ᠬᠤᠪᠢᠯᠭᠠᠨ ᠵᠠᠪᠢ ᠶᠢᠨ ᠨᠤᠲᠤᠭ
ᠨᠡᠶᠢᠲᠡᠯᠡᠭᠰᠡᠨ ᠴᠠᠭ᠄
2017/8/4
           ᠲᠦᠷᠪᠡᠳ ᠬᠤᠰᠢᠭᠤᠨ ᠤ ᠰᠠᠨᠰᠠᠷ ᠠᠶᠠᠯᠠᠯ ᠤᠨ ᠪᠠᠭᠤᠬᠤ ᠳᠠᠯᠠᠪᠠᠢ ᠨᠢ ᠠᠮᠤᠭᠤᠯᠠᠩ ᠤᠨ ᠠᠭᠤᠳᠠᠮ ᠰᠠᠷᠠᠭᠤᠯ ᠲᠠᠯ᠎ᠠ ᠨᠤᠲᠤᠭ ᠲᠤ ᠤᠷᠤᠰᠢᠵᠤ᠂ ᠳᠤᠮᠳᠠᠴᠢ ᠳᠠᠯᠠᠢ ᠶᠢᠨ ᠲᠦᠪᠰᠢᠨ ᠨᠢ 1400 ᠮᠧᠲᠷ᠂ ᠭᠤᠤᠯ ᠪᠠᠭᠤᠬᠤ ᠳᠠᠯᠠᠪᠠᠢ ᠶᠢᠨ ᠭᠠᠵᠠᠷ ᠤᠨ ᠭᠠᠳᠠᠷᠭᠤ ᠳᠡᠷᠢ ᠳᠡᠭᠰᠢ᠂ ᠬᠦᠮᠦᠨ ᠬᠠᠷ᠎ᠠ ᠲᠦᠢᠯ ᠤᠨ ᠴᠦᠭᠡᠨ᠂ ᠲᠡᠭᠰᠢ ᠲᠦᠷᠪᠡᠯᠵᠢᠨ ᠺᠢᠯᠤᠮᠧᠲᠷ ᠪᠦᠷᠢ ᠳᠤ 10 ᠬᠦᠮᠦᠨ ᠠᠴᠠ ᠬᠡᠲᠦᠷᠡᠬᠦ ᠦᠭᠡᠢ᠂ ᠭᠡᠷ ᠪᠠᠶᠢᠰᠢᠩ ᠪᠠ ᠦᠨᠳᠦᠷ ᠮᠤᠳᠤᠨ  ᠤ ᠡᠵᠡᠯᠡᠬᠦ ᠲᠠᠯᠠᠪᠠᠢ ᠨᠢ ᠨᠤᠲᠤᠭ ᠪᠡᠯᠴᠢᠭᠡᠷ ᠤᠨ ᠶᠡᠷᠦᠩᠭᠡᠢ ᠳᠠᠯᠠᠪᠠᠢ ᠶᠢᠨ ᠮᠢᠩᠭᠠᠨ ᠤ ᠨᠢᠭᠡ ᠬᠤᠪᠢ ᠠᠴᠠ ᠬᠤᠯᠠ ᠪᠠᠭ᠎ᠠ ᠪᠠᠶᠢᠵᠤ᠂ ᠨᠢᠰᠬᠦ ᠤᠩᠭᠤᠴᠠ ᠶᠢᠨ ᠪᠤᠴᠠᠯᠳᠠ ᠶᠢᠨ ᠦᠷᠦᠭᠡ ᠶᠢᠨ ᠬᠡᠪ ᠢᠶᠠᠷ ᠡᠬᠡ ᠭᠠᠵᠠᠷ ᠲᠤ ᠪᠠᠭᠤᠬᠤ ᠶᠢ ᠬᠠᠩᠭᠠᠵᠤ ᠪᠤᠯᠤᠨ᠎ᠠ᠂ ᠳᠤᠮᠳᠠ ᠬᠠᠯᠠᠭᠤᠨ ᠪᠦᠰᠡᠨ ᠤ ᠡᠬᠡ ᠭᠠᠵᠠᠷ ᠤᠨ ᠴᠢᠨᠠᠷ ᠪᠦᠬᠦᠢ ᠠᠭᠤᠷ ᠠᠮᠢᠰᠬᠤᠯ ᠳᠤ ᠪᠠᠭᠳᠠᠵᠤ᠂ ᠪᠦᠬᠦ ᠵᠢᠯ ᠢᠶᠠᠷ ᠢᠶᠠᠨ ᠭᠠᠩ ᠬᠠᠭᠤᠷᠠᠢ ᠪᠤᠷᠤᠭᠠᠨ ᠴᠦᠭᠡᠨ᠂ ᠠᠭᠠᠷ ᠤᠨ ᠦᠵᠡᠭᠳᠡᠴᠡ ᠦᠨᠳᠦᠷ᠂ ᠨᠢᠰᠬᠦ ᠤᠩᠭᠤᠴᠠᠨ ᠤ ᠭᠠᠵᠠᠷ ᠪᠠᠭᠤᠬᠤ ᠲᠤᠬᠢᠶᠠᠯ ᠤᠯᠠᠨ ᠪᠠᠶᠢᠵᠤ᠂ ᠬᠡᠮᠵᠢᠨ ᠡᠵᠡᠮᠰᠢᠬᠦ ᠴᠢᠮᠡᠭᠡ ᠬᠤᠯᠪᠤᠭ᠎ᠠ ᠪᠠ ᠡᠷᠢᠵᠦ ᠲᠤᠰᠠᠯᠠᠬᠤ ᠳᠤ ᠲᠦᠬᠦᠮ ᠪᠠᠶᠢᠳᠠᠭ ᠢᠶᠠᠷ ᠢᠶᠠᠨ ᠮᠠᠨ ᠤ ᠤᠯᠤᠰ ᠤᠨ ᠰᠠᠨᠰᠠᠷ ᠤᠨ ᠠᠶᠠᠯᠠᠯ ᠤᠨ ᠬᠠᠮᠤᠭ ᠴᠢᠬᠤᠯᠠ ᠡᠬᠡ ᠭᠠᠵᠠᠷ ᠲᠤ ᠪᠠᠭᠤᠬᠤ ᠳᠠᠯᠠᠪᠠᠢ ᠪᠤᠯᠵᠤ᠂ ᠠᠮᠧᠷᠢᠺᠡ ᠶᠢᠨ ᠺᠧᠨᠨᠢᠳᠢ ᠰᠠᠨᠰᠠᠷ ᠠᠶᠠᠯᠠᠯ ᠤᠨ ᠲᠦᠪ ᠤᠨ ᠭᠤᠤᠯ ᠪᠠᠭᠤᠬᠤ ᠳᠠᠯᠠᠪᠠᠢ᠂ ᠠᠮᠧᠷᠢᠺᠠ ᠶᠢᠨ ᠡᠳ᠋ᠸᠣᠷᠼᠢ ᠠᠭᠠᠷ ᠤᠨ ᠴᠡᠷᠢᠭ ᠤᠨ ᠰᠠᠭᠤᠷᠢᠨ᠂ ᠤᠷᠤᠰ ᠤᠨ ᠬᠦᠮᠦᠨ ᠠᠴᠢᠭᠰᠠᠨ ᠰᠠᠨᠰᠠᠷ ᠤᠨ ᠠᠶᠠᠯᠠᠯ ᠤᠨ ᠭᠤᠤᠯ ᠪᠠᠭᠤᠬᠤ ᠳᠠᠯᠠᠪᠠᠢ ᠵᠡᠷᠭᠡ ᠲᠡᠯᠡᠭᠡᠢ ᠶᠢᠨ ᠠᠯᠳᠠᠷᠲᠤ ᠰᠠᠨᠰᠠᠷ ᠠᠶᠠᠯᠠᠯ  ᠤᠨ ᠪᠠᠭᠤᠬᠤ ᠳᠠᠯᠠᠪᠠᠢ ᠲᠠᠢ ᠮᠦᠷᠦ ᠵᠡᠷᠭᠡᠴᠡᠭᠰᠡᠨ ᠪᠠᠶᠢᠨ᠎ᠠ᠃ 1999 ᠤᠨ ᠠᠴᠠ ᠡᠬᠢᠯᠡᠨ᠂ ᠮᠠᠨ ᠤ ᠤᠯᠤᠰ ᠤᠨ ᠬᠤᠪᠢᠯᠭᠠᠨ ᠵᠠᠪᠢ ᠶᠢᠨ ᠰᠢᠷᠢᠰ ᠨᠢᠰᠬᠦ ᠤᠩᠭᠤᠴᠠ ᠴᠦᠮ ᠲᠦᠷᠪᠡᠳ ᠬᠤᠰᠢᠭᠤᠨ ᠤ ᠭᠤᠤᠯ ᠪᠠᠭᠤᠬᠤ ᠳᠠᠯᠠᠪᠠᠢ ᠳᠤ ᠠᠮᠵᠢᠯᠳᠠ ᠲᠠᠢ ᠪᠠᠷ ᠪᠠᠭᠤᠪᠠ᠃ 2016 ᠤᠨ ᠤ 10 ᠰᠠᠷ᠎ᠠ ᠶᠢᠨ 17 ᠤ ᠡᠳᠦᠷ᠂ ᠬᠤᠪᠢᠯᠭᠠᠨ ᠵᠠᠪᠢ ᠠᠷᠪᠠᠨ ᠨᠢᠭᠡᠳᠦᠭᠡᠷ ᠨᠤᠮᠧᠷᠲᠦ ᠬᠦᠮᠦᠨ ᠠᠴᠢᠭᠰᠠᠨ ᠨᠢᠰᠬᠦ ᠤᠩᠭᠤᠴᠠ ᠵᠢᠦ ᠴᠢᠤᠸᠠᠨ ᠤ ᠳᠠᠭᠠᠭᠤᠯᠢ ᠤᠳᠤ ᠬᠠᠷᠪᠤᠬᠤ ᠲᠦᠪ ᠢᠶᠠᠷ ᠬᠠᠷᠪᠤᠭᠳᠠᠨ ᠭᠠᠷᠴᠤ᠂ ᠲᠢᠶᠠᠨ ᠬᠦᠩ ᠬᠤᠶᠠᠳᠤᠭᠠᠷ ᠨᠤᠮᠧᠷᠲᠤ ᠲᠠᠢ ᠬᠠᠮ ᠪᠡᠶᠡᠲᠦ ᠪᠤᠯᠵᠤ᠂ ᠬᠠᠮ ᠪᠡᠶᠡᠲᠦ ᠨᠢ ᠭᠤᠴᠢᠨ ᠡᠳᠦᠷ ᠤᠷᠴᠢᠯᠳᠤᠭᠰᠠᠨ ᠤ ᠳᠠᠷᠠᠭ᠎ᠠ᠂ ᠰᠠᠨᠰᠠᠷ ᠠᠶᠠᠯᠠᠭᠴᠢ ᠪᠤᠴᠠᠭᠠᠯᠳᠠ ᠦᠷᠦᠭᠡ ᠳᠤ ᠰᠠᠭᠤᠵᠤ ᠳᠠᠬᠢᠨᠳᠠ ᠲᠦᠷᠪᠡᠳ ᠬᠤᠰᠢᠭᠤᠨ ᠤ ᠭᠤᠤᠯ ᠪᠠᠭᠤᠬᠤ ᠳᠠᠯᠠᠪᠠᠢ ᠳᠤ ᠪᠠᠭᠤᠵᠤ᠂ ᠤᠯᠠᠭᠠᠨᠴᠠᠪ ᠨᠢ 17 ᠵᠢᠯ ᠤᠨ ᠳᠤᠳᠤᠷ᠎ᠠ ᠠᠷᠪᠠᠨ ᠨᠢᠭᠡᠳᠦᠭᠡᠷ ᠤᠳᠠᠭ᠎ᠠ ᠬᠤᠪᠢᠯᠭᠠᠨ ᠵᠠᠪᠢ ᠨᠢᠰᠬᠦ ᠤᠩᠭᠤᠴᠠ ᠶᠢᠨ ᠰᠠᠨᠰᠠᠷ ᠠᠶᠠᠯᠠᠭᠴᠢ  ᠶᠢᠨ ᠭᠠᠵᠠᠷ ᠤᠨ ᠪᠦᠮᠪᠦᠷᠴᠡᠭ ᠲᠤ ᠪᠤᠴᠠᠭᠰᠠᠨ ᠤ ᠳᠠᠷᠠᠭ᠎ᠠ ᠬᠠᠮᠤᠭ ᠲᠡᠷᠢᠬᠦᠨ ᠳᠤ ᠤᠯᠵᠤ ᠦᠵᠡᠭᠳᠡᠭᠰᠡᠨ ᠨᠤᠲᠤᠭ ᠳᠡᠪᠢᠰᠭᠡᠷ ᠮᠦᠨ ᠪᠤᠯᠬᠤᠷ ︽ᠬᠤᠪᠢᠯᠭᠠᠨ ᠵᠠᠪᠢ ᠶᠢᠨ ᠨᠤᠲᠤᠭ︾ ᠭᠡᠰᠡᠨ ᠭᠤᠶᠤ ᠨᠡᠷᠡᠶᠢᠳᠦᠯ ᠨᠢ ᠤᠯᠤᠰ ᠤᠨ ᠳᠤᠳᠤᠭᠠᠳᠤ ᠭᠠᠳᠠᠭᠠᠳᠤ ᠳᠤ ᠴᠤᠤᠷᠢᠶᠠᠳᠤᠭᠰᠠᠨ ᠪᠠᠶᠢᠨ᠎ᠠ᠃                 ︽ᠬᠤᠪᠢᠯᠭᠠᠨ ᠵᠠᠪᠢ ᠶᠢᠨ ᠨᠤᠲᠤᠭ︾ ᠤᠨ ᠲᠤᠮᠤ ᠬᠡᠷᠡᠭ ᠶᠠᠪᠤᠳᠠᠯ ᠤᠨ ᠳᠡᠮᠳᠡᠭᠯᠡᠯ
1999 ᠤᠨ ᠤ 11 ᠰᠠᠷ᠎ᠠ ᠶᠢᠨ 21 ᠤ ᠡᠳᠦᠷ ᠤᠨ 03 ᠴᠠᠭ 41 ᠮᠢᠨᠦ᠋ᠲ ᠲᠤ᠂ ᠬᠤᠪᠢᠯᠭᠠᠨ ᠵᠠᠪᠢ ᠨᠢᠭᠡᠳᠦᠭᠡᠷ ᠨᠤᠮᠧᠷᠲᠦ ᠨᠢᠰᠬᠦ ᠤᠩᠭᠤᠴᠠ ᠲᠦᠷᠪᠡᠳ ᠲᠤ ᠠᠮᠵᠢᠯᠳᠠ ᠲᠠᠢ ᠪᠠᠷ ᠡᠭᠡ ᠭᠠᠵᠠᠷ ᠲᠤ ᠪᠠᠭᠤᠪᠠ᠃
2001 ᠤᠨ ᠤ 01 ᠰᠠᠷ᠎ᠠ ᠶᠢᠨ 16 ᠤ ᠡᠳᠦᠷ ᠤᠨ 19 ᠴᠠᠭ 22 ᠮᠢᠨᠦ᠋ᠲ ᠲᠤ᠂ ᠬᠤᠪᠢᠯᠭᠠᠨ ᠵᠠᠪᠢ ᠬᠤᠶᠠᠳᠤᠭᠠᠷ ᠨᠤᠮᠧᠷᠲᠦ ᠨᠢᠰᠬᠦ ᠤᠩᠭᠤᠴᠠ ᠠᠮᠵᠢᠯᠳᠠ ᠲᠠᠢ ᠪᠠᠷ ᠡᠭᠡ ᠭᠠᠵᠠᠷ ᠲᠤ ᠪᠠᠭᠤᠪᠠ᠃
2002 ᠤᠨ ᠤ 04 ᠰᠠᠷ᠎ᠠ ᠶᠢᠨ 01 ᠤ ᠡᠳᠦᠷ ᠤᠨ 16 ᠴᠠᠭ 54 ᠮᠢᠨᠦ᠋ᠲ ᠲᠤ᠂ ᠬᠤᠪᠢᠯᠭᠠᠨ ᠵᠠᠪᠢ ᠭᠤᠷᠪᠠᠳᠤᠭᠠᠷ ᠨᠤᠮᠧᠷᠲᠦ ᠨᠢᠰᠬᠦ ᠤᠩᠭᠤᠴᠠ ᠠᠮᠵᠢᠯᠳᠠ ᠲᠠᠢ ᠪᠠᠷ ᠡᠭᠡ ᠭᠠᠵᠠᠷ ᠲᠤ ᠪᠠᠭᠤᠪᠠ᠃
