| | ᠵᠦᠢ ᠵᠤᠬᠢᠰᠳᠠᠢ ᠢᠲᠡᠭᠡᠨ ᠤᠮᠲᠠᠭᠠᠨ ᠪᠤᠯ ᠡᠷᠡᠬᠦᠯ ᠮᠠᠨᠲᠤ ᠶᠢᠨ ᠳᠤᠲᠠᠭᠳᠠᠰᠢ ᠦᠭᠡᠢ ᠨᠦᠬᠦᠴᠠᠯ ᠤᠨ ᠨᠢᠭᠡ | ᠮᠥᠨ᠂ ︽ᠢᠲᠡᠭᠡᠨ ᠤᠮᠲᠠᠭᠠᠨ ᠤ ᠳᠦᠷᠦᠯ ᠵᠦᠢᠯ ᠢᠶᠠᠨ ᠤᠯᠠᠰᠢᠷᠠᠭᠤᠯᠬᠤ︾ ᠤᠬᠠᠭᠲᠠᠬᠤᠨ ᠤᠲᠤ ᠨᠢᠭᠡᠨᠳᠡ | ᠬᠦᠮᠦᠰ ᠤᠨ ᠰᠡᠳᠬᠢᠯ ᠳᠤ ᠭᠦᠨ᠎ᠡ ᠰᠠᠭᠤᠭᠲᠠᠵᠤ ᠪᠠᠶᠢᠨ᠎ᠠ᠃ ᠶᠠᠫᠤᠨ ᠤ ᠤᠯᠤᠰ ᠤᠨ ᠦᠮᠠᠨ ᠰᠤᠳᠤᠯᠬᠤ ᠳᠦᠪ ᠤᠨ | ᠰᠢᠨᠵᠢᠯᠡᠬᠦ ᠤᠬᠠᠭᠠᠨᠲᠠᠳ᠂ ᠢᠲᠡᠭᠡᠨ ᠤᠮᠲᠠᠭᠠᠨ ᠤ ᠳᠦᠷᠦᠯ ᠵᠦᠢᠯ ᠢᠶᠠᠨ ᠤᠯᠠᠰᠢᠷᠠᠭᠤᠯᠪᠠᠯ ᠳᠤᠷᠭᠤᠨ ᠨᠠᠰᠤᠯᠠᠬᠤ | ᠳᠦᠭᠰᠢᠬᠦᠷᠢ ᠶᠢ ᠠᠷᠪᠠᠨ ᠤ ᠬᠤᠶᠠᠷ ᠬᠤᠪᠢ ᠪᠠᠭᠠᠰᠬᠠᠵᠤ ᠪᠤᠯᠤᠨ᠎ᠠ ᠭᠡᠲᠡᠭ ᠢ ᠪᠤᠲᠠᠳᠦ ᠪᠠᠷᠢᠮᠲᠠ ᠪᠠᠷ ᠨᠤᠲᠠᠯᠠᠵᠠᠢ᠃ | ᠢᠲᠡᠭᠡᠨ ᠤᠮᠲᠠᠭᠠᠨ ᠤ ᠳᠦᠷᠦᠯ ᠵᠦᠢᠯ ᠢ ᠤᠯᠠᠰᠢᠷᠠᠭᠤᠯᠬᠤ ᠬᠢᠭᠡᠳ ᠦᠬᠦᠬᠦ ᠠᠶᠤᠯ ᠳᠦᠭᠰᠢᠬᠦᠷᠢ ︵ᠡᠯ᠎ᠡ | ᠵᠦᠢᠯ ᠤᠨ ᠰᠢᠯᠲᠠᠭᠠᠨ ᠢᠶᠠᠷ ᠦᠬᠦᠬᠦ᠂ ᠦᠮᠡᠨ ᠡᠪᠡᠳᠴᠢᠨ ᠢᠶᠠᠷ ᠦᠬᠦᠬᠦ᠂ ᠤᠷᠴᠢᠯ ᠤᠨ ᠰᠢᠰᠲ᠋ᠧᠮ ᠤᠨ | ᠡᠪᠡᠳᠴᠢᠨ ᠢᠶᠠᠷ ᠦᠬᠦᠬᠦ᠂ ᠪᠤᠰᠤᠳ ᠰᠢᠯᠲᠠᠭᠠᠨ ᠢᠶᠠᠷ ᠦᠬᠦᠬᠦ︶ ᠶᠢᠨ ᠬᠤᠭᠤᠷᠤᠨᠲᠤᠬᠢ ᠬᠤᠯᠪᠤᠯᠲᠤᠯ ᠢ ᠲᠤᠲᠤᠯᠠᠨ | ᠲᠤᠭᠲᠠᠭᠠᠬᠤ ᠶᠢᠨ ᠳᠤᠰᠠᠳᠠ᠂ ᠤᠤᠯ ᠰᠤᠳᠤᠯᠭᠠᠨ ᠤ ᠳᠤᠭᠤᠶᠢᠯᠠᠩ ᠨᠢ ᠳᠤᠮᠳᠠᠴᠢ ᠪᠠᠷ 40~69 ᠨᠠᠰᠦᠨ ᠤ | ᠨᠠᠢᠮᠠᠨ ᠳᠦᠮᠡᠨ ᠶᠠᠫᠤᠨ ᠰᠠᠭᠤᠭᠠᠯᠢ ᠠᠷᠠᠳ ᠲᠤ ᠲᠤᠮᠳᠠᠴᠢ ᠪᠠᠷ 14.9 ᠵᠢᠯ ᠤᠨ ᠮᠦᠷᠲᠡᠭᠰᠡᠨ ᠪᠠᠶᠢᠴᠠᠭᠠᠯᠲᠠ | ᠬᠢᠵᠡᠢ᠃ ᠰᠤᠳᠤᠯᠭᠠᠨ ᠤ ᠠᠵᠢᠯᠲᠠᠳ ᠪᠠᠶᠢᠴᠠᠭᠠᠯᠲᠠ ᠬᠢᠬᠦ ᠠᠰᠠᠭᠤᠯᠲᠠ ᠶᠢᠨ ᠬᠠᠭᠤᠳᠠᠰᠦ ᠳᠤ ᠪᠦᠷᠢᠳᠭᠡᠯ ᠬᠢᠬᠡᠳ | ᠠᠷᠢᠬᠢᠨ ᠠᠴᠠ ᠭᠠᠲᠠᠨᠠᠬᠢ 133 ᠵᠦᠢᠯ ᠤᠨ ᠡᠳᠦᠷ ᠲᠤᠲᠤᠮ ᠤᠨ ᠢᠲᠡᠭᠡᠨ ᠤᠮᠲᠠᠭᠠᠨ ᠢ ᠪᠦᠷᠢᠳᠭᠡᠵᠦ | ᠭᠠᠷᠭᠠᠭᠰᠠᠨ ᠪᠦᠭᠡᠳ ᠳᠤᠷᠰᠢᠯᠲᠠ ᠳᠤ ᠤᠷᠤᠯᠴᠠᠭᠰᠠᠳ ᠤᠨ ᠡᠳᠦᠷ ᠪᠦᠷᠢ ᠶᠢᠨ ᠰᠢᠩᠭᠡᠭᠡᠨ ᠠᠪᠤᠬᠰᠠᠨ ᠢᠲᠡᠭᠡᠨ ᠤ | ᠳᠤᠭ᠎ᠠ ᠬᠡᠮᠵᠢᠶ᠎ᠡ ᠶᠢ ᠦᠨᠳᠦᠰᠦᠯᠠᠨ ᠲᠠᠲᠠᠨ ᠢ ᠲᠠᠪᠤᠨ ᠲᠤᠭᠤᠶᠢᠯᠠᠩ ᠳᠤ ᠬᠤᠪᠢᠶᠠᠵᠠᠢ᠃ ᠰᠤᠳᠤᠯᠭᠠᠨ ᠤ | ᠳ᠋ᠦᠩ ᠠᠴᠠ ᠦᠵᠡᠪᠡᠯ᠂ ᠡᠳᠦᠷ ᠪᠦᠷᠢ ᠶᠢᠨ ᠰᠢᠩᠭᠡᠭᠡᠵᠦ ᠠᠪᠤᠬᠰᠠᠨ ᠢᠲᠡᠭᠡᠨ ᠤ ᠳᠦᠷᠦᠯ ᠵᠦᠢᠯ ᠨᠢ ᠬᠠᠮᠤᠭ ᠤᠨ | ᠪᠠᠭ᠎ᠠ ᠳᠤᠭᠤᠶᠢᠯᠠᠩ ᠲᠠᠢ ᠬᠠᠷᠢᠴᠠᠭᠤᠯᠪᠠᠯ᠂ ᠡᠳᠦᠷ ᠪᠦᠷᠢ ᠶᠢᠨ ᠰᠢᠩᠭᠡᠭᠡᠵᠦ ᠠᠪᠤᠬᠰᠠᠨ ᠢᠲᠡᠭᠡᠨ ᠤ ᠳᠦᠷᠦᠯ | ᠵᠦᠢᠯ ᠨᠢ ᠬᠠᠮᠤᠭ ᠤᠨ ᠠᠷᠪᠢᠨ ᠲᠤᠭᠤᠶᠢᠯᠠᠩ ᠤᠨ ᠡᠮᠡᠭᠲᠡᠶᠢᠴᠦᠳ ᠤᠨ ᠡᠯ᠎ᠡ ᠵᠦᠢᠯ ᠤᠨ ᠰᠢᠯᠲᠠᠭᠠᠨ ᠢᠶᠠᠷ ᠦᠬᠦᠬᠦ | ᠳᠦᠭᠰᠢᠬᠦᠷᠢ ᠨᠢ 19% ᠲᠤᠷᠤᠭᠰᠢᠯᠠᠵᠤ᠂ ᠤᠷᠴᠢᠯ ᠤᠨ ᠰᠢᠰᠲ᠋ᠧᠮ ᠤᠨ ᠡᠪᠡᠳᠴᠢᠨ ᠢᠶᠠᠷ ᠦᠬᠦᠬᠦ ᠳᠦᠭᠰᠢᠬᠦᠷᠢ ᠨᠢ | 34% ᠪᠠᠷ ᠲᠤᠷᠤᠭᠰᠢᠯᠠᠵᠤ᠂ ᠪᠤᠰᠤᠳ ᠰᠢᠯᠲᠠᠭᠠᠨ ᠢᠶᠠᠷ ᠦᠬᠦᠬᠦ ᠳᠦᠭᠰᠢᠬᠦᠷᠢ ᠨᠢ 24% ᠪᠠᠷ ᠲᠤᠷᠤᠭᠰᠢᠯᠠᠨ᠎ᠠ᠃ | ᠡᠬᠦᠨ ᠠᠴᠠ ᠭᠠᠲᠠᠨ᠎ᠠ᠂ ᠡᠷᠡᠭᠲᠡᠢ ᠬᠦᠮᠦᠨ ᠤ ᠰᠢᠩᠭᠡᠭᠡᠨ ᠠᠪᠤᠬᠰᠠᠨ ᠵᠢᠮᠢᠰ ᠤᠨ ᠳᠦᠷᠦᠯ ᠵᠦᠢᠯ ᠨᠢ ᠤᠯᠠᠮ | ᠠᠷᠪᠢᠨ ᠪᠤᠯᠬᠤ ᠲᠤᠲᠤᠮ᠂ ᠡᠮᠡᠭᠲᠡᠢ ᠬᠦᠮᠦᠨ ᠤ ᠰᠢᠩᠭᠡᠭᠡᠨ ᠠᠪᠤᠬᠰᠠᠨ ᠪᠤᠷᠴᠠᠭ ᠤᠨ ᠳᠦᠷᠦᠯ ᠵᠦᠢᠯ ᠨᠢ ᠤᠯᠠᠮ | ᠠᠷᠪᠢᠨ ᠪᠤᠯᠬᠤ ᠲᠤᠲᠤᠮ ᠦᠬᠦᠬᠦ ᠲᠦᠭᠰᠢᠬᠦᠷᠢ ᠨᠢ ᠤᠯᠠᠮ ᠪᠠᠭ᠎ᠠ ᠪᠤᠯᠤᠨ᠎ᠠ︔ ᠡᠷᠡᠭᠲᠡᠢ ᠬᠦᠮᠦᠨ ᠤ ᠰᠢᠩᠭᠡᠭᠡᠨ | ᠠᠪᠤᠬᠰᠠᠨ ᠮᠢᠬᠠᠨ ᠤ ᠳᠦᠷᠦᠯ ᠵᠦᠢᠯ ᠬᠡᠳᠦᠢ ᠠᠷᠪᠢᠨ ᠪᠤᠯᠬᠤ ᠲᠤᠲᠤᠮ ᠦᠬᠦᠬᠦ ᠳᠦᠭᠰᠢᠬᠦᠷᠢ ᠨᠢ ᠳᠡᠳᠦᠢ ᠶᠡᠭᠡ | ᠪᠤᠯᠤᠨ᠎ᠠ᠃ | ᠰᠤᠳᠤᠯᠭᠠᠨ ᠤ ᠠᠵᠢᠯᠲᠠᠳ ᠵᠠᠲᠠᠯᠤᠯᠲᠠ ᠬᠢᠭᠰᠡᠨ ᠤ ᠲᠠᠷᠠᠭ᠎ᠠ ᠵᠢᠭᠠᠵᠤ ᠭᠠᠷᠭᠠᠭᠰᠠᠨ ᠨᠢ᠂ ᠡᠮᠡᠭᠲᠡᠶᠢᠴᠤᠳ ᠲᠠᠢ | ᠬᠠᠷᠢᠴᠠᠭᠤᠯᠪᠠᠯ᠂ ᠡᠷᠡᠭᠲᠡᠶᠢᠴᠤᠳ ᠤᠨ ᠠᠷᠢᠬᠢ ᠲᠠᠮᠠᠬᠢ ᠤᠤᠭᠤᠬᠤ ᠨᠤᠷᠮ᠎ᠠ ᠨᠢ ᠨᠡᠯᠢᠶᠡᠳ ᠦᠨᠳᠦᠷ᠂ ᠠᠮᠢᠲᠠᠨ ᠤ | ᠤᠭᠤᠷᠠᠭ ᠡᠳ᠋ ᠢ ᠰᠢᠩᠭᠡᠭᠡᠨ ᠠᠪᠬᠤ ᠨᠢ ᠨᠡᠯᠢᠶᠡᠳ ᠶᠡᠭᠡ ᠪᠠᠶᠢᠲᠠᠭ᠃ ᠡᠶᠢᠮᠦ ᠳᠤ ᠢᠲᠡᠭᠡᠨ ᠤᠮᠲᠠᠭᠠᠨ ᠤ ᠳᠦᠷᠦᠯ | ᠵᠦᠢᠯ ᠢ ᠤᠯᠠᠰᠢᠷᠠᠭᠤᠯᠬᠤ ᠶᠠᠪᠤᠲᠠᠯ ᠠᠴᠠ ᠡᠷᠡᠭᠲᠡᠢ ᠬᠦᠮᠦᠨ ᠤ ᠡᠷᠲᠡ ᠦᠬᠦᠬᠦ ᠳᠦᠭᠰᠢᠬᠦᠷᠢ ᠳᠤ ᠦᠵᠡᠬᠦᠯᠬᠦ | ᠨᠦᠯᠦᠭᠡ ᠨᠢ ᠡᠮᠡᠭᠲᠡᠢ ᠶᠢᠨ ᠬᠢ ᠰᠢᠭ ᠳᠡᠶᠢᠮᠦ ᠳᠤᠳᠤᠷᠬᠠᠢ ᠪᠢᠰᠢ᠃ ᠢᠲᠡᠭᠡᠨ ᠤᠮᠲᠠᠭᠠᠨ ᠤ ᠳᠤᠬᠠᠢ ᠳᠡᠶᠢᠮᠦ ᠶᠡᠭᠡ | ᠤᠨᠤᠯ ᠤᠨ ᠮᠡᠲᠡᠯᠭᠡ ᠦᠭᠡᠢ ᠪᠤᠯᠪᠠᠴᠦ ᠡᠩ ᠤᠨ ᠴᠠᠭ ᠲᠠᠭᠠᠨ ᠢᠲᠡᠭᠡᠨ ᠤᠮᠲᠠᠭᠠᠨ ᠤ ᠳᠦᠷᠦᠯ ᠵᠦᠢᠯ ᠢᠶᠠᠨ | ᠤᠯᠠᠰᠢᠷᠠᠭᠤᠯᠵᠤ᠂ ᠰᠢᠮ᠎ᠡ ᠳᠡᠵᠢᠭᠡᠯ ᠢ ᠲᠡᠩᠴᠡᠬᠦᠷᠢᠲᠡᠢ ᠪᠠᠶᠢᠯᠭᠠᠲᠠᠭ ᠯᠠ ᠶᠤᠮ ᠪᠤᠯ ᠡᠷᠡᠬᠦᠯ ᠮᠠᠨᠳᠦ ᠶᠢᠨ | ᠳᠦᠪᠰᠢᠨ ᠢᠶᠠᠨ ᠲᠡᠭᠡᠭᠰᠢᠯᠡᠬᠦᠯᠵᠦ ᠪᠤᠯᠤᠨ᠎ᠠ ᠭᠡᠵᠤ ᠮᠡᠷᠭᠡᠵᠢᠯᠲᠡᠳ ᠬᠡᠯᠡᠵᠡᠢ᠃ | ᠢᠷᠡᠯᠳᠡ᠄ ᠠᠷᠠᠳ ᠤᠨ ᠰᠦᠯᠵᠢᠶ᠎ᠡ |