ᠵᠢᠨᠢᠩ ᠢ ᠪᠤᠯᠢᠶᠠᠯᠳᠤᠬᠤ ᠳᠠᠶᠢᠨ ︵1946.1︶ | ᠴᠢᠯᠥᠭᠡᠯᠡᠬᠦ ᠳᠠᠶᠢᠨ ᠤ ᠦᠶ᠎ᠡ ᠳᠤ ︵1946 ᠤᠨ ᠤ 1 ᠰᠠᠷ᠎ᠠ ᠠᠴᠠ 1948 ᠤᠨ ᠤ 9 ᠰᠠᠷ᠎ᠠ ᠪᠣᠯᠲᠠᠯ᠎ᠠ | ︶ ᠤᠯᠠᠭᠠᠨᠴᠠᠪ ᠤᠨ ᠵᠢᠨᠢᠩ ᠣᠷᠣᠨ ᠳᠤ ᠡᠭᠦᠰᠦᠭᠰᠡᠨ 3 ᠤᠳᠠᠭᠠᠨ ᠤ ᠶᠡᠭᠡ ᠬᠡᠪᠴᠢᠶᠡᠨ ᠤ ᠳᠠᠶᠢᠯᠠᠯᠳᠤᠭᠠᠨ ︵ | 1946 ᠤᠨ ᠤ 1 ᠰᠠᠷ᠎ᠠ ᠳᠤ ᠡᠭᠦᠰᠦᠭᠰᠡᠨ ᠵᠢᠨᠢᠩ ᠶᠢ ᠪᠤᠯᠢᠶᠠᠯᠳᠤᠬᠤ ᠳᠠᠶᠢᠨ᠂ 1946 ᠤᠨ ᠤ 9 ᠰᠠᠷ᠎ᠠ ᠳᠤ | ᠡᠭᠦᠰᠦᠭᠰᠠᠨ ᠳ᠋ᠠᠲ᠋ᠦ᠋ᠩ — ᠵᠢᠨᠢᠩ ᠤᠨ ᠳᠠᠶᠢᠯᠠᠯᠳᠤᠭᠠᠨ᠂ 1948 ᠤᠨ ᠤ 9 ᠰᠠᠷ᠎ᠠ ᠳᠤ ᠡᠭᠦᠰᠦᠭᠰᠠᠨ ᠵᠢᠨᠢᠩ ᠢ | ᠴᠢᠯᠦᠭᠡᠯᠡᠬᠦ ᠳᠠᠶᠢᠯᠠᠯᠳᠤᠭᠠᠨ︶ ᠢ ᠲᠡᠤᠬᠡᠨ ᠳᠡᠭᠡᠷ᠎ᠡ ᠶᠡᠷᠦᠩᠬᠡᠶᠢᠯᠡᠭᠡᠳ ᠵᠢᠨᠢᠩ ᠤᠨ ᠳᠠᠶᠢᠯᠠᠯᠳᠤᠭᠠᠨ ᠭᠡᠳᠡᠭ᠃ | 1946 ᠤᠨ ᠤ 1 ᠰᠠᠷ᠎ᠠ ᠳᠤ ᠭᠤᠮᠢᠨᠳᠠᠩ ᠡᠪ ᠬᠠᠮᠲᠦ ᠨᠠᠮ ᠴᠦᠩᠴᠢᠩ ᠤᠨ ᠬᠡᠯᠡᠯᠴᠡᠭᠡᠷ ᠤᠨ ︽ ᠠᠷᠪᠠᠨ | ᠰᠠᠷ᠎ᠠ ᠶᠢᠨ ᠠᠷᠪᠠᠨ ᠤ ᠬᠡᠯᠡᠯᠴᠡᠭᠡᠷ︾ ᠢ ᠦᠨᠳᠦᠰᠦᠯᠡᠵᠦ᠂ ︽ᠴᠡᠷᠢᠭ ᠳᠠᠶᠢᠨ ᠤ ᠮᠦᠷᠭᠦᠯᠳᠦᠭᠡᠨ ᠢ ᠵᠤᠭᠰᠤᠭᠠᠬᠤ | ᠬᠡᠯᠡᠯᠴᠡᠭᠡᠷ︾ ᠲᠤ ᠭᠠᠷ ᠤᠨ ᠦᠰᠦᠭ ᠵᠢᠷᠤᠵᠦ᠂ 1 ᠰᠠᠷ᠎ᠠ ᠶᠢᠨ10 ᠤ ᠡᠳᠦᠷ ᠨᠡᠶᠢᠲᠡᠯᠡᠨ᠂ 1 ᠰᠠᠷ᠎ᠠ ᠶᠢᠨ 13 | ᠤ ᠡᠳᠦᠷ ᠤᠨ 24 ᠴᠠᠭ ᠲᠤ ᠬᠦᠴᠦᠨ ᠲᠠᠢ ᠪᠤᠯᠤᠨ᠎ᠠ ᠭᠡᠵᠦ ᠲᠤᠭᠲᠠᠭᠰᠠᠨ ᠪᠠᠶᠢᠨ᠎ᠠ᠃ ᠡᠨᠡᠬᠦ ᠬᠡᠯᠡᠯᠴᠡᠭᠡᠷ | ᠶᠤᠰᠤᠭᠠᠷ᠂ ᠬᠡᠯᠡᠯᠴᠡᠭᠡᠷ ᠤᠨ ᠬᠦᠴᠦᠨ ᠲᠠᠢ ᠪᠤᠯᠤᠭᠰᠠᠨ ᠴᠠᠭ ᠠᠴᠠ ᠡᠮᠦᠨᠡᠬᠢ ᠪᠠᠶᠢᠳᠠᠯ ᠢᠶᠠᠷ ᠭᠤᠮᠢᠨᠳᠠᠩ ᠡᠪ | ᠬᠠᠮᠲᠦ ᠨᠠᠮ ᠬᠤᠶᠠᠷ ᠲᠠᠯ᠎ᠠ ᠶᠢᠨ ᠴᠡᠷᠢᠭ ᠳᠠᠶᠢᠨ ᠤ ᠵᠠᠭᠠᠭ ᠱᠣᠭᠤᠮ ᠪᠤᠯᠭᠠᠨ᠎ᠠ ᠭᠡᠵᠦ ᠲᠤᠭᠲᠠᠭᠰᠠᠨ ᠪᠠᠶᠢᠨ᠎ᠠ᠃ | ︽ᠴᠡᠷᠢᠭ ᠳᠠᠶᠢᠨ ᠤ ᠮᠦᠷᠭᠦᠯᠳᠦᠭᠡᠨ ᠢ ᠵᠤᠭᠰᠤᠭᠠᠬᠤ ᠬᠡᠯᠡᠯᠴᠡᠭᠡᠷ︾ ᠤᠨ ᠬᠦᠴᠦᠨ ᠲᠠᠢ ᠪᠤᠯᠬᠤ ᠠᠴᠠ | ᠡᠮᠦᠨ᠎ᠡ ᠵᠢᠶᠠᠩ ᠵᠢᠶᠧ ᠱᠢ ᠡᠪ ᠬᠠᠮᠲᠤ ᠨᠠᠮ ᠤᠨ ᠡᠯ᠎ᠡ ᠭᠤᠤᠯ ᠪᠤᠯᠬᠤ ᠪᠠᠶᠢᠯᠳᠤᠬᠤ ᠪᠤᠳᠤᠯᠭ᠎ᠠ ᠶᠢᠨ ᠴᠢᠬᠤᠯᠠ | ᠭᠠᠵᠠᠷ ᠢ ᠡᠵᠡᠯᠡᠨ ᠠᠪᠬᠤ ᠨᠢᠭᠤᠴᠠ ᠵᠠᠷᠯᠢᠭ ᠪᠠᠭᠤᠯᠭᠠᠵᠤ᠂ ᠤᠨᠴᠠᠭᠠᠶᠢᠯᠠᠨ 12 ᠳ᠋ᠤᠭᠠᠷ ᠪᠠᠶᠢᠯᠳᠤᠭᠠᠨ ᠤ | ᠲᠣᠭᠤᠷᠢᠭ ᠤᠨ ᠰᠧᠯᠢᠩ ᠹᠦ᠋ ᠽᠦᠸᠧ ᠢ ᠳᠤ ︽ᠴᠡᠷᠢᠭ ᠳᠠᠶᠢᠨ ᠤ ᠮᠦᠷᠭᠦᠯᠳᠦᠭᠡᠨ ᠢ ᠵᠤᠭᠰᠤᠭᠠᠬᠤ ᠬᠡᠯᠡᠯᠴᠡᠭᠡᠷ︾ | ᠤᠨ ᠬᠦᠴᠦᠨ ᠲᠠᠢ ᠪᠤᠯᠬᠤ ᠠᠴᠠ ᠡᠮᠦᠨ᠎ᠡ ᠵᠢᠨᠢᠩ ᠢ ᠪᠤᠯᠢᠶᠠᠨ ᠠᠪᠬᠤ ᠵᠠᠷᠯᠢᠭ ᠪᠠᠭᠤᠯᠭᠠᠪᠠ᠃ | ᠵᠢᠨᠢᠩ ᠪᠣᠯ ᠫᠢᠩ — ᠰᠦᠶ ᠲᠡᠮᠦᠷ ᠵᠠᠮ ᠳᠡᠭᠡᠷᠡᠬᠢ ᠴᠢᠬᠤᠯᠠ ᠭᠠᠵᠠᠷ ᠪᠠᠶᠢᠵᠦ᠂ ᠮᠦᠨᠴᠦ ᠰᠦᠶᠶᠤᠸᠠᠨ ᠤ | ᠵᠡᠭᠦᠨ ᠬᠡᠰᠡᠭ ᠤᠨ ᠦᠷᠦᠴᠡ ᠤᠷᠤᠨ ᠪᠤᠯᠤᠨ᠎ᠠ᠃ ᠲᠡᠷᠡ ᠨᠢ ᠳ᠋ᠠᠲ᠋ᠦ᠋ᠩ᠂ ᠴᠢᠭᠤᠯᠤᠯᠲᠤ ᠬᠠᠭᠠᠯᠭ᠎ᠠ᠂ ᠬᠦᠢᠰᠦ᠋ᠢ ︵ | ᠬᠦᠬᠡᠬᠤᠲᠠ︶ ᠶᠢ ᠬᠤᠯᠪᠣᠵᠤ᠂ ᠮᠦᠨᠴᠦ ᠡᠪ ᠬᠠᠮᠲᠦ ᠨᠠᠮ ᠤᠨ ᠱᠠᠨ ᠰᠢ ᠴᠠᠬᠠᠷ ᠾᠧᠪᠸᠢ ᠶᠢᠨ ᠴᠡᠷᠢᠭ ᠤᠨ | ᠲᠣᠭᠤᠷᠢᠭ ᠪᠤᠯᠤᠨ ᠱᠠᠨ ᠰᠢ ᠰᠦᠶᠶᠤᠸᠠᠨ ᠤ ᠴᠡᠷᠢᠭ ᠤᠨ ᠲᠣᠭᠤᠷᠢᠭ ᠢ ᠬᠤᠯᠪᠣᠵᠤ ᠪᠠᠶᠢᠨ᠎ᠠ᠃ ᠳᠠᠶᠢᠰᠤᠨ ᠫᠢᠩ | — ᠰᠦᠶ ᠲᠡᠮᠦᠷ ᠵᠠᠮ ᠢ ᠨᠡᠪᠲᠡᠷᠡᠭᠦᠯᠵᠦ᠂ ᠪᠠᠶᠢᠯᠳᠤᠬᠤ ᠪᠤᠳᠤᠯᠭ᠎ᠠ ᠶᠢᠨ ᠴᠢᠬᠤᠯᠠ ᠭᠠᠵᠠᠷ ᠢ ᠪᠤᠯᠢᠶᠠᠨ ᠠᠪᠬᠤ | ᠭᠡᠪᠡᠯ ᠶᠠᠭᠤᠨ ᠤ ᠡᠮᠦᠨ᠎ᠡ ᠵᠢᠨᠢᠩ ᠢ ᠪᠤᠯᠢᠶᠠᠨ ᠠᠪᠬᠤ ᠪᠣᠯᠤᠨ᠎ᠠ᠃ ᠵᠢᠶᠠᠩ ᠵᠢᠶᠧ ᠱᠢ ᠶᠢᠨ ᠨᠢᠭᠤᠴᠠ ᠵᠠᠷᠯᠢᠭ ᠢ | ᠣᠯᠤᠭᠰᠠᠨ ᠤ ᠳᠠᠷᠠᠭ᠎ᠠ ᠹᠦ᠋ ᠽᠦᠸᠧ ᠢ ᠰᠦᠨ ᠯᠠᠨ ᠹᠧᠩ ᠢ ᠲᠣᠮᠢᠯᠠᠨ ᠭᠤᠮᠢᠨᠳᠠᠩ ᠤᠨ ᠴᠡᠷᠢᠭ ᠪᠤᠯᠤᠨ | ᠬᠠᠭᠤᠷᠮᠠᠭ ᠮᠣᠩᠭᠤᠯ ᠤᠨ ᠮᠣᠷᠢᠲᠤ ᠴᠡᠷᠢᠭ 4000 ᠭᠠᠷᠤᠶ ᠶᠢ ᠳᠠᠶᠢᠴᠢᠯᠠᠵᠤ᠂ 1946 ᠤᠨ ᠤ 1 ᠰᠠᠷ᠎ᠠ | ᠶᠢᠨ13 ᠤ ᠡᠳᠦᠷ ᠵᠢᠨᠢᠩ ᠢ ᠭᠡᠨᠡᠳᠡᠭᠦᠯᠦᠨ ᠳᠠᠭᠠᠷᠢᠵᠦ 14 ᠤ ᠡᠳᠦᠷ ᠤᠨ 8 ᠴᠠᠭ ᠲᠤ ᠵᠢᠨᠢᠩ ᠢ ᠡᠵᠡᠯᠡᠨ ᠠᠪᠤᠪᠠ᠃ | | ᠵᠢᠨᠢᠩ ᠠᠯᠳᠠᠭᠳᠠᠭᠰᠠᠨ ᠢ ᠮᠠᠤ ᠽᠧ ᠳ᠋ᠦᠩ ᠮᠡᠳᠡᠭᠡᠳ᠂ ᠵᠢᠨᠢᠩ ᠪᠤᠯ ᠪᠠᠶᠢᠯᠳᠤᠬᠤ ᠪᠤᠳᠤᠯᠭ᠎ᠠ ᠶᠢᠨ ᠴᠢᠬᠤᠯᠠ | ᠭᠠᠵᠠᠷ᠂ ᠴᠡᠷᠢᠭ ᠤᠨ ᠶᠠᠪᠤᠳᠠᠯ ᠤᠨ ᠲᠣᠬᠢᠷᠠᠭᠤᠯᠭ᠎ᠠ ᠶᠢᠨ ᠬᠡᠯᠲᠡᠰ ᠤᠨ ᠲᠦᠯᠦᠭᠡᠯᠡᠭᠴᠢ 18 ᠤ ᠡᠳᠦᠷ ᠤᠨ 12 | ᠴᠠᠭ ᠲᠤ ᠵᠢᠨᠢᠩ ᠳᠤ ᠬᠦᠷᠦᠨ᠎ᠠ᠂ 18 ᠤ ᠡᠳᠦᠷ ᠤᠨ 12 ᠴᠠᠭ ᠠᠴᠠ ᠡᠮᠦᠨ᠎ᠡ ᠡᠷᠬᠡᠪᠰᠢ ᠠᠯᠢᠪᠠ ᠦᠷᠡᠭᠳᠡᠯ | ᠰᠦᠶᠳᠦᠯ ᠢ ᠬᠠᠶᠢᠬᠤᠷᠤᠯ ᠦᠭᠡᠢ ᠪᠠᠷ ᠵᠢᠨᠢᠩ ᠢ ᠪᠤᠯᠢᠶᠠᠨ ᠠᠪᠬᠤ ᠬᠡᠷᠡᠭᠲᠡᠶ ᠭᠡᠵᠦ ᠾᠧ ᠯᠦᠩ ᠳᠤ ᠵᠠᠷᠯᠢᠭ | ᠪᠠᠭᠤᠯᠭᠠᠵᠠᠶ᠃ | ᠾᠧ ᠯᠦᠩ ᠰᠧᠯᠢᠩᠶᠤᠸᠠᠨ ᠤ ᠵᠢᠭᠠᠪᠤᠷᠢ ᠶᠢ ᠦᠨᠳᠦᠰᠦᠯᠡᠨ᠂ ᠮᠠᠨ ᠤ ᠴᠡᠷᠢᠭ ᠤᠨ ᠡᠯ᠎ᠡ ᠴᠡᠷᠢᠭ ᠠᠩᠭᠢ | 17 ᠤ ᠡᠳᠦᠷ ᠤᠨ 18 ᠴᠠᠭ 30 ᠮᠢᠨᠦ᠋ᠲ ᠲᠤ ᠨᠢᠭᠡᠳᠦᠯᠲᠡᠶ ᠬᠤᠲᠠ ᠶᠢᠨ ᠬᠡᠷᠡᠮ ᠵᠦᠭ ᠶᠡᠷᠦᠩᠬᠡᠶ ᠳᠠᠭᠠᠷᠢᠯᠲᠠ | ᠶᠠᠪᠤᠭᠤᠯᠪᠠ᠃ 18 ᠤ ᠡᠳᠦᠷ ᠤᠨ ᠥᠷᠯᠥᠭᠡ᠂ ᠮᠠᠨ ᠤ ᠴᠡᠷᠢᠭ ᠦᠨᠳᠦᠰᠦᠨ ᠳᠡᠭᠡᠨ ᠵᠢᠨᠢᠩ ᠢ ᠪᠤᠴᠠᠭᠠᠨ ᠠᠪᠴᠤ᠂ | ᠪᠦᠬᠦ᠋ᠢᠯᠡ ᠪᠠᠶᠢᠯᠳᠤᠭᠠᠨ ᠦᠳᠡ ᠶᠢᠨ ᠡᠮᠦᠨᠡᠬᠢ 11 ᠴᠠᠭ ᠲᠤ ᠰᠠᠶ᠋ᠢ ᠪᠦᠷᠢᠮᠦᠰᠦᠨ ᠳᠠᠭᠤᠰᠪᠠ᠃ 18 ᠤ | ᠡᠳᠦᠷ ᠤᠨ ᠦᠳᠡ ᠶᠢᠨ ᠬᠤᠶᠢᠨᠠᠬᠢ 2 ᠴᠠᠭ ᠲᠤ᠂ ᠴᠡᠷᠢᠭ ᠤᠨ ᠶᠠᠪᠤᠳᠠᠯ ᠤᠨ ᠲᠣᠬᠢᠷᠠᠭᠤᠯᠭ᠎ᠠ ᠶᠢᠨ ᠬᠡᠯᠲᠡᠰ ᠤᠨ | ᠲᠦᠯᠦᠭᠡᠯᠡᠭᠴᠢ ᠵᠢᠨᠢᠩ ᠤᠨ ᠨᠢᠰᠬᠡᠯ ᠤᠨ ᠪᠠᠭᠤᠳᠠᠯ ︵ᠣᠳᠣ ᠶᠢᠨ ᠤᠯᠠᠭᠠᠨᠴᠠᠪ ᠤᠨ ᠲᠡᠭᠡᠭᠡᠪᠦᠷᠢ ᠶᠢᠨ ᠺᠣᠮᠫᠠᠨᠢ | ᠪᠣᠯᠤᠨ ᠤᠤᠯ ᠤᠨ ᠴᠡᠷᠢᠭ ᠤᠨ ᠬᠤᠪᠢᠶᠠᠷᠢ ᠲᠣᠭᠤᠷᠢᠭ ᠤᠨ ᠣᠷᠴᠢᠮ︶ ᠳᠤ ᠬᠦᠷᠴᠦ᠂ ᠵᠢᠨᠢᠩ ᠮᠠᠨ ᠤ ᠴᠡᠷᠢᠭ ᠤᠨ | ᠭᠠᠷ ᠲᠤ ᠪᠠᠶᠢᠬᠤ ᠶᠢ ᠦᠵᠡᠭᠡᠳ᠂ ᠠᠮᠧᠷᠢᠺᠠ ᠪᠣᠯᠤᠨ ᠭᠤᠮᠢᠨᠳᠠᠩ ᠤᠨ ᠲᠥᠯᠥᠭᠡᠯᠡᠭᠴᠢ ᠨᠢᠭᠡ ᠴᠦ ᠦᠭᠡ ᠬᠡᠯᠡᠵᠦ | ᠴᠢᠳᠠᠬᠤ ᠦᠭᠡᠢ ᠪᠣᠯᠪᠠ᠃ | 3 ᠰᠠᠷ᠎ᠠ ᠶᠢᠨ 1 ᠤ ᠡᠳᠦᠷ᠂ ︽ᠭᠤᠮᠢᠨᠳᠠᠩ ᠡᠪ ᠬᠠᠮᠲᠤ ᠨᠠᠮ ᠤᠨ ᠴᠡᠷᠢᠭ ᠤᠨ ᠶᠠᠪᠤᠳᠠᠯ ᠤᠨ ᠮᠥᠷᠭᠦᠯᠳᠦᠭᠡᠨ | ᠢ ᠲᠤᠬᠢᠷᠠᠭᠤᠯᠬᠤ ᠬᠡᠯᠲᠡᠰ︾ ᠤᠨ ᠬᠠᠮᠤᠭ ᠤᠨ ᠳᠡᠭᠡᠲᠦ ᠭᠤᠷᠪᠠᠨ ᠬᠥᠮᠦᠨ ᠤ ᠳᠤᠭᠤᠶᠢᠯᠠᠩ ᠤᠨ ᠵᠧᠤ ᠡᠸ᠋ᠨ ᠯᠠᠶ᠂ | ᠵᠠᠩ ᡁᠢ ᠵᠦᠩ᠂ ᠮᠠᠷᠱᠧᠯ ᠵᠢᠴᠢ ᠶᠧ ᠵᠢᠶᠠᠨ ᠶᠢᠩ ᠵᠢᠨᠢᠩ ᠳᠤ ᠬᠦᠷᠴᠦ ᠨᠢᠭᠡᠳᠦᠭᠡᠷ ᠭᠦᠶᠴᠡᠳᠬᠡᠬᠦ | ᠳᠤᠭᠤᠶᠢᠯᠠᠩ ᠤᠨ ᠬᠠᠷᠢᠭᠤ ᠮᠡᠳᠡᠭᠦᠯᠦᠯᠲᠡ ᠶᠢ ᠰᠤᠨᠤᠰᠴᠦ ᠵᠢᠨᠢᠩ ᠨᠢ ᠮᠠᠨ ᠤ ᠴᠡᠷᠢᠭ ᠤᠨ ᠰᠠᠭᠤᠭ᠎ᠠ ᠭᠠᠵᠠᠷ ᠪᠤᠯᠬᠤ | ᠶᠢ ᠨᠤᠲᠠᠯᠠᠪᠠ᠃ | 1946 ᠤᠨ ᠤ 6 ᠰᠠᠷ᠎ᠠ ᠶᠢᠨ 26 ᠤ ᠡᠳᠦᠷ ᠵᠢᠶᠠᠩ ᠵᠢᠶᠧ ᠱᠢ ᠳᠠᠶᠢᠨ ᠵᠤᠭᠰᠤᠬᠤ ᠬᠡᠯᠡᠯᠴᠡᠭᠡᠷ ᠢ | ᠤᠷᠠᠵᠤ᠂ ᠪᠦᠬᠦ ᠲᠠᠯ᠎ᠠ ᠶᠢᠨ ᠳᠤᠲᠤᠭᠠᠳᠤ ᠶᠢᠨ ᠳᠠᠶᠢᠨ ᠡᠭᠦᠰᠭᠡᠪᠡ᠃ | | | | | | ︽ᠭᠤᠮᠢᠨᠳᠠᠩ ᠡᠪ ᠬᠠᠮᠲᠤ ᠨᠠᠮ ᠤᠨ ᠴᠡᠷᠢᠭ ᠤᠨ ᠶᠠᠪᠤᠳᠠᠯ ᠤᠨ ᠮᠥᠷᠭᠦᠯᠳᠦᠭᠡᠨ ᠢ ᠲᠤᠬᠢᠷᠠᠭᠤᠯᠬᠤ ᠬᠡᠯᠲᠡᠰ︾ | ᠤᠨ ᠬᠠᠮᠤᠭ ᠤᠨ ᠳᠡᠭᠡᠲᠦ ᠭᠤᠷᠪᠠᠨ ᠬᠥᠮᠦᠨ ᠤ ᠳᠤᠭᠤᠶᠢᠯᠠᠩ ᠤᠨ ᠵᠧᠤ ᠡᠸ᠋ᠨ ᠯᠠᠶ᠂ ᠵᠠᠩ ᡁᠢ ᠵᠦᠩ᠂ ᠮᠠᠷᠱᠧᠯ | ᠵᠢᠨᠢᠩ ᠳᠤ ᠪᠠᠶᠢᠴᠠᠭᠠᠯᠲᠠ ᠬᠢᠪᠠ | | | | | | ᠵᠢᠨᠢᠩ ᠢ ᠪᠤᠯᠢᠶᠠᠯᠳᠤᠬᠤ ᠳᠠᠶᠢᠨ ᠤ ᠵᠢᠷᠤᠭ | | | | ᠨᠠᠶᠢᠷᠠᠭᠤᠯᠤᠭᠴᠢ᠄ ᠡᠷᠳᠡᠨᠢᠴᠤᠭᠲᠦ | ᠬᠢᠨᠠᠭᠴᠢ᠄ ᠭᠡᠷᠡᠯᠲᠦ | |