ᠤᠳᠠᠭᠠᠨ ᠰᠠᠭᠤᠬᠤ ᠨᠢ ᠬᠢᠷᠢ ᠵᠡᠷᠭᠡ ᠲᠦᠭᠰᠢᠬᠦᠷᠢ ᠲᠠᠢ ᠪᠤᠢ︖ ᠲᠡᠷᠡ ᠨᠢ ᠦᠬᠦᠬᠦᠯᠬᠦ ᠲᠦᠭᠰᠢᠬᠦᠷᠢ  ᠲᠠᠢ ᠰᠢᠭᠤᠳ  ᠬᠤᠯᠪᠤᠭ᠎ᠠ ᠲᠠᠢ ᠪᠠᠶᠢᠵᠤ ᠮᠠᠲᠠᠨ᠎ᠠ︕
ᠨᠡᠶᠢᠲᠡᠯᠡᠭᠰᠡᠨ ᠴᠠᠭ᠄
2017/9/21
 《ᠬᠥᠳᠡᠯᠬᠦ  ᠦᠭᠡᠢ  ᠤᠳᠠᠭᠠᠨ  ᠰᠠᠭᠤᠬᠤ》 ᠨᠢ ᠡᠷᠡᠬᠦᠯ ᠴᠢᠬᠢᠷᠠᠭ ᠲᠤ ᠠᠮᠠᠷᠬᠠᠨ ᠬᠤᠤᠷ ᠬᠥᠨᠤᠭᠡᠯ ᠤᠴᠠᠷᠠᠭᠤᠯᠤᠨ᠎ᠠ᠃ ᠵᠠᠷᠢᠮ ᠰᠤᠳᠤᠯᠤᠯᠳᠡ ᠶᠢᠨ ᠦᠵᠡᠬᠦ ᠪᠠᠷ᠂ ᠤᠳᠠᠭᠠᠨ ᠰᠠᠭᠤᠪᠠᠯ  ᠬᠥᠯ  ᠨᠢᠷᠤᠭᠤᠨ ᠤ ᠡᠪᠡᠳᠴᠢᠨ ᠢ ᠡᠬᠦᠰᠭᠡᠵᠤ᠂ ᠵᠢᠷᠤᠭᠡᠨ ᠡᠪᠡᠳᠴᠢᠨ  ᠵᠡᠷᠭᠡ ᠵᠢᠷᠤᠭᠡ ᠴᠢᠰᠤᠨ ᠰᠤᠳᠠᠯ ᠤᠨ ᠡᠪᠡᠳᠴᠢᠨ ᠤᠯᠬᠤ ᠲᠦᠭᠰᠢᠬᠦᠷᠢ ᠶᠢ ᠨᠡᠮᠡᠭᠳᠡᠬᠦᠯᠤᠨ᠎ᠠ᠃ ᠬᠥᠳᠡᠯᠬᠦ ᠦᠭᠡᠢ ᠪᠠᠷ 60 ᠮᠢᠨᠦ᠋ᠲ ᠰᠠᠭᠤᠪᠠᠯ ᠦᠬᠦᠬᠦᠯᠬᠦ ᠲᠦᠭᠰᠢᠬᠦᠷᠢ ᠶᠢ ᠲᠠᠬᠢᠨ ᠢᠶᠠᠷ ᠨᠡᠮᠡᠭᠳᠡᠬᠦᠯᠬᠦ‌‍ᠪᠡᠷ ᠪᠠᠷᠠᠬᠤ ᠦᠭᠡᠢ ᠲᠠᠷᠠᠭᠠᠴᠢ ᠪᠠᠷ ᠬᠥᠳᠡᠯᠭᠡᠭᠡᠨ ᠬᠢᠭᠰᠡᠨ ᠴᠤ ᠡᠨᠡ ᠬᠦ ᠦᠷ᠎ᠠ ᠳ᠋ᠦᠩ ᠢ ᠬᠤᠪᠢᠷᠠᠭᠤᠯᠵᠤ ᠴᠢᠳᠠᠬᠤ ᠦᠭᠡᠢ ᠭᠡᠵᠠᠢ᠃            ᠺᠤᠯᠦ᠋ᠮᠪᠢᠶ᠎ᠠ ᠶᠡᠭᠡ ᠰᠤᠷᠭᠠᠭᠤᠯᠢ ᠶᠢᠨ ᠡᠮᠨᠡᠯᠭᠡ ᠶᠢᠨ ᠲᠡᠭᠡᠳᠤ ᠰᠤᠷᠭᠠᠭᠤᠯᠢ ᠶᠢᠨ ᠰᠤᠳᠤᠯᠭᠠᠨ ᠤ ᠳ᠋ᠦᠩ ᠳᠤ ᠢᠯᠡᠷᠡᠬᠦᠯᠦᠭᠰᠡᠨ ᠢᠶᠠᠷ᠂ ᠰᠤᠳᠤᠯᠤᠭᠳᠠᠬᠤ ᠡᠳᠡᠭᠡᠳ ᠤᠨ ᠲᠠᠶᠢᠪᠤᠩ ᠰᠠᠭᠤᠬᠤ ᠲᠤᠮᠳᠠᠴᠢ ᠴᠠᠭ ᠨᠢ ᠰᠡᠷᠡᠬᠦᠨ ᠪᠠᠶᠢᠬᠤ ᠴᠠᠭ ᠤᠨ 77% ᠶᠢ ᠡᠵᠡᠯᠡᠵᠤ ᠪᠠᠶᠢᠨ᠎ᠠ᠂ ᠡᠨᠡ ᠨᠢ ᠡᠳᠤᠷ ᠪᠦᠷᠢ 12 ᠴᠠᠭ ᠢᠯᠡᠬᠦᠤ ᠲᠠᠶᠢᠪᠤᠩ ᠰᠠᠭᠤᠵᠤ  ᠪᠠᠶᠢᠨ᠎ᠠ ᠭᠡᠰᠡᠨ ᠦᠭᠡ ᠪᠤᠯᠤᠨ᠎ᠠ᠃ ᠰᠤᠳᠤᠯᠭᠠᠨ ᠤ ᠲᠤᠭ᠎ᠠ ᠪᠠᠷᠢᠮᠳᠠ ᠳᠤ ᠡᠴᠤᠰ ᠲᠡᠭᠡᠨ ᠬᠠᠷᠠᠭᠤᠯᠤᠭᠰᠠᠨ ᠨᠢ᠄ ᠡᠳᠤᠷ ᠪᠦᠷᠢ ᠬᠥᠳᠡᠯᠬᠦ ᠦᠭᠡᠢ ᠤᠳᠠᠭᠠᠨ ᠰᠠᠭᠤᠬᠤ ᠴᠠᠭ ᠨᠢ ᠦᠬᠦᠬᠦᠯᠬᠦ ᠲᠤᠬᠢᠶᠠᠯᠳᠤᠮᠵᠢ  ᠲᠠᠢ ᠰᠢᠭᠤᠳ ᠬᠤᠯᠪᠤᠬᠳᠠᠨ᠎ᠠ᠃            ᠰᠤᠳᠤᠯᠭᠠᠨ ᠤ ᠬᠥᠮᠤᠰ ᠰᠤᠳᠤᠯᠤᠭᠳᠠᠬᠤ ᠡᠳᠡᠭᠡᠳ ᠤᠨ ᠲᠠᠶᠢᠪᠤᠩ ᠰᠠᠭᠤᠬᠤ ᠴᠠᠭ   ᠤᠨ ᠤᠷᠳᠤ  ᠪᠠ ᠲᠠᠶᠢᠪᠤᠩ ᠰᠠᠭᠤᠬᠤ ᠮᠠᠶ᠋ᠢᠭ ᠢ ᠶᠡᠷᠤᠩᠭᠡᠶᠢᠯᠡᠨ ᠬᠠᠷᠢᠴᠠᠭᠤᠯᠤᠭᠰᠠᠨ ᠤ ᠲᠠᠷᠠᠭ᠎ᠠ ᠤᠯᠵᠤ ᠮᠡᠲᠡᠭᠰᠡᠨ ᠨᠢ᠂ ᠡᠳᠤᠷ ᠪᠦᠷᠢ ᠲᠠᠶᠢᠪᠤᠩ ᠰᠠᠭᠤᠬᠤ ᠴᠠᠭ ᠨᠢ 13 ᠴᠠᠭ ᠢ ᠬᠡᠳᠤᠷᠡᠬᠦ ᠰᠤᠳᠤᠯᠤᠭᠳᠠᠬᠤ ᠡᠳᠡᠭᠡᠳ ᠪᠤᠯᠤᠨ ᠨᠢᠭᠡ ᠤᠳᠠᠭ᠎ᠠ ᠳᠤ ᠲᠠᠶᠢᠪᠤᠩ ᠰᠠᠭᠤᠬᠤ ᠴᠠᠭ ᠨᠢ 60 ᠮᠢᠨᠦ᠋ᠲ ᠠᠴᠠ ᠲᠡᠭᠡᠭᠰᠢᠬᠢ ᠰᠤᠳᠤᠯᠤᠭᠳᠠᠬᠤ ᠡᠳᠡᠭᠡᠳ ᠤᠨ ᠦᠬᠦᠬᠦᠯᠬᠦ ᠲᠦᠭᠰᠢᠬᠦᠷᠢ ᠨᠢ ᠡᠳᠤᠷ ᠪᠦᠷᠢ ᠲᠠᠶᠢᠪᠤᠩ ᠰᠠᠭᠤᠬᠤ ᠶᠡᠷᠤᠩᠭᠡᠢ ᠴᠠᠭ ᠤᠨ ᠤᠷᠳᠤ ᠨᠢ ᠬᠠᠮᠤᠭ ᠤᠨ ᠤᠬᠤᠷ ᠵᠢᠴᠢ ᠨᠢᠭᠡ ᠤᠳᠠᠭ᠎ᠠ ᠳᠤ ᠲᠠᠶᠢᠪᠤᠩ ᠰᠠᠭᠤᠬᠤ ᠴᠠᠭ ᠨᠢ  ᠬᠠᠮᠤᠭ  ‍ᠤᠨ‌ᠤᠬᠤᠷ ᠰᠤᠳᠤᠯᠤᠬᠳᠠᠬᠤ ᠡᠳᠡᠭᠡᠳ ᠤᠨ ᠦᠬᠦᠬᠦᠯᠬᠦ ᠨᠤᠷᠮ᠎ᠠ ᠠᠴᠠ ᠬᠤᠶᠠᠷ ᠲᠠᠬᠢᠨ ᠦᠨᠳᠤᠷ ᠪᠠᠶᠢᠳᠠᠭ᠃ ᠡᠬᠦᠨ ᠳᠤ ᠨᠢᠭᠡ ᠤᠳᠠᠭ᠎ᠠ ᠳᠤ ᠲᠠᠶᠢᠪᠤᠩ ᠰᠠᠭᠤᠬᠤ ᠴᠠᠭ ᠨᠢ 30 ᠮᠢᠨᠦ᠋ᠲ ᠠᠴᠠ ᠴᠦᠭᠡᠨ ᠰᠤᠳᠤᠯᠤᠭᠳᠠᠬᠤ ᠡᠳᠡᠭᠡᠳ ᠤᠨ ᠦᠬᠦᠬᠦᠯᠬᠦ ᠨᠤᠷᠮ᠎ᠠ ᠨᠢ ᠬᠠᠮᠤᠭ  ᠤᠨ ᠲᠤᠤᠷ᠎ᠠ ᠪᠠᠶᠢᠳᠠᠭ᠃            ᠡᠬᠦᠨ ᠠᠴᠠ ᠭᠠᠳᠠᠨ᠎ᠠ᠂ ᠰᠤᠳᠤᠯᠬᠤ ᠬᠥᠮᠤᠰ ᠪᠠᠰᠠ ᠤᠯᠵᠤ ᠮᠡᠳᠡᠭᠰᠡᠨ ᠨᠢ᠂ ᠢᠯᠡᠬᠦᠴᠡ ᠬᠥᠳᠡᠯᠭᠡᠭᠡᠨ ᠬᠢᠬᠦ  ᠨᠢ ᠶᠡᠷᠤᠩᠭᠡᠢ ᠲᠠᠶᠢᠪᠤᠩ ᠰᠠᠭᠤᠬᠤ ᠴᠠᠭ ᠨᠢ ᠬᠡᠳᠤ ᠤᠷᠳᠤ ᠪᠤᠶᠤ ᠨᠢᠭᠡ ᠤᠳᠠᠭ᠎ᠠ ᠳᠤ ᠲᠠᠶᠢᠪᠤᠩ ᠰᠠᠭᠤᠬᠤ ᠴᠠᠭ  ᠨᠢ ᠬᠡᠳᠤ ᠤᠷᠳᠤ ᠠᠴᠠ ᠪᠤᠯᠬᠤ ᠦᠬᠦᠬᠦᠯᠬᠦ ᠲᠦᠭᠰᠢᠬᠦᠷᠢ ᠶᠢ ᠪᠠᠭᠤᠷᠠᠭᠤᠯᠵᠤ ᠴᠢᠳᠠᠬᠤ ᠦᠭᠡᠢ ᠶᠤᠮ᠃            ᠡᠶᠢᠮᠤ ᠠᠴᠠ ᠰᠤᠳᠤᠯᠬᠤ ᠬᠥᠮᠤᠰ ᠰᠠᠨᠠᠭᠤᠯᠤᠭᠰᠠᠨ ᠨᠢ᠂ 30 ᠮᠢᠨᠦ᠋ᠲ ᠲᠠᠶᠢᠪᠤᠩ ᠰᠠᠭᠤᠬᠤ ᠪᠦᠷᠢ 5 ᠮᠢᠨᠦ᠋ᠲ ᠬᠥᠳᠡᠯᠭᠡᠭᠡᠨ ᠬᠢᠪᠡᠯ ᠬᠠᠮᠤᠭ ᠤᠨ ᠰᠠᠶᠢᠨ᠃ ᠡᠬᠦᠨ ᠠᠴᠠ  ᠭᠠᠳᠠᠨ᠎ᠠ᠂ ᠦᠷᠬᠦᠯᠵᠢ ᠰᠢᠯᠪᠢ ᠪᠠ ᠬᠥᠯ   ᠤᠨ ᠭᠡᠰᠡᠭ ᠤᠨ ᠬᠥᠳᠡᠯᠭᠡᠭᠡᠨ ᠬᠢᠵᠤ᠂ ᠲᠤᠤᠷ᠎ᠠ ᠮᠦᠴᠢ   ᠪᠠᠨ ᠰᠠᠨᠠᠭᠠᠴᠢᠯᠠᠭ᠎ᠠ ᠲᠠᠢ   ᠪᠠᠷ ᠰᠤᠩᠭᠠᠵᠤ ᠵᠢᠬᠢᠯᠭᠡᠬᠦ  ᠪᠠ ᠤᠴᠤᠶᠢᠬᠤ ᠵᠡᠷᠭᠡ ᠬᠥᠳᠡᠯᠭᠡᠭᠡᠨ ᠬᠢᠪᠠᠯ ᠲᠤᠤᠷᠠᠳᠤ ᠮᠦᠴᠢ ᠶᠢᠨ ᠴᠢᠰᠤᠨ ᠤ ᠡᠷᠬᠢᠯᠳᠡ ᠶᠢ ᠬᠤᠷᠳᠤᠳᠬᠠᠵᠤ᠂ ᠵᠢᠷᠤᠭᠡ ᠴᠢᠰᠤᠨ ᠰᠤᠳᠡᠯ ᠵᠡᠷᠭᠡ ᠤᠯᠠᠨ ᠵᠦᠢᠯ ᠤᠨ ᠡᠪᠡᠳᠴᠢᠨ ᠢ ᠪᠠᠭᠠᠰᠬᠠᠬᠤ ᠶᠢᠨ ᠤᠯᠠᠮ ᠠᠴᠠ ᠦᠬᠦᠬᠦᠯᠬᠦ ᠲᠦᠭᠰᠢᠬᠦᠷᠢ ᠶᠢ ᠪᠠᠭᠤᠷᠠᠭᠤᠯᠵᠤ ᠪᠤᠯᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2