︽ᠤᠯᠠᠭᠠᠨᠴᠠᠪ ᠴᠢᠭᠤᠯᠭᠠᠨ︾ ᠤ ᠨᠡᠷ᠎ᠡ ᠶᠢᠨ ᠢᠷᠡᠯᠳᠡ ᠨᠢ ᠮᠠᠨ ᠤ ᠲᠦᠷᠪᠡᠳ ᠨᠤᠳᠤᠭ ᠤᠨ ᠨᠢᠬᠡ ᠭᠤᠤᠯ ᠤᠨ | ᠨᠡᠷ ᠡ ᠠᠴᠠ ᠤᠯᠠᠷᠢᠵᠦ ᠢᠷᠡᠭᠰᠡᠨ ᠶᠤᠮ ᠪᠠᠶᠢᠨ᠎ᠠ᠃ | ᠲᠡᠭᠡᠳᠤ ᠡᠷᠳᠡᠮᠳᠤ ᠶᠢᠨ ᠠᠩᠬᠠᠨ ᠤ ᠤᠨ ︵1636 ᠤᠨ︶ ᠳᠤ ᠬᠤᠶᠢᠳᠤ ᠠᠯᠳᠠᠨ ᠤᠯᠤᠰ ᠤᠨ ᠬᠤᠩ | ᠲᠠᠶᠢᠵᠢ ᠬᠠᠭᠠᠨ ᠰᠠᠭᠤᠷᠢᠨ ᠳᠤ ᠭᠠᠷᠴᠤ᠂ ᠤᠯᠤᠰ ᠤᠨ ᠴᠤᠯᠠ ᠪᠠᠨ ᠴᠢᠩ ᠭᠡᠵᠦ ᠲᠤᠭᠳᠠᠵᠠᠢ᠃ ᠤᠤᠯ ᠤᠨ | ᠬᠦᠯᠦᠨ ᠪᠤᠶᠢᠷ ᠤᠨ ᠲᠠᠯ᠎ᠠ ᠨᠤᠳᠤᠭ ᠢᠶᠠᠷ ᠨᠡᠬᠦᠳᠡᠯᠯᠡᠨ ᠮᠠᠯᠵᠢᠵᠦ ᠪᠠᠶᠢᠭᠰᠠᠨ ᠲᠦᠷᠪᠡᠨ ᠭᠡᠤᠭᠡᠳ ᠤᠨ ᠠᠶᠢᠮᠠᠭ ᠢ | ᠵᠠᠰᠠᠭ ᠬᠤᠰᠢᠭᠤ ᠪᠤᠯᠭᠠᠵᠦ᠂ ᠡᠶᠡᠪᠡᠷ ᠵᠠᠰᠠᠭᠴᠢ ᠶᠢᠨ ᠵᠢᠷᠭᠤᠳᠤᠭᠠᠷ ᠤᠨ ︵1649 ᠤᠨ︶ ᠳᠤ ᠲᠠᠯᠠᠨ ᠬᠠᠷ | ᠠ ᠶᠢᠨ ᠠᠷᠦ ᠳᠠᠬᠢ ᠰᠢᠷᠠᠮᠦ᠋ᠷᠡᠨ ᠭᠤᠤᠯ ᠤᠨ ᠤᠷᠤᠰᠬᠠᠯ ᠲᠠᠭᠠᠤ ᠤᠷᠤᠨ ᠪᠤᠯᠤᠨ ᠴᠠᠭᠠᠨ ᠨᠠᠭᠤᠷ ᠤᠨ ᠤᠢᠢᠷ ᠠ | ᠤᠷᠴᠢᠮ ᠤᠨ ᠨᠤᠳᠤᠭ ᠪᠡᠯᠴᠢᠬᠡᠷ ᠢ ᠬᠤᠪᠢᠳᠠᠭᠤᠯᠤᠨ ᠦᠭᠴᠡᠢ᠃ ᠴᠠᠬᠢᠭᠤᠷᠳᠤ ᠶᠢᠨ ᠨᠠᠷᠢᠨ ᠭᠤᠤᠯ ᠤᠷᠴᠢᠮ | ᠨᠡᠬᠦᠳᠡᠯᠯᠡᠨ ᠮᠠᠯᠵᠢᠵᠦ ᠪᠠᠶᠢᠭᠰᠠᠨ ᠮᠤᠤᠮᠢᠩᠭᠠᠨ ᠠᠶᠢᠮᠠᠭ ᠤᠨ ᠠᠬᠠᠯᠠᠭᠴᠢ ᠰᠡᠩᠭᠡ ᠳᠤ ᠡᠩᠭᠡ ᠠᠮᠤᠭᠤᠯᠠᠩ ᠤᠨ | ᠭᠤᠷᠪᠠᠳᠤᠭᠠᠷ ᠤᠨ ︵1664 ᠤᠨ︶ ᠳᠤ ᠴᠢᠩ ᠤᠨ ᠲᠦᠷᠦ ᠠᠴᠠ ᠵᠠᠰᠠᠭ ᠤᠨ ᠲᠡᠷᠢᠬᠦᠨ ᠲᠠᠶᠢᠵᠢ ᠶᠢᠨ ᠵᠡᠷᠭᠡ | ᠬᠠᠶᠢᠷᠠᠯᠠᠵᠦ᠂ ᠲᠦᠪ ᠨᠠᠶᠢᠷᠠᠯᠳᠤ ᠶᠢᠨ ᠠᠷᠪᠠᠨ ᠭᠤᠷᠪᠠᠳᠤᠭᠠᠷ ᠤᠨ ᠳᠤ ᠲᠠᠯᠠᠨ ᠬᠠᠷ ᠠ ᠠᠭᠤᠯᠠ ᠶᠢᠨ ᠠᠷᠦ ᠳᠠᠬᠢ | ᠠᠶᠢᠪᠠᠭ᠎ᠠ ᠭᠤᠤᠯ ᠤᠨ ᠡᠬᠢᠨ ᠤ ᠤᠷᠤᠰᠬᠠᠯ ᠲᠠᠭᠠᠤ ᠨᠤᠳᠤᠭ ᠪᠡᠯᠴᠢᠬᠡᠷ ᠢ ᠬᠤᠪᠢᠳᠠᠨ ᠦᠭᠴᠡᠢ᠃ ᠡᠶᠡᠪᠡᠷ | ᠵᠠᠰᠠᠭᠴᠢ ᠶᠢᠨ ᠠᠷᠪᠠᠳᠤᠭᠠᠷ ᠤᠨ ︵1653 ᠤᠨ︶ ᠳᠤ ᠤᠤᠯ ᠤᠨ ᠬᠠᠯᠬ ᠠ ᠭᠤᠤᠯ ᠤᠨ ᠤᠷᠤᠰᠬᠠᠯ ᠲᠠᠭᠠᠤ | ᠨᠡᠬᠦᠳᠡᠯᠯᠡᠨ ᠮᠠᠯᠵᠢᠵᠦ ᠪᠠᠶᠢᠭᠰᠠᠨ ᠬᠠᠯᠬ ᠠ ᠪᠠᠷᠠᠭᠤᠨ ᠭᠠᠷᠤᠨ ᠠᠶᠢᠮᠠᠭ ᠤᠨ ᠠᠬᠠᠯᠠᠭᠴᠢ ᠪᠤᠮᠳᠠᠷ ᠢ ᠵᠠᠰᠠᠭ | ᠬᠤᠰᠢᠭᠤᠨ ᠤ ᠲᠠᠷᠬᠠᠨ ᠴᠢᠨ ᠸᠠᠩ ᠡᠷᠬᠦᠮᠵᠢᠯᠡᠵᠦ᠂ ᠲᠠᠯᠠᠨ ᠬᠠᠷ ᠠ ᠠᠭᠤᠯᠠ ᠶᠢᠨ ᠠᠷᠦ ᠳᠠᠬᠢ ᠠᠶᠢᠪᠠᠭ᠎ᠠ ᠭᠤᠤᠯ | ᠪᠤᠯᠤᠨ ᠲᠠᠷᠭᠤᠨ ᠭᠤᠤᠯ ᠤᠨ ᠤᠷᠤᠰᠬᠠᠯ ᠲᠠᠭᠠᠤ ᠭᠠᠵᠠᠷ ᠢ ᠬᠤᠪᠢᠳᠠᠨ ᠦᠭᠪᠡ᠃ ᠡᠶᠡᠪᠡᠷ ᠵᠠᠰᠠᠭᠴᠢ ᠶᠢᠨ | ᠲᠠᠪᠤᠳᠤᠭᠠᠷ ᠤᠨ ︵1648 ᠤᠨ︶ ᠳᠤ ᠤᠤᠯ ᠤᠨ ᠬᠦᠯᠦᠨ ᠪᠤᠶᠢᠷ ᠤᠨ ᠡᠷᠬᠦᠨ᠎ᠡ ᠭᠤᠤᠯ ᠪᠤᠯᠤᠨ ᠰᠡᠯᠡᠩᠭᠡ | ᠭᠤᠤᠯ ᠤᠨ ᠬᠤᠭᠤᠷᠤᠨᠳᠤ ᠨᠡᠬᠦᠳᠡᠯᠯᠡᠨ ᠮᠠᠯᠵᠢᠵᠦ ᠪᠠᠶᠢᠭᠰᠠᠨ ᠤᠷᠠᠳ ᠠᠶᠢᠮᠠᠭ ᠢ ᠡᠮᠦᠨᠡᠳᠦ᠂ ᠲᠤᠮᠳᠠᠳᠤ᠂ ᠬᠤᠶᠢᠳᠤ | ᠭᠤᠷᠪᠠᠨ ᠬᠤᠰᠢᠭᠤ ᠪᠤᠯᠭᠠᠨ ᠬᠤᠪᠢᠶᠠᠵᠦ᠂ ᠤᠯᠤᠰ ᠤᠨ ᠲᠦᠰᠢᠶ ᠡ ᠬᠦᠩ ᠡᠷᠬᠦᠮᠵᠢᠯᠡᠨ᠂ ᠭᠤᠷᠪᠠᠨ ᠬᠦᠩ ᠤᠨ | ᠬᠤᠰᠢᠭᠤ ᠬᠡᠮᠡᠨ ᠲᠠᠭᠤᠳᠠᠵᠦ᠂ ᠲᠠᠷᠠᠭ᠎ᠠ ᠵᠢᠯ ᠨᠢ ᠬᠠᠳᠤᠨ ᠭᠤᠤᠯ᠂ ᠮᠤᠨᠢ ᠠᠭᠤᠯᠠ᠂ ᠠᠷᠪᠠᠰ ᠠᠭᠤᠯᠠ ᠶᠢᠨ | ᠤᠷᠴᠢᠮ ᠤᠨ ᠨᠤᠳᠤᠭ ᠪᠡᠯᠴᠢᠬᠡᠷ ᠢ ᠬᠤᠪᠢᠳᠠᠨ ᠦᠭᠴᠡᠢ᠃ ᠬᠤᠵᠢᠮ ᠨᠢ ᠤᠯᠤᠰ ᠲᠦᠷᠦ ᠶᠢᠨ ᠰᠠᠯᠭᠠᠨ ᠵᠠᠬᠢᠷᠬᠤ | ᠵᠤᠷᠢᠯᠭ᠎ᠠ ᠠᠴᠠ ᠪᠠᠨ ᠪᠤᠯᠵᠦ ᠲᠡᠭᠡᠷ ᠡ ᠲᠤᠷᠠᠳᠤᠭᠰᠠᠨ ᠵᠢᠷᠭᠤᠭᠠᠨ ᠵᠠᠰᠠᠭ ᠬᠤᠰᠢᠭᠤ ᠶᠢ ᠨᠢᠬᠡ ᠴᠢᠭᠤᠯᠭᠠᠨ ᠪᠤᠯᠭᠠᠵᠦ | ︽ᠤᠯᠠᠭᠠᠨᠴᠠᠪ ᠴᠢᠭᠤᠯᠭᠠᠨ︾ ᠭᠡᠵᠦ ᠨᠡᠷᠡᠶᠢᠳᠴᠡᠢ᠃ | ︽ᠮᠤᠩᠭᠤᠯ ᠤᠨ ᠨᠡᠪᠳᠡᠷᠬᠡᠢ ᠲᠡᠤᠭᠡ︾ ᠶᠢᠨ ᠲᠡᠮᠳᠡᠭᠯᠡᠯ ᠳᠤ᠄ ︽ᠡᠩᠭᠡ ᠠᠮᠤᠭᠤᠯᠠᠩ ᠤᠨ ᠶᠢᠰᠦᠳᠦᠭᠡᠷ | ᠤᠨ ᠳᠤ ᠦᠪᠦᠷ ᠮᠤᠩᠭᠤᠯ ᠤᠨ ᠵᠠᠰᠠᠭ ᠬᠤᠰᠢᠭᠤ ᠨᠡᠮᠡᠭᠳᠡᠭᠡᠳ ᠨᠡᠶᠢᠳᠡ ᠲᠦᠴᠢ ᠶᠢᠰᠦ ᠪᠤᠯᠵᠦ᠂ ᠵᠢᠷᠭᠤᠭᠠᠨ | ᠴᠢᠭᠤᠯᠭᠠᠨ ᠬᠤᠪᠢᠶᠠᠪᠠᠢ᠃ ᠲᠦᠷᠪᠡᠨ ᠭᠡᠤᠭᠡᠳ ᠤᠨ ᠠᠶᠢᠮᠠᠭ ᠤᠨ ᠬᠤᠰᠢᠭᠤ᠂ ᠮᠤᠤᠮᠢᠩᠭᠠᠨ ᠬᠤᠰᠢᠭᠤ᠂ ᠬᠠᠯᠬ ᠠ | ᠪᠠᠷᠠᠭᠤᠨ ᠭᠠᠷᠤᠨ ᠬᠤᠰᠢᠭᠤ᠂ ᠤᠷᠠᠳ ᠤᠨ ᠭᠤᠷᠪᠠᠨ ᠬᠦᠩ ᠤᠨ ᠬᠤᠰᠢᠭᠤ ᠨᠡᠶᠢᠳᠡ ᠵᠢᠷᠭᠤᠭᠠᠨ ᠵᠠᠰᠠᠭ ᠬᠤᠰᠢᠭᠤ | ᠲᠦᠷᠪᠡᠨ ᠭᠡᠤᠭᠡᠳ ᠤᠨ ᠠᠶᠢᠮᠠᠭ ᠤᠨ ᠬᠤᠰᠢᠭᠤᠨ ᠤ ᠬᠠᠷᠢᠶᠠᠨ ᠳᠠᠬᠢ ᠤᠯᠠᠭᠠᠨᠴᠠᠪ ᠲᠤ ᠴᠢᠭᠤᠯᠭᠠᠨ ᠪᠤᠯᠵᠦ᠂ | ᠤᠯᠠᠭᠠᠨᠴᠠᠪ ᠴᠢᠭᠤᠯᠭᠠᠨ ᠭᠡᠵᠦ ᠨᠡᠷᠡᠶᠢᠳᠪᠡ︾ ᠬᠡᠵᠡᠢ᠃ | ᠤᠯᠠᠭᠠᠨᠴᠠᠪ ᠭᠡᠳᠡᠭ ᠭᠠᠵᠠᠷ ᠤᠨ ᠲᠤᠬᠠᠢ ︽ᠬᠠᠮᠳᠤᠳᠬᠠᠨ ᠲᠡᠮᠳᠡᠭᠯᠡᠭᠰᠡᠨ ᠪᠢᠴᠢᠭ︾ ᠤᠨ ᠲᠡᠮᠳᠡᠭᠯᠡᠯ ᠳᠤ᠄ ︽ | ᠤᠯᠠᠭᠠᠨᠴᠠᠪ ᠨᠢ ᠬᠦᠬᠡᠬᠤᠳᠠ ᠠᠴᠠ ᠬᠤᠶᠢᠰᠢ ᠶᠠᠭ ᠵᠠᠭᠤ ᠬᠤᠷᠢᠨ ᠭᠠᠵᠠᠷ ᠤᠨ ᠵᠠᠶᠢᠳᠠᠢ︾ ᠬᠡᠵᠡᠢ᠃ ︽ᠰᠦᠢ | ᠶᠤᠸᠠᠨ ᠤ ᠨᠡᠪᠳᠡᠷᠬᠡᠢ ᠲᠡᠤᠭᠡ ᠶᠢᠨ ᠡᠭᠡ ᠨᠤᠤᠷᠠᠭ︾ ᠲᠤ᠄ ︽ᠲᠦᠷᠪᠡᠨ ᠭᠡᠤᠭᠡᠳ ᠤᠨ ᠠᠶᠢᠮᠠᠭ ᠤᠨ ᠬᠤᠰᠢᠭᠤ᠂ | ᠮᠤᠤᠮᠢᠩᠭᠠᠨ ᠬᠤᠰᠢᠭᠤ᠂ ᠬᠠᠯᠬ ᠠ ᠪᠠᠷᠠᠭᠤᠨ ᠭᠠᠷᠤᠨ ᠬᠤᠰᠢᠭᠤ᠂ ᠤᠷᠠᠳ ᠤᠨ ᠭᠤᠷᠪᠠᠨ ᠬᠦᠩ ᠤᠨ ᠬᠤᠰᠢᠭᠤ | ᠵᠡᠷᠭᠡ ᠵᠢᠷᠭᠤᠭᠠᠨ ᠬᠤᠰᠢᠭᠤ ᠨᠢ ᠨᠢᠬᠡ ᠴᠢᠭᠤᠯᠭᠠᠨ ᠪᠤᠯᠵᠦ᠂ ᠴᠢᠩ ᠤᠨ ᠲᠦᠷᠦ ᠠᠴᠠ ᠲᠤᠭᠳᠠᠭᠠᠵᠦ ᠦᠭᠬᠦᠭᠰᠡᠨ | ᠤᠯᠠᠭᠠᠨᠴᠠᠪ ᠭᠡᠳᠡᠭ ᠢᠶᠠᠷ ᠴᠢᠭᠤᠯᠭᠠᠨ ᠤ ᠭᠠᠵᠠᠷ ᠢᠶᠠᠨ ᠪᠤᠯᠭᠠᠵᠠᠢ᠃ ᠲᠤᠰ ᠭᠠᠵᠠᠷ ᠨᠢ ᠨᠢᠬᠡ ᠭᠤᠤᠯ ᠲᠠᠢ᠂ | ᠭᠤᠤᠯ ᠤᠨ ᠨᠡᠷ ᠡ ᠨᠢ ᠤᠯᠠᠭᠠᠨᠴᠠᠪ ᠭᠤᠤᠯ ᠭᠡᠳᠡᠭ᠃ ᠡᠶᠢᠮᠦ ᠠᠴᠠ ᠭᠤᠤᠯ ᠤᠨ ᠨᠡᠷ ᠡ ᠪᠠᠷ ᠭᠠᠵᠠᠷ ᠤᠨ ᠨᠡᠷ ᠡ | ᠪᠤᠯᠭᠠᠵᠦ᠂ ᠭᠠᠵᠠᠷ ᠤᠨ ᠢᠶᠠᠨ ᠨᠡᠷ ᠡ ᠪᠠᠷ ᠴᠢᠭᠤᠯᠭᠠᠨ ᠤ ᠪᠠᠨ ᠨᠡᠷ ᠡ ᠪᠤᠯᠭᠠᠵᠠᠢ︾ ᠭᠡᠵᠦ ᠲᠡᠮᠳᠡᠭᠯᠡᠵᠦ ᠪᠤᠢ᠃ | ᠡᠳᠡᠭᠡᠷ ᠲᠡᠤᠭᠡᠨ ᠲᠡᠮᠳᠡᠭᠯᠡᠯ ᠢ ᠦᠨᠳᠦᠰᠦᠯᠡᠪᠡᠯ ︽ᠤᠯᠠᠭᠠᠨᠴᠠᠪ ᠭᠤᠤᠯ︾ ᠨᠢ ᠤᠳᠤ ᠶᠢᠨ ᠮᠠᠨ ᠤ ᠲᠦᠷᠪᠡᠳ | ᠬᠤᠰᠢᠭᠤᠨ ᠤ ᠳ᠋ᠦᠩ ᠪᠠ ᠬᠤᠤ ᠰᠢᠶᠠᠩ ᠤᠨ ᠪᠠᠶᠠᠬᠤᠪᠤᠭ᠎ᠠ ᠭᠠᠴᠠᠭᠠᠨ ᠤ ᠪᠠᠶᠠᠬᠤᠪᠤᠭ᠎ᠠ ᠲᠤᠰᠬᠤᠨ ᠤ | ᠪᠠᠶᠠᠬᠤᠪᠤᠭ᠎ᠠ ᠭᠤᠤᠯ ᠢ ᠵᠢᠭᠠᠵᠦ ᠪᠠᠶᠢᠭ᠎ᠠ ᠶᠤᠮ ᠪᠠᠶᠢᠨ᠎ᠠ᠃ ᠪᠠᠶᠠᠬᠤᠪᠤᠭ᠎ᠠ ᠲᠤᠰᠬᠤᠨ ᠤ ᠲᠠᠯ᠎ᠠ ᠭᠠᠷᠤᠭᠰᠠᠨ | ᠨᠠᠰᠤᠳᠠᠨ ᠶᠠᠨ ᠵᠠᠨ ᠴᠧᠩ᠂ ᠵᠠᠩ ᠰᠢᠨ ᠸᠠᠨ ᠬᠤᠶᠠᠷ ᠤᠨ ᠶᠠᠷᠢᠬᠤ ᠪᠠᠷ ᠡᠨᠡ ᠲᠤᠰᠬᠤᠨ ᠪᠠᠶᠢᠭᠤᠯᠤᠭᠳᠠᠭᠠᠳ | ᠨᠢᠬᠡᠨᠳᠡ 140 — 150 ᠵᠢᠯ ᠤᠨ ᠲᠡᠤᠭᠡ ᠲᠠᠢ ᠪᠤᠯᠵᠠᠢ᠃ ᠤᠤᠯ ᠨᠢ ᠮᠤᠩᠭᠤᠯ ᠬᠦᠮᠦᠨ ᠤ ᠨᠤᠳᠤᠭ | ᠪᠠᠶᠢᠭᠰᠠᠨ ᠶᠤᠮ᠃ ᠡᠷᠳᠡᠨ ᠳᠡᠭᠡᠨ ᠴᠧᠩ ᠪᠠ ᡁᠢ ᠪᠤᠶᠤ ᠴᠢᠭᠤᠯᠭᠠᠨ ᠪᠠᠶᠠᠬᠤᠪᠤᠭ᠎ᠠ ᠭᠡᠵᠦ ᠲᠠᠭᠤᠳᠠᠳᠠᠭ ᠪᠠᠶᠢᠭᠰᠠᠨ | ᠃ ᠲᠤᠰᠬᠤᠨ ᠤ ᠡᠮᠦᠨᠡᠬᠢ ᠨᠢᠬᠡ ᠭᠤᠤᠯ ᠢ ᠪᠠᠭ᠎ᠠ ᠭᠤᠤᠯ ᠪᠤᠶᠤ ᠤᠯᠭᠠᠨᠴᠠᠪ ᠭᠤᠤᠯ ᠭᠡᠵᠦ ᠨᠡᠷᠡᠯᠡᠳᠡᠭ ᠪᠠᠶᠢᠭᠰᠠᠨ᠃ | ᠤᠤᠯ ᠨᠢ ᠲᠤᠰᠬᠤᠨ ᠠᠴᠠ ᠵᠡᠬᠦᠨᠰᠢ ᠬᠤᠶᠠᠷ ᠭᠠᠵᠠᠷ ᠤᠨ ᠦᠵᠦᠬᠦᠷ ᠲᠤ ᠲᠦᠷᠪᠡᠭᠡᠨ ᠠᠶᠢᠯ ᠰᠠᠭᠤᠳᠠᠭ᠃ ︽ᠲᠠ | ᠳ᠋ᠢ ᠲᠤᠰᠬᠤᠨ︾ ᠭᠡᠵᠦ ᠨᠡᠷᠡᠯᠡᠳᠡᠭ ᠪᠠᠶᠢᠭᠰᠠᠨ᠃ ᠦᠨᠡᠭᠡᠷᠡᠨ ᠲᠤᠰᠬᠤᠨ ᠠᠴᠠ ᠬᠤᠶᠢᠰᠢ ᠨᠢᠬᠡ ᠭᠠᠵᠠᠷ ᠤᠨ | ᠦᠵᠦᠬᠦᠷ ᠲᠤ ᠨᠢᠬᠡ ᠲᠡᠮᠦᠷ ᠰᠤᠪᠤᠷᠭ᠎ᠠ ᠪᠠᠶᠢᠭᠰᠠᠨ ᠶᠤᠮ᠃ ᠰᠤᠨᠤᠰᠤᠯᠳᠠ ᠪᠠᠷ ᠤᠯᠠᠭᠠᠨᠴᠠᠪ ᠴᠢᠭᠤᠯᠭᠠᠨ ᠬᠠᠮᠤᠭ | ᠠᠩᠬ ᠠ ᠴᠢᠭᠤᠯᠭᠠᠨ ᠬᠢᠬᠦ ᠳᠡᠭᠡᠨ ᠲᠤᠷᠠᠰᠬᠠᠵᠦ ᠪᠤᠰᠬᠠᠭᠰᠠᠨ ᠭᠡᠳᠡᠭ᠃ 1952 ᠤᠨ ᠳᠤ ᠭᠠᠵᠠᠷ ᠰᠢᠷᠤᠢ ᠶᠢᠨ | ᠦᠬᠡᠷᠡᠴᠢᠯᠡᠯᠳᠡ ᠬᠢᠵᠦ᠂ ᠶᠠᠳᠠᠭᠤ ᠲᠠᠷᠢᠶᠠᠴᠢᠨ ᠤ ᠬᠤᠷᠠᠯ ᠠᠴᠠ ᠲᠤᠰ ᠰᠤᠪᠤᠷᠭ᠎ᠠ ᠶᠢ ᠪᠠᠭᠤᠯᠭᠠᠵᠦ ᠲᠠᠷᠢᠶᠠᠯᠠᠩ ᠤᠨ | ᠪᠠᠭᠠᠵᠢ ᠦᠢᠯᠡᠳᠦᠭᠰᠡᠨ ᠬᠡᠨ᠎ᠡ᠃ | ᠪᠠᠶᠠᠬᠤᠪᠤᠭ᠎ᠠ ᠲᠤᠰᠬᠤᠨ ᠨᠢ ᠦᠨᠡᠭᠡᠷᠡᠨ ᠬᠦᠬᠡᠬᠤᠳᠠ ᠠᠴᠠ ᠶᠠᠭ ᠰᠠᠶᠢᠬᠠᠨ ᠵᠠᠭᠤ ᠬᠤᠷᠢᠨ ᠭᠠᠵᠠᠷ ᠵᠠᠶᠢᠳᠠᠢ᠃ | ᠡᠨᠡ ᠨᠢ ᠶᠠᠭ ᠲᠡᠤᠭᠡᠨ ᠲᠡᠮᠳᠡᠭᠯᠡᠯ ᠲᠠᠢ ᠨᠡᠶᠢᠴᠡᠵᠦ ᠪᠠᠶᠢᠭ᠎ᠠ ᠤᠴᠢᠷ ᠤᠳᠤ ᠶᠢᠨ ᠪᠠᠶᠠᠬᠤᠪᠤᠭ᠎ᠠ ᠲᠤᠰᠬᠤᠨ ᠤ | ᠪᠠᠶᠠᠬᠤᠪᠤᠭ᠎ᠠ ᠭᠤᠤᠯ ᠪᠤᠯ ᠤᠯᠠᠭᠠᠨᠴᠠᠪ ᠭᠤᠤᠯ ᠮᠦᠨ ᠶᠤᠮ ᠪᠠᠶᠢᠨ᠎ᠠ᠃ ᠲᠤᠰᠬᠤᠨ ᠤ ᠵᠡᠬᠦᠨ ᠬᠤᠶᠢᠳᠤ ᠲᠠᠯ ᠠ ᠳᠤ | ᠦᠬᠡᠬᠦᠳᠦ ᠭᠡᠳᠡᠭ ᠭᠠᠵᠠᠷ ᠪᠠᠶᠢᠨ᠎ᠠ᠃ ᠨᠢᠬᠡ ᠪᠢᠴᠢᠬᠠᠨ ᠨᠢᠷᠤᠭᠤᠨ ᠲᠤᠮᠳᠠ ᠬᠢᠷᠢ ᠳᠤ ᠬᠤᠨᠢᠨ ᠴᠢᠨᠡᠭᠡᠨ ᠬᠤᠶᠠᠷ | ᠴᠠᠭᠠᠨ ᠴᠢᠯᠠᠭᠤ ᠪᠠᠶᠢᠨ᠎ᠠ᠃ ᠡᠨᠡ ᠬᠤᠶᠠᠷ ᠴᠠᠭᠠᠨ ᠴᠢᠯᠠᠭᠤ ᠪᠠᠨ ᠤᠷᠢᠳᠤ ᠶᠢᠨ ᠲᠦᠷᠪᠡᠳ ᠮᠤᠩᠭᠤᠯᠴᠤᠳ | ᠦᠬᠡᠬᠦᠳᠦ ᠭᠡᠳᠡᠭ ᠪᠠᠶᠢᠵᠠᠢ᠃ ᠦᠬᠦᠬᠡᠳᠦ ᠶᠢᠨ ᠨᠢᠷᠤᠭᠤ ᠶᠢ ᠲᠠᠪᠠᠪᠠᠯ ᠶᠠᠭ ᠵᠡᠬᠦᠨ ᠬᠤᠶᠢᠳᠤ ᠲᠠᠯ ᠠ ᠳᠤᠨᠢ ᠪᠠᠷᠤᠭ | ᠬᠤᠶᠠᠷ ᠭᠤᠷᠪᠠᠨ ᠭᠠᠵᠠᠷ ᠤᠨ ᠦᠵᠦᠬᠦᠷ ᠲᠤ ᠨᠢᠬᠡ ᠦᠨᠳᠤᠷ ᠬᠠᠷ ᠠ ᠲᠤᠯᠤᠭᠠᠢ ᠬᠠᠷᠠᠭᠳᠠᠨ᠎ᠠ᠃ ᠡᠨᠡ ᠦᠨᠳᠤᠷ | ᠬᠠᠷ ᠠ ᠲᠤᠯᠤᠭᠠᠢ ᠶᠢᠨ ᠵᠡᠬᠦᠨ ᠪᠠᠷᠠᠭᠤᠨ ᠬᠤᠶᠠᠷ ᠲᠠᠯ ᠠ ᠳᠤᠨᠢ ᠲᠤᠰ ᠲᠤᠰ ᠪᠠᠶᠢᠭᠠᠯᠢ ᠠᠴᠠ ᠪᠦᠳᠦᠭᠰᠡᠨ ᠨᠠᠮᠬᠠᠨ | ᠨᠢᠷᠤᠭᠤ ᠲᠠᠢ᠂ ᠶᠠᠭ ᠯᠡ ᠨᠢᠬᠡ ᠬᠦᠮᠦᠨ ᠲᠤᠯᠤᠭᠠᠢ ᠪᠠᠨ ᠭᠠᠷᠭᠠᠴᠢᠬᠠᠭᠠᠳ ᠬᠤᠶᠠᠷ ᠭᠠᠷ ᠢᠶᠠᠨ ᠠᠯᠳᠠᠯᠠᠨ | ᠵᠤᠭᠰᠤᠵᠦ ᠪᠠᠶᠢᠭ᠎ᠠ ᠰᠢᠨᠵᠢᠳᠠᠢ᠃ ᠦᠨᠳᠦᠷ ᠬᠠᠷ ᠠ ᠲᠤᠯᠤᠭᠠᠢ ᠲᠡᠭᠡᠷ ᠡ ᠬᠠᠷ ᠠ ᠴᠢᠯᠠᠭᠤ ᠪᠠᠷ ᠪᠤᠰᠬᠠᠭᠰᠠᠨ ᠨᠢᠬᠡ | ᠲᠤᠮᠤ ᠤᠪᠤᠭ᠎ᠠ ᠲᠠᠢ᠂ ᠬᠤᠶᠠᠷ ᠲᠠᠯ ᠠ ᠶᠢᠨ ᠨᠠᠮᠬᠠᠨ ᠨᠢᠷᠤᠭᠤ ᠲᠡᠭᠡᠷ ᠡ ᠢᠵᠢᠯ ᠪᠠᠶᠢᠷᠢᠰᠢᠯ ᠢᠶᠠᠷ ᠪᠤᠰᠬᠠᠭᠰᠠᠨ | ᠭᠤᠷᠪᠠ ᠭᠤᠷᠪᠠᠨ ᠤᠪᠤᠭ᠎ᠠ ᠲᠠᠢ᠃ ᠪᠢᠳᠡᠨ ᠲᠠᠢ ᠬᠠᠮᠳᠤ ᠤᠴᠢᠭᠰᠠᠨ ᠦᠪᠦᠷ ᠮᠤᠩᠭᠤᠯ ᠤᠨ ᠤᠳᠬ ᠠ | ᠤᠷᠠᠯᠢᠭ ᠤᠨ ᠬᠢᠨ ᠤ ᠬᠤᠯᠪᠤᠭ᠎ᠠ ᠶᠢᠨ ᠲᠡᠳ᠋ ᠲᠡᠷᠢᠬᠦᠯᠡᠭᠴᠢ᠂ ᠲᠦᠷᠦ ᠶᠢᠨ ᠱᠠᠩᠨᠠᠯᠳᠤ ᠵᠤᠬᠢᠶᠠᠯᠴᠢ ᠮᠠᠨᠳᠤᠮᠤᠢ ᠠᠴᠠ | ᠤᠷᠤᠨ ᠤ ᠲᠧᠯᠸᠢᠰ ᠬᠤᠷᠢᠶ ᠠ ᠶᠢᠨ ᠰᠤᠷᠪᠤᠯᠵᠢᠯᠠᠭᠴᠢ ᠪᠠᠭᠠᠨ᠎ᠠ ᠨᠦᠬᠦᠷ ᠲᠤ᠄ ︽ᠡᠨᠡ ᠦᠨᠳᠦᠷ ᠬᠠᠷ ᠠ | ᠲᠤᠯᠤᠭᠠᠢ ᠲᠡᠭᠡᠷ ᠡ ᠪᠠᠶᠢᠭ᠎ᠠ ᠦᠨᠳᠦᠷ ᠬᠠᠷ ᠠ ᠤᠪᠤᠭ᠎ᠠ ᠪᠤᠯ ᠤᠯᠠᠭᠠᠨᠴᠠᠪ ᠴᠢᠭᠤᠯᠭᠠᠨ ᠤ ᠴᠢᠭᠤᠯᠭᠠᠨ ᠤᠪᠤᠭ᠎ᠠ᠂ | ᠪᠠᠷᠠᠭᠤᠨ ᠲᠠᠯ ᠠ ᠶᠢᠨ ᠨᠠᠮᠬᠠᠨ ᠨᠢᠷᠤᠭᠤ ᠲᠡᠭᠡᠷ ᠡ ᠪᠠᠶᠢᠭ᠎ᠠ ᠭᠤᠷᠪᠠᠨ ᠤᠪᠤᠭ᠎ᠠ ᠪᠤᠯ ᠤᠷᠠᠳ ᠤᠨ ᠭᠤᠷᠪᠠᠨ | ᠬᠦᠩ ᠤᠨ ᠬᠤᠰᠢᠭᠤ ᠤᠪᠤᠭ᠎ᠠ᠂ ᠵᠡᠬᠦᠨ ᠲᠠᠯ ᠠ ᠶᠢᠨ ᠨᠠᠮᠬᠠᠨ ᠨᠢᠷᠤᠭᠤ ᠲᠡᠭᠡᠷ ᠡ ᠪᠠᠶᠢᠭ᠎ᠠ ᠭᠤᠷᠪᠠᠨ ᠤᠪᠤᠭ᠎ᠠ ᠪᠤᠯ | ᠲᠠᠷᠬᠠᠨ ᠪᠠᠶᠢᠯ᠎ᠠ᠂ ᠲᠦᠷᠪᠡᠨ ᠭᠡᠤᠭᠡᠳ ᠤᠨ ᠠᠶᠢᠮᠠᠭ ᠤᠨ ᠬᠤᠰᠢᠭᠤ᠂ ᠮᠤᠤᠮᠢᠩᠭᠠᠨ ᠵᠡᠷᠭᠡ ᠭᠤᠷᠪᠠᠨ ᠬᠤᠰᠢᠭᠤᠨ ᠤ | ᠬᠤᠰᠢᠭᠤ ᠤᠪᠤᠭ᠎ᠠ᠃ ᠲᠡᠷᠡ ᠵᠡᠬᠦᠨ ᠡᠮᠦᠨ᠎ᠡ ᠬᠠᠷᠠᠭᠳᠠᠵᠦ ᠪᠠᠶᠢᠭ᠎ᠠ ᠠᠯᠳᠠᠨ ᠬᠠᠷᠭᠠᠨ᠎ᠠ ᠲᠠᠷᠢᠭᠰᠠᠨ ᠲᠠᠯ ᠠ ᠶᠢ | ᠵᠦᠯᠬᠡᠳᠦ ᠶᠢᠨ ᠲᠠᠯ ᠠ ᠭᠡᠳᠡᠭ ᠭᠡᠨ᠎ᠡ᠃ ᠲᠡᠨᠳᠡ ᠮᠤᠷᠢ ᠤᠷᠤᠯᠳᠤᠳᠠᠭ ᠪᠠᠶᠢᠵᠠᠢ᠃ ᠦᠬᠦᠬᠡᠳᠦ ᠶᠢᠨ ᠨᠢᠷᠤᠭᠤ ᠠᠴᠠ | ᠠᠳᠡ ᠬᠦᠷᠳᠡᠯᠡᠬᠢ ᠬᠦᠨᠳᠡᠢ ᠳᠤ ᠡᠯ ᠡ ᠬᠤᠰᠢᠭᠤ ᠮᠤᠩᠭᠤᠯ ᠭᠡᠷ ᠢᠶᠠᠨ ᠪᠠᠷᠢᠳᠠᠭ ᠪᠠᠶᠢᠵᠠᠢ᠃ ᠲᠡᠷᠡ ᠪᠠᠷᠠᠭᠤᠨ | ᠡᠮᠦᠨ᠎ᠡ ᠬᠢᠯᠠᠯᠵᠠᠵᠦ ᠪᠠᠶᠢᠭ᠎ᠠ ᠭᠤᠤᠯ ᠪᠤᠯ ᠲᠠᠷᠤᠢ ᠤᠳᠤ ᠶᠢᠨ ᠪᠠᠶᠠᠬᠤᠪᠤᠭ᠎ᠠ ᠭᠤᠤᠯ᠂ ᠤᠷᠢᠳᠤ ᠶᠢᠨ ᠤᠯᠠᠭᠠᠨᠴᠠᠪ | ᠭᠤᠤᠯ ᠪᠤᠯᠤᠨ᠎ᠠ᠃ ᠡᠶᠢᠮᠦ ᠪᠤᠳᠠᠳᠠᠢ ᠭᠠᠵᠠᠷ ᠤᠷᠤᠨ ᠨᠢ ᠲᠤᠪ ᠲᠤᠳᠤᠷᠬᠠᠢ ᠪᠠᠶᠢᠭ᠎ᠠ ᠪᠤᠯᠬᠤᠷ ᠶᠠᠷᠢᠶᠠᠨ ᠦᠬᠡᠢ | ᠤᠯᠠᠭᠠᠨᠴᠠᠪ ᠴᠢᠭᠤᠯᠭᠠᠨ ᠤ ᠴᠢᠭᠤᠯᠭᠠᠨ ᠴᠢᠭᠤᠯᠭᠠᠭᠰᠠᠨ ᠭᠠᠵᠠᠷ ᠨᠢ ᠵᠦᠪ ᠤᠨᠤᠪᠴᠢᠳᠠᠢ ᠭᠡᠷᠡᠴᠢᠯᠡᠭᠳᠡᠵᠦ ᠪᠠᠶᠢᠨ᠎ᠠ᠂ | ᠴᠢᠭᠤᠯᠭᠠᠨ ᠤ ᠰᠤᠪᠤᠷᠭ᠎ᠠ ᠨᠢ ᠵᠢᠷᠭᠤᠭᠠᠨ ᠮᠧᠲᠷ ᠦᠨᠳᠦᠷ ᠰᠢᠷᠡᠮᠦᠨ ᠲᠡᠮᠦᠷ ᠰᠤᠪᠤᠷᠭ᠎ᠠ ᠪᠠᠶᠢᠵᠦ ᠬᠡᠨ᠎ᠡ ᠪᠢᠯᠡ᠃ | ᠵᠢᠷᠭᠤᠭᠠᠨ ᠪᠦᠰᠡᠯᠡᠬᠦᠷ ᠲᠠᠢ ᠭᠤᠷᠪᠠᠯᠵᠢᠨ ᠬᠡᠯᠪᠡᠷᠢᠳᠡᠢ᠂ ᠶᠠᠭ ᠭᠤᠷᠪᠠᠳᠤᠭᠠᠷ ᠪᠦᠰᠡᠯᠡᠬᠦᠷ ᠲᠡᠭᠡᠷ ᠡ ᠨᠢ ᠵᠦᠪᠭᠡᠨ | ᠮᠤᠩᠭᠤᠯ ᠢᠶᠠᠷ ᠪᠦᠳᠦᠬᠦᠯᠢᠭ ᠪᠢᠴᠢᠭᠰᠡᠨ ︿ᠤᠯᠠᠭᠠᠨᠴᠠᠪ ᠴᠢᠭᠤᠯᠭᠠᠨ﹀ ᠭᠡᠳᠡᠭ ᠦᠰᠦᠭ ᠲᠠᠢ ᠪᠠᠶᠢᠵᠦ ᠬᠡᠨ᠎ᠡ᠃ | ᠪᠤᠰᠤᠳ ᠮᠠᠨᠵᠦ᠂ ᠬᠢᠳᠡᠳ ᠦᠰᠦᠭ ᠪᠠᠶᠢᠭᠰᠠᠨ ᠡᠰᠡᠬᠦ ᠶᠢ ᠨᠢ ᠦᠵᠡᠭᠰᠡᠨ ᠬᠦᠮᠦᠨ ᠤᠳᠤᠬᠠᠨ ᠳᠠᠭᠠᠨ | ᠰᠤᠨᠤᠰᠳᠠᠭᠠᠳᠤᠢ ᠪᠠᠶᠢᠨ᠎ᠠ︾ ᠭᠡᠵᠦ ᠲᠠᠨᠢᠯᠴᠠᠭᠤᠯᠤᠨ ᠶᠠᠷᠢᠵᠦ ᠪᠢᠯᠡ᠃ ᠡᠨᠡ ᠤᠳᠠᠭᠠᠨ ᠤ ᠭᠡᠭᠡᠷ ᠡ ᠶᠢᠨ | ᠪᠠᠶᠢᠴᠠᠭᠠᠯᠳᠠ ᠪᠠᠷ ᠤᠴᠢᠭᠰᠠᠨ ᠨᠢᠬᠡ ᠪᠦᠯᠦᠭ ᠬᠦᠮᠦᠰ ᠲᠤ ᠬᠤᠰᠢᠭᠤ ᠲᠡᠳ᠋ ᠲᠠᠷᠤᠭ᠎ᠠ ᠭᠡ᠊ · ᠪᠤᠷᠤ᠂ ᠬᠤᠰᠢᠭᠤ | ᠨᠢᠬᠡᠳᠤᠮᠡᠯ ᠹᠷᠤᠨᠲ ᠤᠨ ᠲᠠᠷᠤᠭ᠎ᠠ ᠵᠢᠷᠠᠨᠳᠠᠢ᠂ ᠬᠤᠰᠢᠭᠤ ᠰᠤᠶᠤᠯ ᠲᠧᠯᠸᠢᠰ ᠲᠤᠪᠴᠢᠶ ᠠ ᠶᠢᠨ ᠲᠠᠷᠤᠭ᠎ᠠ ᠦ᠋ · | ᠶᠠᠷᠠᠨᠳᠠᠢ᠂ ᠬᠤᠰᠢᠭᠤ ᠲᠤᠳᠤᠭᠠᠳᠤ ᠶᠢ ᠬᠠᠮᠠᠭᠠᠯᠠᠬᠤ ᠲᠤᠪᠴᠢᠶᠠᠨ ᠤ ᠲᠡᠳ᠋ ᠲᠠᠷᠤᠭ᠎ᠠ ᠬᠦᠷᠡᠯᠪᠡᠭᠠᠳᠤᠷ᠂ | ᠲᠢᠶᠠᠨᠵᠢᠨ ᠤ ᠬᠡᠳᠤᠨ ᠰᠡᠭᠡᠭᠡᠳᠡᠨ᠂ ᠬᠤᠰᠢᠭᠤ ᠤᠳᠬ᠎ᠠ ᠤᠷᠠᠯᠢᠭ ᠤᠨ ᠬᠢᠨ ᠤ ᠲᠡᠳ᠋ ᠲᠡᠷᠢᠬᠦᠯᠡᠭᠴᠢ ᠨᠠ᠊ · ᠪᠠᠳᠤ ᠨᠠᠷ | ᠪᠠᠶᠢᠯᠴᠠᠪᠠ᠃ | | | ᠪᠠᠭᠤᠯᠭᠠᠭᠰᠠᠨ ᠨᠢ᠄ ᠡᠷᠳᠡᠨᠢᠴᠤᠭᠳᠤ | ᠬᠢᠨᠠᠭᠴᠢ᠄ ᠭᠡᠷᠡᠯᠳᠦ | | | | | | |