ᠮᠠᠬᠠᠭᠦ᠋ᠷᠬᠢᠰ ᠬᠠᠭᠠᠨ
ᠨᠡᠶᠢᠲᠡᠯᠡᠭᠰᠡᠨ ᠴᠠᠭ᠄
2019/11/23
    ᠮᠠᠬᠠᠭᠦ᠋ᠷᠬᠢᠰ ᠦᠭᠡᠭᠲᠤ ᠬᠠᠭᠠᠨ ︵1446—1465︶ ᠲᠠᠶᠢᠰᠦ᠋ᠩ ᠬᠠᠭᠠᠨ ᠲᠤᠭᠲᠠᠭᠠᠪᠤᠬ᠎ᠠ ᠶᠢᠨ ᠬᠦᠪᠡᠭᠦᠨ᠃  ᠴᠤᠯᠠ ᠦᠭᠡᠭᠲᠤ ᠬᠠᠭᠠᠨ᠂ ᠮᠢᠩ ᠤᠯᠤᠰ ᠤᠨ ᠬᠢᠨ ᠲᠡᠭᠦᠨ ᠢ ︽ᠪᠠᠭ᠎ᠠ ᠬᠠᠭᠠᠨ︾ ᠭᠡᠳᠡᠭ᠃ ᠡᠰᠡᠨ ᠬᠠᠭᠠᠨ ᠢ ᠬᠤᠷᠤᠭᠠᠭᠳᠠᠭᠰᠡᠨ ᠤ ᠳᠠᠷᠠᠭ᠎ᠠ 1454 ᠤᠨ ᠳᠤ ᠪᠤᠯᠠᠢ ᠲᠠᠶᠢᠱᠢ᠂ ᠮᠤᠤᠯᠢᠬᠠᠢ ᠸᠠᠩ ᠨᠡᠷ ᠲᠡᠭᠦᠨ ᠢ ᠬᠦᠷᠢᠶᠡᠯᠡᠨ ᠬᠠᠭᠠᠨ ᠡᠷᠭᠦᠮᠵᠢᠯᠡᠪᠡ᠃ ᠡᠭᠡ ᠨᠢ ᠰᠠᠮᠤᠷ ᠳᠡᠭᠡᠲᠤ ᠬᠠᠲᠤᠨ ᠨᠠᠰᠤᠨ ᠪᠠᠭ᠎ᠠ ᠲᠡᠭᠦᠨ ᠢ ᠦᠭᠡᠭ ᠲᠤ ᠰᠠᠭᠤᠯᠭᠠᠨ ᠳᠠᠭᠠᠭᠤᠯᠵᠤ ᠤᠶᠢᠷᠠᠳ ᠢ ᠳᠠᠶᠢᠯᠠᠭᠠᠳ ᠶᠡᠭᠡᠲᠡ ᠳᠡᠶᠢᠯᠪᠡ᠃ ᠡᠶᠢᠨ ᠬᠦ ᠲᠡᠷᠡ ᠪᠠᠷ ᠦᠭᠡᠭᠲᠤ ᠬᠠᠭᠠᠨ ᠭᠡᠵᠤ ᠠᠯᠳᠠᠷᠰᠢᠪᠠ᠃ 1457 ᠤᠨ ᠳᠤ ᠦᠭᠡᠭᠲᠤ ᠬᠠᠭᠠᠨ ᠪᠤᠯᠠᠢ ᠲᠠᠶᠢᠱᠢ ᠶᠢ ᠲᠤᠮᠢᠯᠠᠨ ᠮᠢᠩ ᠤᠯᠤᠰ ᠤᠨ ᠱᠠᠨᠰᠢ᠂ ᠭᠠᠨᠰᠤ ᠮᠤᠵᠢ ᠶᠢ ᠲᠤᠪᠲᠤᠯᠤᠭᠤᠯᠵᠤ ᠠᠯᠪᠠᠲᠠᠨ ᠠᠷᠠᠯᠵᠢᠶ᠎ᠡ ᠨᠡᠭᠡᠭᠡᠯᠭᠡᠵᠡᠢ᠃ 1460 ᠤᠨ  ᠳᠤ ᠪᠤᠯᠠᠢ ᠲᠠᠶᠢᠱᠢ ᠶᠢ ᠲᠤᠮᠢᠯᠠᠨ ᠭᠤᠷᠪᠠᠨ ᠵᠠᠮ ᠢᠶᠠᠷ ᠮᠢᠩ ᠤᠯᠤᠰ ᠢ ᠳᠠᠶᠢᠯᠠᠭᠤᠯᠪᠠ᠃ 1462 ᠤᠨ ᠳᠤ ᠪᠤᠯᠠᠢ ᠲᠠᠶᠢᠱᠢ ᠶᠢ ᠲᠤᠮᠢᠯᠠᠨ ᠵᠡᠭᠦᠨᠰᠢ ᠮᠤᠷᠳᠠᠭᠤᠯᠵᠤ ᠤᠷᠢᠶᠠᠩᠬᠠᠢ ᠤᠷᠤᠨ ᠢ ᠳᠠᠶᠢᠯᠠᠨ ᠲᠤᠪᠲᠤᠯᠤᠭᠰᠡᠨ ᠪᠠᠶᠢᠨ᠎ᠠ᠃ 1465 ᠤᠨ ᠳᠤ ᠪᠤᠯᠠᠢ ᠲᠡᠶᠢᠱᠢ ᠲᠠᠢ ᠡᠶ᠎ᠡ ᠡᠪᠲᠡᠷᠡᠯᠴᠡᠵᠤ᠂ ᠪᠤᠯᠠᠢ ᠲᠠᠶᠢᠱᠢ ᠦᠭᠡᠭᠲᠤ ᠬᠠᠭᠠᠨ ᠢ ᠬᠤᠤᠷᠯᠠᠨ ᠬᠤᠷᠤᠭᠠᠪᠠ᠃                                                                                                ᠪᠠᠭᠤᠯᠭᠠᠭᠰᠠᠨ ᠨᠢ᠄ ᠡᠷᠳᠡᠨᠢᠴᠤᠭᠲᠦ                                                        ᠬᠢᠨᠠᠭᠴᠢ᠄ ᠭᠡᠷᠡᠯᠲᠦ
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2