷᠡᠭᠦᠯᠵᠢᠬᠦ ᠳᠤ ᠠᠰᠢᠭᠲᠠᠶ ᠪᠤᠯᠤᠨ᠎ᠠ᠃                                                          ᠵᠣᠬᠢᠶᠠᠭᠴᠢ᠄ ᠰᠢᠶᠣᠤ ᠵᠦᠩ ᠶᠠᠨ  
 
ᠢᠷᠡᠯᠲᠡ᠄ ᠬᠦᠯᠦᠨ ᠪᠤᠶᠢᠷ ᠬᠤᠳᠠ ᠶᠢᠨ ᠵᠠᠰᠠᠭ ᠤᠨ ᠤᠷᠳᠤᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2