ᠰᠢᠨᠬᠤᠧᠠ ᠬᠤᠷᠢᠶ᠎ᠠ ᠪᠡᠭᠡᠵᠢᠩ ᠤᠨ 4 ᠰᠠᠷ᠎ᠠ ᠶᠢᠨ 18 ᠤ ᠡᠳᠦᠷ ᠤᠨ ᠴᠠᠬᠢᠯᠭᠠᠨ ᠮᠡᠳᠡᠭᠡ 4 ᠰᠠᠷ᠎ᠠ ᠶᠢᠨ | 18 ᠤ ᠡᠳᠦᠷ ᠳᠤᠳᠤᠭᠠᠳᠤ ᠶᠢ ᠬᠠᠮᠠᠭᠠᠯᠠᠬᠤ ᠶᠠᠮᠤᠨ ᠬᠡᠪᠯᠡᠯ ᠮᠡᠳᠡᠬᠡᠯᠡᠯ ᠤᠨ ᠬᠤᠷᠠᠯ ᠬᠤᠷᠠᠯᠳᠤᠭᠤᠯᠵᠤ᠂ ᠤᠯᠤᠰ ᠤᠨ | ᠴᠠᠭᠠᠴᠢ ᠢᠷᠬᠡᠨ ᠤ ᠬᠠᠮᠢᠶᠠᠷᠤᠯᠳᠠ ᠶᠢᠨ ᠳᠤᠪᠴᠢᠶ᠎ᠠ ᠠᠴᠠ ᠳᠦᠷᠦ ᠶᠢᠨ ᠶᠠᠪᠤᠳᠠᠯ ᠤᠨ ᠬᠤᠷᠢᠶᠠᠨ ᠤ | ᠵᠦᠪᠰᠢᠶᠡᠷᠡᠯ ᠲᠠᠢ ᠮᠡᠳᠡᠭᠳᠡᠯ ᠢ ᠨᠡᠶᠢᠳᠡᠯᠡᠪᠡ᠃ | ᠮᠡᠳᠡᠭᠳᠡᠯ ᠳᠤ᠂ 2018 ᠤᠨ ᠤ 5 ᠰᠠᠷ᠎ᠠ ᠶᠢᠨ 1 ᠠᠴᠠ ᠡᠬᠢᠯᠡᠨ ᠬᠠᠶᠢᠨᠠᠨ ᠮᠤᠵᠢ ᠨᠢ 59 ᠤᠯᠤᠰ ᠤᠨ | ᠢᠷᠬᠡᠨ ᠢ ᠸᠢᠰᠠ ᠦᠬᠡᠢ ᠪᠠᠷ ᠬᠢᠯᠢ ᠳᠠᠮᠨᠠᠵᠤ ᠠᠶᠠᠯᠠᠯ ᠵᠢᠭᠤᠯᠴᠢᠯᠠᠯ ᠬᠢᠬᠦ ᠪᠤᠳᠤᠯᠭ᠎ᠠ ᠬᠡᠷᠡᠭᠵᠢᠬᠦᠯᠦᠨ᠎ᠡ᠂ ᠸᠢᠰᠠ | ᠦᠬᠡᠢ ᠪᠠᠷ ᠳᠤᠳᠤᠭᠠᠳᠤ ᠳᠤ ᠪᠠᠶᠢᠬᠤ ᠬᠤᠭᠤᠴᠠᠭ᠎ᠠ ᠨᠢ 30 ᠡᠳᠦᠷ᠂ ᠡᠬᠦᠪᠡᠷ ᠬᠠᠶᠢᠨᠠᠨ ᠮᠤᠵᠢ ᠶᠢᠨ | ᠦᠬᠡᠷᠡᠴᠢᠯᠡᠯᠳᠡ ᠨᠡᠬᠡᠬᠡᠯᠳᠡ ᠶᠢ ᠪᠦᠬᠦ ᠳᠠᠯ᠎ᠠ ᠪᠠᠷ ᠬᠦᠨᠵᠡᠬᠡᠶᠢᠷᠡᠬᠦᠯᠦᠨ᠎ᠡ ᠬᠡᠵᠡᠢ᠃ | ᠡᠳᠡᠬᠡᠷ 59 ᠤᠯᠤᠰ ᠨᠢ᠄ ᠤᠷᠤᠰ᠂ ᠠᠩᠭ᠍ᠯᠢ᠂ ᠹᠷᠠᠨᠼᠢ᠂ ᠭᠧᠷᠮᠠᠨ᠂ ᠨᠤᠷᠧᠠᠢ᠂ ᠦᠺᠷᠠᠶᠢᠨ᠂ ᠢᠲ᠋ᠠᠯᠢ᠂ | ᠠᠦ᠋ᠰᠲᠷᠢᠶ᠎ᠠ᠂ ᠹᠢᠨᠯᠠᠨᠳ᠋᠂ ᠬᠤᠯᠠᠨᠳ᠋᠂ ᠳ᠋ᠧᠨ᠋ᠮᠠᠷᠺ᠂ ᠰᠧᠶᠰ᠂ ᠰᠧᠧᠳᠧᠨ᠂ ᠢᠰᠫᠠᠨᠢ᠂ ᠪᠧᠯᠬᠢ᠂ ᠴᠧᠬᠣ᠋᠂ | ᠡᠧᠰᠲ᠋ᠤᠨᠢᠶᠠ᠂ ᠭᠷᠧᠭ᠂ ᠬᠠᠩᠭᠠᠷᠢ᠂ ᠠᠶᠢᠰᠯᠠᠨᠳ᠋᠂ ᠯᠠᠲ᠋ᠧᠶᠶᠠ᠂ ᠯᠢᠲᠸ᠎ᠠ᠂ ᠯᠦᠺᠰᠧᠮᠪᠦ᠋ᠷᠡᠭ᠂ ᠮᠠᠯᠲ᠋ᠠ᠂ ᠫᠤᠯᠠᠨᠳ᠋᠂ | ᠫᠤᠷᠲ᠋ᠦ᠋ᠭᠠᠯ᠂ ᠰᠯᠤᠧᠠᠺᠢᠶᠠ᠂ ᠰᠯᠤᠧᠧᠨᠢᠶᠠ᠂ ᠠᠶᠢᠷᠯᠠᠨᠳ᠋᠂ ᠰᠠᠶᠢᠫᠷᠦ᠋ᠰ᠂ ᠺᠷᠤᠲ᠋ᠢᠶ᠎ᠠ᠂ ᠫᠤᠰᠨᠢᠶ᠎ᠠ ᠪᠠ | ᠡᠾᠧᠷᠽᠧᠭᠤᠧᠶᠢᠨᠠ᠂ ᠮᠤᠨᠲ᠋ᠧᠨᠧᠭᠷᠣ᠋᠂ ᠮᠠᠺᠧᠳᠤᠨᠢᠶ᠎ᠠ᠂ ᠠᠯᠪᠠᠨᠢᠶᠠ᠂ ᠠᠮᠧᠷᠢᠺᠡ᠂ ᠺᠠᠨᠠᠳᠠ᠂ ᠪᠠᠷᠠᠽᠢᠯ᠂ ᠮᠧᠺᠰᠢᠺᠦ᠂ | ᠠᠷᠭᠧᠨ᠋ᠲ᠋ᠢᠨ᠂ ᠴᠢᠯᠢ᠂ ᠠᠦ᠋ᠰᠲᠷᠠᠯᠢᠶ᠎ᠠ᠂ ᠰᠢᠨ᠎ᠡ ᠽᠢᠯᠠᠨᠳ᠋᠂ ᠺᠤᠷᠢᠶᠠ᠂ ᠶᠠᠫᠤᠨ᠂ ᠰᠢᠩᠭᠠᠪᠤᠷ᠂ ᠮᠠᠯᠠᠶᠢᠰᠢᠶ᠎ᠠ᠂ | ᠳᠠᠶᠢᠯᠠᠨᠳ᠋᠂ ᠺᠠᠽᠠᠭᠰᠲ᠋ᠠᠨ᠂ ᠹᠢᠯᠢᠫᠢᠨ᠂ ᠢᠨᠳᠦ᠋ᠨᠢᠰᠢᠶᠠ᠂ ᠪᠷᠦ᠋ᠨᠧᠢ᠂ ᠠᠷᠠᠪ ᠤᠨ ᠠᠬᠠᠮᠠᠳᠳᠤ ᠬᠤᠯᠪᠤᠭᠠᠳᠤ ᠤᠯᠤᠰ | ᠂ ᠺᠠᠲ᠋ᠠᠷ᠂ ᠮᠤᠨᠠᠺᠦ᠂ ᠪᠧᠯᠤᠷᠦ᠋ᠰ ᠵᠡᠷᠬᠡ ᠪᠤᠢ᠃ | ᠪᠡᠯᠡᠳᠭᠡᠭᠰᠡᠨ ᠨᠢ᠄ ᠢᠷᠭᠤᠢ | |