ᠡᠨᠡ ᠳᠦᠷᠪᠡᠨ ᠵᠦᠢᠯ ᠤᠨ ᠨᠣᠭᠤᠭ᠎ᠠ ᠶᠢ ᠦᠷᠭᠦᠯᠵᠢ ᠢᠳᠡᠪᠡᠯ ᠤᠷᠲᠤ ᠨᠠᠰᠤᠯᠠᠨ᠎ᠠ
ᠨᠡᠶᠢᠲᠡᠯᠡᠭᠰᠡᠨ ᠴᠠᠭ᠄
2018/4/20
     ᠬᠠᠶᠢᠳᠠᠢ ᠨᠣᠭᠤᠬ᠎ᠠ ᠴᠢᠰᠤᠨ ᠤ ᠥᠭᠡᠬᠦ ᠶᠢ ᠪᠠᠭᠤᠷᠠᠭᠤᠯᠤᠨ᠎ᠠ              ᠬᠠᠶᠢᠳᠠᠢ ᠨᠣᠭᠤᠭ᠎ᠠ ᠳᠤ ᠪᠦᠳᠦᠭᠦᠯᠢᠭ ᠤᠭᠤᠷᠠᠭ᠂ ᠰᠢᠬᠢᠷ᠂ ᠺᠠᠯᠼ ᠵᠡᠷᠭᠡ ᠡᠯᠪᠡᠭ ᠠᠭᠤᠯᠤᠭᠳᠠᠵᠤ᠂  ᠠᠭᠤᠯᠤᠭᠳᠠᠴᠠ ᠨᠢ ᠦᠷᠭᠡᠰᠦᠲᠦ ᠨᠣᠭᠤᠭ᠎ᠠ᠂ ᠰᠢᠯᠢᠮᠳᠡᠭ ᠤᠨ ᠬᠡᠳᠦᠨ ᠳᠠᠬᠢᠨ ᠪᠠᠶᠢᠳᠠᠭ᠃              ᠪᠡᠭᠡᠵᠢᠩ ᠬᠤᠲᠠ ᠶᠢᠨ  ᠬᠢᠲᠠᠳ  ᠡᠮ  ᠡᠮᠨᠡᠯᠭᠡ ᠶᠢᠨ  ᠶᠡᠭᠡ  ᠰᠤᠷᠭᠠᠭᠤᠯᠢ ᠶᠢᠨ  ᠪᠡᠶ᠎ᠡ  ᠰᠤᠪᠢᠯᠠᠬᠤ  ᠲᠠᠰᠤᠭ ᠤᠨ ᠫᠷᠣᠹᠧᠰᠰᠣᠷ ᠵᠠᠩ ᠬᠡᠤ ᠳ᠋ᠧ  ᠵᠢᠭᠠᠵᠤ  ᠭᠠᠷᠭᠠᠭᠰᠠᠨ   ᠨᠢ᠂  ᠬᠠᠶᠢᠳᠠᠢ  ᠨᠣᠭᠤᠭ᠎ᠠ ᠳᠤ  ᠠᠭᠤᠯᠤᠭᠳᠠᠬᠤ  ᠬᠦᠷᠡᠩ  ᠵᠠᠮᠠᠭ ᠤᠨ ᠬᠦᠴᠢᠯ ᠤᠨ ᠨᠠᠲᠷᠢ ᠨᠢ ᠴᠢᠰᠤᠨ ᠳᠠᠷᠤᠯᠲᠠ ᠶᠢ ᠳᠣᠷᠣᠭᠰᠢᠯᠠᠭᠤᠯᠬᠤ ᠦᠢᠯᠡᠳᠦᠯ ᠲᠠᠢ ᠪᠠᠷ  ᠪᠠᠷᠠᠬᠤ  ᠦᠭᠡᠢ  ᠴᠢᠰᠤ  ᠴᠠᠶᠢᠬᠤ ᠡᠪᠡᠳᠴᠢᠨ ᠪᠠ ᠶᠠᠰᠤ ᠡᠪᠡᠳᠬᠦ ᠡᠪᠡᠳᠴᠢᠨ ᠢ ᠰᠡᠷᠭᠡᠶᠢᠯᠡᠬᠦ ᠳᠤ ᠪᠠᠰᠠ ᠵᠣᠬᠢᠬᠤ ᠦᠢᠯᠡᠳᠦᠯ   ᠲᠠᠢ︔  