ᠬᠠᠪᠤᠷ ᠤᠨ ᠤᠯᠠᠷᠢᠯ ᠤᠨ ᠲᠠᠬᠰᠢᠭᠤᠷ ᠢ ᠬᠥᠡᠭᠭᠡᠪᠴᠢᠯᠡᠵᠥ ᠪᠤᠯᠬᠤ ᠥᠬᠡᠢ
ᠨᠡᠶᠢᠲᠡᠯᠡᠭᠰᠡᠨ ᠴᠠᠭ᠄
2018/4/20
     ᠬᠠᠪᠤᠷ ᠤᠨ ᠤᠯᠠᠷᠢᠯ ᠪᠤᠯᠤᠮᠠᠬᠴᠠ ᠲᠠᠬᠰᠢᠭᠤᠷ ᠲᠤ  ᠨᠡᠷᠪᠡᠭᠳᠡᠬᠦ  ᠬᠥᠮᠥᠰ  ᠡᠩ ᠤᠨ  ᠴᠠᠬ ᠠᠴᠠ  ᠤᠯᠠᠰᠢᠷᠠᠳᠠᠬ᠃ ᠬᠠᠪᠤᠷ ᠤᠨ ᠤᠯᠠᠷᠢᠯ ᠤᠨ ᠲᠠᠬᠰᠢᠭᠤᠷ ᠢ ᠬᠥᠡᠭᠭᠡᠪᠴᠢᠯᠡᠵᠥ ᠪᠤᠯᠬᠤ ᠥᠬᠡᠢ᠃                ᠤᠯᠠᠩᠭᠢ ᠬᠥᠮᠥᠰ ᠲᠠᠬᠰᠢᠭᠤᠷ ᠲᠤ ᠨᠡᠷᠪᠡᠭᠳᠡᠬᠦ ᠨᠢ ᠶᠡᠭᠡ ᠡᠪᠡᠳᠴᠢᠨ ᠪᠢᠰᠢ᠂ ᠬᠡᠳᠤᠨ ᠡᠳᠤᠷ ᠪᠡᠶ᠎ᠠ ᠵᠤᠪᠠᠪᠠᠯ  ᠰᠠᠶᠢᠨ ᠪᠤᠯᠴᠢᠬᠠᠨ᠎ᠠ ᠬᠡᠵᠥ ᠥᠵᠡᠳᠡᠭ᠃ ᠥᠨᠡᠨᠳᠡᠭᠡᠨ ᠲᠠᠬᠰᠢᠭᠤᠷ ᠠᠴᠠ ᠪᠤᠯᠵᠥ ᠨᠡᠩ ᠬᠥᠨᠳᠤ ᠡᠪᠡᠳᠴᠢᠨ ᠤ ᠪᠠᠶᠢᠳᠠᠯ ᠢ ᠪᠤᠢ ᠪᠤᠯᠭᠠᠵᠤ ᠮᠡᠳᠡᠨ᠎ᠡ ᠰᠢᠦ︕                ᠡᠨᠡ ᠵᠢᠯ ᠤᠨ 1 ᠰᠠᠷ᠎ᠠ ᠳᠤ᠂ ᠬᠠᠨᠭ᠍ᠵᠸᠤ ᠶᠢᠨ 20  ᠨᠠᠰᠤᠳᠠᠢ  ᠤᠶᠤᠳᠠᠨ  ᠲᠠᠬᠰᠢᠭᠤᠷ ᠲᠤ  ᠨᠡᠷᠪᠡᠭᠳᠡᠭᠰᠡᠨ ᠢᠶᠠᠨ ᠥᠯᠥ ᠬᠠᠶᠢᠬᠤᠷᠤᠨ᠂ ᠥᠳᠦᠨ ᠪᠥᠮᠪᠦᠭᠡ ᠴᠤᠬᠢᠵᠥ ᠰᠢᠷᠥᠬᠦᠨ ᠬᠥᠳᠡᠯᠭᠡᠭᠡᠨ ᠬᠢᠭᠰᠡᠨ ᠠᠴᠠ  ᠪᠤᠯᠵᠥ  ᠵᠢᠷᠤᠭᠡᠨ  ᠴᠤᠬᠢᠯᠭ᠎ᠠ ᠨᠢ ᠵᠤᠬᠰᠤᠵᠥ᠂  ᠪᠥᠮᠪᠥᠬᠡᠨ  ᠲᠠᠯᠠᠪᠤᠷ ᠲᠤ  ᠠᠮᠢ  ᠲᠠᠯᠪᠢᠵᠠᠢ᠃  ᠡᠨᠡᠬᠦ  ᠬᠠᠷᠠᠰᠠᠯᠲᠤ  ᠶᠠᠪᠤᠳᠠᠯ ᠨᠢ  ᠪᠢᠳᠠᠨ ᠳᠤ  ᠲᠠᠬᠰᠢᠭᠤᠷ ᠢ ᠬᠥᠡᠭᠭᠡᠪᠴᠢᠯᠡᠵᠥ ᠪᠤᠯᠬᠤ  ᠥᠬᠡᠢ  ᠬᠡᠰᠡᠨ ᠢ  ᠰᠠᠷᠠᠮᠵᠢᠯᠡᠭᠦᠯᠵᠡᠢ᠃  ᠠᠩᠭ᠍ᠯᠢ ᠶᠢᠨ  ︽ᠠᠨᠠᠭᠠᠬᠤ  ᠤᠬᠠᠭᠠᠨ︾  ᠰᠡᠳᠬᠦᠯ ᠳᠤ᠂ ᠥᠢᠷ᠎ᠠ ᠳᠤ᠂ ᠲᠠᠬᠰᠢᠭᠤᠷ ᠲᠤ ᠨᠡᠷᠪᠡᠭᠳᠡᠭᠰᠡᠨ ᠬᠤᠭᠤᠴᠠᠭᠠᠨ ᠳᠤ ᠵᠢᠷᠤᠭᠡᠨ ᠡᠪᠡᠳᠴᠢᠨ  ᠡᠬᠦᠰᠬᠦ  ᠠᠶᠤᠯ  ᠲᠥᠭᠰᠢᠬᠦᠷᠢ  ᠬᠡᠳᠤ ᠲᠠᠬᠢᠨ ᠢᠶᠠᠷ ᠨᠡᠮᠡᠭᠳᠡᠳᠡᠭ ᠬᠡᠰᠡᠨ ᠰᠢᠨ᠎ᠠ ᠰᠤᠳᠤᠯᠭᠠᠨ ᠤ ᠳ᠋ᠥᠡᠭ ᠢ ᠨᠠᠶᠢᠳᠠᠯᠡᠭᠰᠡᠨ ᠪᠠᠶᠢᠨ᠎ᠠ᠃              ᠲᠠᠬᠰᠢᠭᠤᠷ ᠲᠤ  ᠨᠡᠷᠪᠡᠭᠳᠡᠭᠰᠡᠳ  ᠵᠢᠷᠤᠭᠡᠨ  ᠡᠪᠡᠳᠴᠢᠨ ᠲᠠᠢ  ᠪᠤᠯ᠂  ᠪᠠᠶᠢᠴᠠᠭᠠᠯᠭᠠᠵᠤ   ᠡᠮᠨᠡᠬᠦᠯᠬᠦ   ᠴᠠᠬ ᠢᠶᠠᠨ ᠬᠤᠶᠢᠰᠢᠯᠠᠭᠤᠯᠵᠥ ᠤᠳᠠᠭᠠᠰᠢᠷᠠᠭᠤᠯᠵᠥ ᠪᠤᠯᠬᠤ ᠥᠬᠡᠢ᠂ ᠤᠨᠴᠠᠭᠠᠢᠢᠯᠠᠨ  ᠲᠥᠷᠭᠡᠨ  ᠴᠢᠨᠠᠷᠳᠠᠢ  ᠠᠮᠢᠰᠬᠤᠯ ᠤᠨ  ᠰᠢᠰᠲ᠋ᠧᠮ ᠤᠨ ᠬᠠᠯᠳᠠᠪᠤᠷᠢᠳᠤ ᠡᠪᠡᠳᠴᠢᠨ ᠲᠠᠢ ᠬᠥᠮᠥᠰ ᠨᠢᠬᠡ ᠭᠠᠷᠠᠬ ᠤᠨ ᠲᠤᠳᠤᠷ᠎ᠠ  ᠪᠠᠶᠢᠴᠠᠭᠠᠯᠭᠠᠵᠤ  ᠡᠮᠨᠡᠭᠦᠯᠬᠦ  ᠬᠡᠷᠡᠭᠳᠠᠢ᠃  ᠡᠬᠦᠨ ᠠᠴᠠ ᠭᠠᠳᠠᠨ᠎ᠠ᠂ ᠰᠠᠶᠢᠳᠤᠷ ᠠᠮᠠᠷᠠᠬᠤ᠂ ᠢᠯᠡᠬᠦᠭᠡᠨ ᠤᠰᠤ ᠤᠤᠭᠤᠬᠤ ᠨᠢ ᠲᠠᠬᠰᠢᠭᠤᠷ ᠢ ᠵᠠᠰᠠᠬᠤ ᠳᠤ ᠠᠰᠢᠬᠳᠠᠢ ᠪᠠᠶᠢᠳᠠᠬ᠃                                                         ᠪᠡᠯᠡᠳᠭᠡᠭᠰᠡᠨ ᠨᠢ᠄ ᠢᠷᠭᠤᠢ
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2