ᠤᠢᠢᠷ᠎ᠠ ᠳᠤ᠂ ᠮᠠᠨ ᠤ ᠬᠤᠳᠠ ᠶᠢᠨ ︽ᠴᠠᠬᠠᠷ ᠪᠠᠷᠠᠭᠤᠨ ᠭᠠᠷᠤᠨ ᠡᠮᠤᠨᠡᠳᠦ ᠬᠤᠰᠢᠭᠤᠨ ᠤ ᠬᠢᠬᠢᠷᠢ ᠶᠢᠨ | ᠨᠠᠭᠤᠷ ᠤᠨ ᠨᠤᠭᠤ ᠭᠠᠵᠠᠷ ᠤᠨ ᠬᠠᠮᠠᠭᠠᠯᠠᠯᠳᠠ ᠪᠤᠯᠤᠨ ᠠᠮᠢ ᠠᠬᠤᠢ ᠶᠢᠨ ᠪᠦᠳᠦᠭᠡᠨ ᠪᠠᠶᠢᠭᠤᠯᠤᠯᠳᠠ ᠶᠢᠨ ᠲᠦᠷᠦᠯ | ᠵᠦᠢᠯ︾ ᠢ ︽ᠲᠡᠯᠡᠬᠡᠢ ᠶᠢᠨ ᠪᠠᠩᠬᠢ ᠶᠢᠨ ᠵᠢᠭᠡᠯᠡᠯᠭᠡ ᠶᠢᠨ ᠰᠢᠨ᠎ᠠ ᠲᠤᠬᠢᠷᠠᠭᠤᠯᠬᠤ ᠰᠤᠩᠭᠤᠯᠳᠠ ᠶᠢᠨ ᠲᠦᠷᠦᠯ | ᠵᠦᠢᠯ ᠤᠨ ᠲᠦᠯᠦᠪᠵᠢᠭᠦᠯᠭᠡ︾ ᠳᠤ ᠵᠢᠩᠬᠢᠨᠢ ᠪᠠᠷ ᠤᠷᠤᠭᠤᠯᠤᠨᠨᠰᠡᠨ ᠪᠠᠶᠢᠨ᠎ᠠ᠃ | ᠪᠦᠬᠦ ᠤᠯᠤᠰ ᠠᠴᠠ 7 ᠲᠦᠷᠦᠯ ᠵᠦᠢᠯ ᠰᠤᠩᠭᠤᠨᠨᠳᠠᠵᠤ᠂ 12.3 ᠳ᠋ᠦᠡᠭᠰᠢᠭᠤᠷ ᠳ᠋ᠤᠯᠯᠠᠷ ᠲᠤᠬᠢᠷᠠᠭᠤᠯᠵᠤ᠂ | ᠤᠯᠠᠭᠠᠨᠴᠠᠪ ᠤᠨ ᠲᠦᠷᠦᠯ ᠵᠦᠢᠯ ᠤᠨ ᠵᠢᠭᠡᠯᠡᠯᠭᠡ 1.8 ᠳ᠋ᠦᠡᠭᠰᠢᠭᠤᠷ ᠳ᠋ᠤᠯᠯᠠᠷ᠂ ᠠᠷᠠᠳ ᠤᠨ ᠵᠤᠭᠤᠰ ᠢᠶᠠᠷ 12 | ᠳ᠋ᠦᠡᠭᠰᠢᠭᠤᠷ ᠲᠦᠭᠦᠷᠢᠭ ᠪᠠᠶᠢᠵᠤ᠂ ᠶᠡᠷᠤᠩᠭᠡᠢ ᠲᠤᠭᠠᠨ ᠤ 14.6% ᠶᠢ ᠡᠵᠡᠯᠡᠵᠠᠢ︔ ᠡᠭᠦᠨ ᠳᠤ᠂ ᠠᠮᠢ | ᠠᠬᠤᠢ ᠶᠢᠨ ᠪᠦᠳᠦᠭᠡᠨ ᠪᠠᠶᠢᠭᠤᠯᠤᠯᠳᠠ ᠶᠢᠨ ᠭᠡᠪᠴᠢᠶᠠᠨ ᠳᠤ ᠲᠦᠷᠦ ᠶᠢᠨ ᠶᠠᠪᠤᠳᠠᠯ ᠤᠨ ᠬᠤᠷᠢᠶ᠎ᠠ ᠠᠴᠠ 4 | ᠲᠦᠷᠦᠯ ᠵᠦᠢᠯ ᠲᠤᠬᠢᠷᠠᠭᠤᠯᠵᠤ᠂ ᠨᠠᠶᠢᠳᠠ 6.8 ᠳ᠋ᠦᠡᠭᠰᠢᠭᠤᠷ ᠳ᠋ᠤᠯᠯᠠᠷ᠂ ᠤᠯᠠᠭᠠᠨᠴᠠᠪ ᠤᠨ ᠲᠦᠷᠦᠯ ᠵᠦᠢᠯ ᠤᠨ | ᠵᠢᠭᠡᠯᠡᠯᠭᠡ ᠶᠢᠨ ᠭᠡᠮᠵᠢᠶ᠎ᠠ 26. 5% ᠶᠢ ᠡᠵᠡᠯᠡᠪᠡ᠃ | ᠪᠡᠭᠡᠵᠢᠩ ᠠᠴᠠ 240 ᠺᠢᠯᠦᠮᠧᠲᠷ ᠵᠠᠢ ᠲᠠᠢ᠂ ᠪᠡᠭᠡᠵᠢᠩ ᠤᠨ ᠤᠰᠤᠨ ᠤ ᠡᠬᠢ ᠰᠤᠷᠪᠤᠯᠵᠢ ᠶᠢᠨ ᠪᠦᠰᠡ ᠳᠤ | ᠪᠠᠶᠢᠭ᠎ᠠ ᠤᠯᠠᠭᠠᠨᠴᠠᠪ ᠬᠤᠳᠠ ᠤᠢᠢᠷ᠎ᠠ ᠶᠢᠨ ᠵᠢᠯ ᠠᠴᠠ ᠨᠠᠰᠢ᠂ ᠨᠤᠭᠤ ᠭᠠᠵᠠᠷ ᠤᠨ ᠬᠠᠮᠠᠭᠠᠯᠠᠯᠳᠠ ᠪᠤᠯᠤᠨ ᠠᠮᠢ | ᠠᠬᠤᠢ ᠶᠢᠨ ᠪᠦᠳᠦᠭᠡᠨ ᠪᠠᠶᠢᠭᠤᠯᠤᠯᠳᠠ ᠶᠢ ᠢᠳᠡᠪᠬᠢᠳᠠᠢ ᠠᠳᠬᠤᠵᠤ᠂ ᠪᠡᠭᠡᠵᠢᠩ ᠤᠨ ︽ᠠᠷᠤ ᠴᠡᠴᠡᠷᠯᠢᠭ︾ ᠢ | ᠪᠠᠶᠢᠭᠤᠯᠵᠤ᠂ ᠨᠡᠶᠢᠰᠯᠠᠯ ᠪᠡᠭᠡᠵᠢᠩ ᠳᠤ ᠴᠡᠪᠡᠷ ᠠᠭᠠᠷ ᠴᠡᠭᠭᠡᠭ ᠤᠰᠤ ᠶᠢ ᠬᠠᠨᠭ᠍ᠭᠠᠵᠤ᠂ ᠨᠡᠶᠢᠰᠯᠠᠯ ᠤᠨ ᠤᠮᠠᠷᠠᠳᠦ ᠶᠢᠨ | ᠨᠤᠭᠤᠭᠠᠨ ᠬᠠᠯᠬᠠᠪᠴᠢ ᠶᠢ ᠴᠤᠨᠨᠴᠯᠠᠠᠨ ᠪᠠᠶᠢᠭᠤᠯᠬᠤ ᠪᠠᠷ ᠲᠤᠷᠠᠳᠴᠤ᠂ ᠨᠤᠭᠤ ᠭᠠᠵᠠᠷ ᠤᠨ ᠬᠠᠮᠠᠭᠠᠯᠠᠯᠳᠠ ᠪᠤᠯᠤᠨ | ᠠᠮᠢ ᠠᠬᠤᠢ ᠶᠢᠨ ᠪᠦᠳᠦᠭᠡᠨ ᠪᠠᠶᠢᠭᠤᠯᠤᠯᠳᠠ ᠶᠢᠨ ᠲᠠᠯ᠎ᠠ ᠳᠤ ᠲᠠᠰᠤᠷᠠᠯᠳᠠ ᠦᠭᠡᠢ ᠰᠢᠨ᠎ᠠ ᠶᠢ ᠡᠭᠦᠳᠴᠦ ᠪᠤᠢ᠃ | ᠲᠠᠨᠢᠯᠴᠠᠭᠤᠯᠭ᠎ᠠ ᠶᠢ ᠦᠨᠳᠦᠰᠤᠯᠠᠪᠠᠯ᠂ ᠬᠢᠬᠢᠷᠢ ᠶᠢᠨ ᠨᠠᠭᠤᠷ ᠵᠠᠭᠦᠨᠰᠢ ᠪᠠᠷᠠᠭᠤᠨᠰᠢ ᠪᠠᠨ 20 ᠺᠢᠯᠦᠮᠧᠲᠷ | ᠦᠷᠭᠡᠨ᠂ ᠡᠮᠤᠨ᠎ᠠ ᠤᠮᠠᠷ᠎ᠠ 69 ᠺᠢᠯᠦᠮᠧᠲᠷ᠂ ᠨᠠᠭᠤᠷ ᠤᠨ ᠤᠰᠤᠨ ᠤ ᠲᠠᠯᠠᠪᠠᠢ ᠨᠢ 110 ᠲᠡᠭᠰᠢ ᠲᠦᠷᠪᠡᠯᠵᠢᠨ | ᠺᠢᠯᠦᠮᠧᠲᠷ ᠪᠤᠢ᠂ ᠲᠡᠭᠰᠢᠳᠭᠡᠭᠰᠡᠨ ᠤᠰᠤᠨ ᠲᠦᠪᠰᠢᠨ 10 ᠮᠧᠲᠷ ᠬᠦᠨ᠂ ᠬᠠᠮᠤᠬ ᠭᠦᠨ ᠭᠡᠰᠡᠭ ᠨᠢ 35 ᠮᠧᠲᠷ | ᠂ ᠤᠰᠤᠨ ᠤ ᠭᠡᠮᠵᠢᠶ᠎ᠠ 5 ᠳ᠋ᠦᠡᠭᠰᠢᠭᠤᠷ ᠪᠤᠰᠤᠭ᠎ᠠ ᠲᠦᠷᠪᠡᠯᠵᠢᠨ ᠮᠧᠲᠷ ᠪᠤᠢ᠃ ᠨᠠᠭᠤᠷ ᠤᠨ ᠤᠰᠤ ᠶᠢ | ᠭᠤᠤᠯᠳᠠᠭᠤ ᠤᠯᠠᠭᠠᠨᠴᠠᠪ ᠤᠨ ᠤᠷᠴᠢᠨ ᠳᠠᠬᠢ ᠨᠠᠷᠠᠰᠤᠨ ᠭᠤᠤᠯ᠂ ᠴᠢᠤᠸᠠᠨ ᠢᠤᠢ ᠯᠢᠨ ᠭᠤᠤᠯ᠂ ᠮᠦᠸᠧ ᠽᠢ | ᠱᠠᠨ ᠵᠡᠷᠭᠡ ᠭᠤᠤᠯ ᠠᠴᠠ ᠨᠦᠬᠦᠪᠦᠷᠢᠯᠡᠵᠤ ᠪᠠᠶᠢᠨ᠎ᠠ᠃ | ᠲᠤᠰᠬᠠᠢ ᠮᠡᠷᠭᠡᠵᠢᠯᠳᠠᠨ ᠤ ᠲᠠᠨᠢᠯᠴᠠᠭᠤᠯᠬᠤ ᠪᠠᠷ᠂ ᠬᠢᠬᠢᠷᠢ ᠶᠢᠨ ᠨᠠᠭᠤᠷ ᠤᠨ ᠬᠤᠳᠤᠭᠤᠷ ᠪᠦᠳᠡᠭᠦᠮᠵᠢᠯᠢᠭ᠂ | ᠤᠷᠤᠰᠬᠤ ᠵᠠᠮ ᠦᠭᠡᠢ᠂ ᠨᠠᠭᠤᠷ ᠤᠨ ᠤᠰᠤ ᠨᠢ ᠭᠤᠤᠯᠳᠠᠭᠤ ᠬᠠᠳᠠᠵᠤ ᠰᠢᠷᠬᠢᠭᠰᠡᠨ ᠠᠴᠠ ᠪᠤᠯᠵᠠᠢ᠃ ᠤᠢᠢᠷ᠎ᠠ ᠶᠢᠨ | ᠭᠤᠴᠢᠨ ᠵᠢᠯ ᠳᠤ᠂ ᠴᠦᠭᠦᠷᠤᠮ ᠪᠠᠶᠢᠭᠤᠯᠵᠤ ᠤᠰᠤ ᠬᠠᠳᠠᠭᠠᠯᠠᠬᠤ ᠰᠢᠯᠳᠠᠭᠠᠨ ᠠᠴᠠ ᠪᠤᠯᠵᠤ᠂ ᠨᠠᠭᠤᠷ ᠲᠤ | ᠤᠷᠤᠰᠤᠨ ᠤᠷᠤᠬᠤ ᠤᠰᠤᠨ ᠤ ᠭᠡᠮᠵᠢᠶ᠎ᠠ ᠪᠠᠭᠠᠰᠴᠦ᠂ ᠵᠢᠭᠠᠰᠤᠨ ᠤ ᠲᠦᠷᠦᠯ ᠴᠦ ᠲᠤᠩ ᠴᠦᠭᠡᠷᠡᠭᠰᠡᠨ ᠠᠴᠠ | ᠲᠦᠷᠭᠡᠨ ᠬᠠᠮᠠᠭᠠᠯᠠᠵᠤ ᠠᠰᠢᠨᠨᠯᠠᠬᠤ ᠴᠢᠬᠤᠯᠠᠳᠠᠢ ᠪᠤᠯᠵᠠᠢ᠃ ᠬᠢᠬᠢᠷᠢ ᠶᠢᠨ ᠨᠠᠭᠤᠷ ᠤᠨ ᠤᠰᠤᠨ ᠭᠠᠳᠠᠷᠭᠤ ᠦᠷᠭᠡᠨ | ᠠᠭᠤᠳᠠᠮ᠂ ᠨᠠᠭᠤᠷ ᠤᠨ ᠬᠦᠪᠡᠭᠡᠨ ᠤ ᠡᠯᠡᠰᠦ ᠨᠢ ᠨᠠᠷᠢᠯᠢᠬ ᠵᠦᠭᠡᠯᠡᠨ᠂ ᠨᠠᠷᠠᠨ ᠤᠬᠢᠶᠠᠯᠭ᠎ᠠ᠂ ᠡᠯᠡᠰᠤᠨ ᠤᠬᠢᠶᠠᠯᠭ᠎ᠠ | ᠪᠤᠯᠤᠨ ᠤᠮᠪᠠᠯᠳᠠ ᠳᠤ ᠵᠤᠬᠢᠴᠠᠨ᠎ᠠ᠃ | | | ᠵᠣᠬᠢᠶᠠᠭᠴᠢ᠄ ᠸᠠᠩ ᠴᠢᠤᠸᠠᠨ | ᠨᠠᠶᠢᠷᠠᠭᠤᠯᠤᠭᠴᠢ᠄ ᠢᠷᠭᠤᠢ |