ᠬᠠᠶᠢᠳᠠᠢ  ᠨᠣᠭᠤᠭ᠎ᠠ ᠶᠢᠨ ᠴᠠᠷᠳᠠᠭᠤᠯ ᠨᠢ ᠴᠢᠰᠤᠨ ᠤ ᠥᠭᠡᠬᠦ ᠶᠢ ᠪᠠᠭᠤᠷᠠᠭᠤᠯᠬᠤ ᠦᠢᠯᠡᠳᠦᠯ ᠲᠠᠢ᠂ ᠯᠤᠭᠰᠢᠭᠤᠨ ᠰᠤᠳᠠᠯ ᠤᠨ ᠬᠠᠲᠠᠭᠤᠵᠢᠯ ᠢ ᠰᠡᠷᠭᠡᠶᠢᠯᠡᠬᠦ ᠪᠠ ᠰᠦᠰᠦᠨ ᠤ ᠭᠤᠨᠠᠨ ᠠᠯᠺᠤᠤᠯ ᠢ ᠪᠠᠭᠤᠷᠠᠭᠤᠯᠬᠤ ᠳᠤ ᠲᠤᠰᠠᠲᠠᠢ᠃ ︵ᠬᠤᠯᠢᠮᠠᠭ  ᠬᠦᠢᠲᠡᠨ  ᠵᠠᠭᠤᠰᠢ  ᠬᠢᠬᠦ  ᠪᠤᠶᠤ  ᠱᠦᠯᠦ ᠭᠠᠷᠭᠠᠵᠤ ᠢᠳᠡᠬᠦ ᠨᠢ ᠪᠠᠶᠢᠩᠭᠤ ᠶᠢᠨ ᠢᠳᠡᠬᠦ ᠠᠷᠭ᠎ᠠ ᠪᠤᠯᠪᠠᠴᠤ ᠳᠡᠯᠢᠬᠦᠦ ᠬᠤᠳᠣᠭᠤᠳᠤ ᠶᠢᠨ ᠰᠡᠷᠢᠭᠦᠨ ᠬᠦᠢᠲᠡᠨ ᠲᠠᠢ  ᠬᠦᠮᠦᠨ ᠪᠤᠶᠤ ᠵᠢᠷᠮᠦᠰᠦᠨ ᠡᠮᠡᠭᠳᠡᠢ ᠠᠷᠪᠢᠨ ᠢᠳᠡᠵᠦ ᠪᠣᠯᠬᠤ ᠦᠭᠡᠢ᠃︶              ᠦᠨᠳᠡᠭᠡᠨ ᠮᠥᠭᠦ ᠤᠮᠠᠨ ᠡᠪᠡᠳᠴᠢᠨ ᠢ ᠰᠡᠷᠭᠡᠶᠢᠯᠡᠨ᠎ᠡ              ᠵᠠᠩ ᠬᠡᠤ ᠳ᠋ᠧ ᠬᠡᠯᠡᠭᠰᠡᠨ ᠨᠢ᠂ ᠥᠨᠳᠡᠭᠡᠨ ᠮᠥᠭᠦ ᠶᠢ ᠠᠷᠠᠳ ᠤᠨ ᠳᠤᠮᠳᠠ  ᠶᠡᠷᠦ ᠳᠤ ᠪᠠᠨ  ᠲᠣᠯᠣᠭᠠᠢ  ᠡᠪᠡᠳᠬᠦ᠂ ᠲᠣᠯᠣᠭᠠᠢ ᠡᠷᠭᠢᠬᠦ ᠶᠢ ᠵᠠᠰᠠᠬᠤ ᠳᠤ ᠬᠡᠷᠡᠭᠯᠡᠳᠡᠭ᠃  ᠣᠳᠣ  ᠦᠶ᠎ᠡ ᠶᠢᠨ  ᠰᠤᠳᠤᠯᠭᠠᠨ ᠢᠶᠠᠷ  ᠳᠠᠮᠵᠢᠨ  ᠥᠨᠳᠡᠭᠡᠨ  ᠮᠥᠭᠦ   ᠨᠢ ᠬᠦᠮᠦᠨ ᠤ ᠪᠡᠶ᠎ᠡ ᠶᠢᠨ ᠡᠭᠡᠯᠢᠯᠡᠭᠡ ᠶᠢᠨ ᠠᠵᠢᠯᠯᠠᠭ᠎ᠠ ᠶᠢ ᠲᠣᠬᠢᠷᠠᠭᠤᠯᠵᠤ᠂ ᠬᠠᠪᠤᠳᠠᠷ ᠡᠭᠦᠰᠬᠡᠬᠦ ᠪᠣᠯᠣᠯᠴᠠᠭ᠎ᠠ ᠶᠢ  ᠪᠠᠭᠤᠷᠠᠭᠤᠯᠤᠨ᠂ ᠦᠮᠠᠨ ᠢ ᠰᠡᠷᠭᠡᠶᠢᠯᠡᠬᠦ᠂ ᠦᠮᠠᠨ ᠲᠠᠢ ᠲᠡᠮᠡᠴᠡᠬᠦ ᠦᠢᠯᠡᠳᠦᠯ ᠭᠠᠷᠭᠠᠨ᠎ᠠ᠃       ᠣᠶᠢᠮ᠎ᠠ ᠨᠣᠭᠤᠭ᠎ᠠ ᠦᠷᠪᠢᠰᠦᠯ ᠢ ᠠᠷᠢᠯᠭᠠᠨ᠎ᠠ              ᠵᠠᠩ ᠬᠡᠤ ᠳ᠋ᠧ ᠬᠡᠯᠡᠭᠰᠡᠨ ᠨᠢ᠄ ︽ᠣᠶᠢᠮ᠎ᠠ ᠨᠣᠭᠤᠭ᠎ᠠ ᠳᠤ ᠤᠭᠤᠷᠠᠭ᠂ ᠥᠭᠡᠬᠦ᠂ ᠰᠢᠬᠢᠷ ᠤᠨ  ᠵᠦᠢᠯ᠂  ᠡᠷᠦᠳᠡᠰᠦᠨ ᠪᠤᠳᠠᠰ ᠬᠢᠭᠡᠳ ᠣᠯᠠᠨ ᠵᠦᠢᠯ ᠤᠨ ᠸᠢᠲ᠋ᠠᠮᠢᠨ ᠡᠯᠪᠡᠭ ᠠᠭᠤᠯᠤᠭᠳᠠᠵᠤ᠂ ᠰᠢᠮ᠎ᠡ ᠲᠡᠵᠢᠭᠡᠯ  ᠰᠠᠶᠢᠲᠠᠢ᠃︾  ᠣᠶᠢᠮ᠎ᠠ  ᠨᠣᠭᠤᠭ᠎ᠠ ᠳᠣᠲᠣᠷᠠᠬᠢ ᠣᠶᠢᠮ᠎ᠠ ᠨᠣᠭᠤᠭ᠎ᠠ ᠶᠢᠨ ᠡᠳ᠋ ᠨᠢ ᠪᠠᠺᠲ᠋ᠧᠷᠢ ᠶᠢ ᠬᠤᠷᠢᠬᠯᠠᠬᠤ ᠦᠢᠯᠡᠳᠦᠯ ᠲᠠᠢ ᠮᠦᠷᠲᠡᠭᠡᠨ ᠬᠠᠯᠠᠭᠤᠨ ᠢ ᠠᠷᠢᠯᠭᠠᠬᠤ ᠬᠤᠣᠷ ᠢ ᠲᠠᠶᠢᠯᠬᠤ᠂ ᠪᠠᠺᠲ᠋ᠧᠷᠢ  ᠠᠯᠠᠵᠤ  ᠦᠷᠪᠢᠰᠦᠯ ᠢ  ᠳᠠᠷᠤᠬᠤ   ᠳᠤ  ᠨᠡᠯᠢᠶᠡᠳ  ᠰᠠᠶᠢᠨ  ᠦᠢᠯᠡᠳᠦᠯ   ᠲᠠᠢ  ᠪᠠᠶᠢᠵᠦ᠂ ᠬᠠᠯᠠᠭᠤᠷᠠᠬᠤ᠂ ᠨᠠᠮᠤᠰᠤ᠂ ᠶᠠᠷ᠎ᠠ ᠵᠡᠷᠭᠡ ᠡᠪᠡᠳᠴᠢᠨ ᠳᠤ ᠴᠦᠮ ᠵᠣᠬᠢᠬᠤ ᠡᠮᠨᠡᠨ ᠵᠠᠰᠠᠬᠤ ᠦᠢᠯᠡᠳᠦᠯ ᠲᠠᠢ᠃              ᠨᠠᠷᠠᠨ ᠨᠣᠭᠤᠭ᠎ᠠ ᠪᠠᠺᠲ᠋ᠧᠷᠢ ᠶᠢ ᠠᠯᠠᠨ᠎ᠠ              ︽ᠨᠠᠷᠠᠨ ᠨᠣᠭᠤᠭ᠎ᠠ ᠳᠤ ᠤᠭᠤᠷᠠᠭ᠂ ᠥᠭᠡᠬᠦ᠂ ᠰᠢᠬᠢᠷ᠂ ᠪᠦᠳᠦᠭᠦᠯᠢᠭ ᠰᠢᠷᠬᠡᠭᠯᠢᠭ ᠵᠢᠴᠢ ᠺᠠᠯᠼ᠂ ᠹᠣᠰᠹᠣᠷ᠂  ᠲᠡᠮᠦᠷ ᠵᠡᠷᠭᠡ ᠣᠯᠠᠨ ᠵᠦᠢᠯ ᠤᠨ ᠰᠢᠮ᠎ᠡ ᠲᠡᠵᠢᠭᠡᠯᠲᠦ ᠪᠦᠷᠢᠯᠳᠦᠭᠦᠨ ᠠᠭᠤᠯᠤᠭᠳᠠᠬᠤ ᠠᠴᠠ  ᠭᠠᠳᠠᠨ᠎ᠠ᠂  ᠲᠡᠭᠦᠨ ᠤ  ᠲᠤᠰ  ᠪᠡᠶ᠎ᠡ   ᠨᠢ ᠳᠠᠷᠤᠢ ᠮᠠᠰᠢ ᠰᠠᠶᠢᠨ‌ᠡᠮ ᠤᠨ ᠦᠢᠯᠡᠳᠦᠯ ᠲᠠᠢ ᠶᠤᠮ︾᠃ ᠵᠠᠩ  ᠬᠡᠤ  ᠳ᠋ᠧ ᠶᠢᠨ  ᠬᠡᠯᠡᠬᠦ ᠪᠠᠷ᠂  ᠨᠠᠷᠠᠨ  ᠨᠣᠭᠤᠭ᠎ᠠ ᠳᠤ  ᠶᠡᠭᠡ ᠬᠡᠮᠵᠢᠶᠡᠨ ᠤ ᠮᠣᠯᠲ᠋ᠢᠭᠦᠷ ᠪᠥᠭᠡᠷ᠎ᠡ ᠶᠢᠨ ᠳᠡᠭᠡᠳᠦ ᠪᠣᠯᠴᠢᠷᠬᠠᠢ ᠶᠢᠨ ᠡᠳ᠋᠂ ᠺᠠᠯᠢ ᠶᠢᠨ ᠳᠠᠪᠤᠰᠤ ᠵᠢᠴᠢ ᠨᠢᠮᠪᠡᠭᠡ ᠶᠢᠨ  ᠬᠦᠴᠢᠯ  ᠪᠠ ᠠᠯᠮᠤᠷᠠᠳ ᠤᠨ  ᠬᠦᠴᠢᠯ  ᠵᠡᠷᠭᠡ  ᠠᠭᠤᠯᠤᠭᠳᠠᠵᠤ᠂  ᠴᠢᠰᠤᠨ  ᠰᠢᠬᠢᠷ ᠤᠨ  ᠲᠣᠭᠲᠠᠭᠤᠨ  ᠪᠠᠶᠢᠳᠠᠯ ᠢ  ᠪᠠᠲᠤᠯᠠᠨ᠂  ᠴᠢᠰᠤᠨ ᠳᠠᠷᠤᠯᠲᠠ ᠶᠢ ᠪᠠᠭᠤᠷᠠᠭᠤᠯᠵᠤ᠂ ᠵᠢᠷᠦᠬᠡ ᠶᠢ ᠬᠠᠮᠠᠭᠠᠯᠠᠬᠤ ᠦᠢᠯᠡᠳᠦᠯ ᠲᠠᠢ᠃                                                          ᠪᠡᠯᠡᠳᠭᠡᠭᠰᠡᠨ ᠨᠢ᠄ ᠢᠷᠭᠤᠢ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2