2003 ᠤᠨ ᠤ 01 ᠰᠠᠷ᠎ᠠ ᠶᠢᠨ 05 ᠤ ᠡᠳᠦᠷ ᠤᠨ 19 ᠴᠠᠭ 16 ᠮᠢᠨᠦ᠋ᠲ ᠲᠤ᠂ ᠬᠤᠪᠢᠯᠭᠠᠨ ᠵᠠᠪᠢ ᠲᠦᠷᠪᠡᠳᠦᠭᠡᠷ ᠨᠤᠮᠧᠷᠲᠦ ᠨᠢᠰᠬᠦ ᠤᠩᠭᠤᠴᠠ ᠠᠮᠵᠢᠯᠳᠠ ᠲᠠᠢ ᠪᠠᠷ ᠡᠭᠡ ᠭᠠᠵᠠᠷ ᠲᠤ ᠪᠠᠭᠤᠪᠠ᠃
2003 ᠤᠨ ᠤ 10 ᠰᠠᠷ᠎ᠠ ᠶᠢᠨ 16 ᠤ ᠡᠳᠦᠷ ᠤᠨ 06 ᠴᠠᠭ 28 ᠮᠢᠨᠦ᠋ᠲ ᠲᠤ᠂ ᠳᠤᠮᠳᠠᠳᠤ ᠤᠯᠤᠰ ᠤᠨ ᠰᠠᠨᠰᠠᠷᠴᠢ ᠶᠠᠩ ᠯᠢ ᠸᠧᠢ ᠬᠤᠪᠢᠯᠭᠠᠨ ᠵᠠᠪᠢ ᠲᠠᠪᠤᠳᠤᠭᠠᠷ ᠨᠢᠰᠬᠦ ᠤᠩᠭᠤᠴᠠ ᠪᠠᠷ ᠲᠦᠷᠪᠡᠳ ᠬᠤᠰᠢᠭᠤᠨ ᠳᠤ ᠠᠮᠵᠢᠯᠳᠠ ᠲᠠᠢ ᠡᠬᠡ ᠭᠠᠵᠠᠷ ᠲᠤ ᠪᠠᠭᠤᠵᠤ᠂ ᠮᠠᠨ ᠤ ᠤᠯᠤᠰ ᠤᠨ ᠰᠠᠨᠰᠠᠷ ᠠᠴᠠ ᠪᠤᠴᠠᠵᠤ ᠢᠷᠡᠭᠰᠡᠨ ᠠᠩᠬᠠᠳᠠᠭᠴᠢ ᠬᠦᠮᠦᠨ ᠪᠤᠯᠪᠠ᠃
2005 ᠤᠨ ᠤ 10 ᠰᠠᠷ᠎ᠠ ᠶᠢᠨ 17 ᠤ ᠡᠳᠦᠷ ᠤᠨ 04 ᠴᠠᠭ 32 ᠮᠢᠨᠦ᠋ᠲ ᠲᠤ ᠬᠤᠪᠢᠯᠭᠠᠨ ᠵᠠᠪᠢ ᠵᠢᠷᠭᠤᠳᠤᠭᠠᠷ ᠨᠤᠮᠧᠷᠲᠦ ᠨᠢᠰᠬᠦ ᠤᠩᠭᠤᠴᠠ ᠠᠮᠵᠢᠯᠳᠠ ᠲᠠᠢ ᠪᠠᠷ ᠡᠭᠡ ᠭᠠᠵᠠᠷ ᠲᠤ ᠪᠠᠭᠤᠵᠤ᠂ ᠰᠠᠨᠰᠠᠷᠴᠢ ᠹᠸᠢ ᠵᠢᠶᠦ᠋ᠨ ᠯᠦᠩ᠂ ᠨᠢᠶᠧ ᠬᠠᠢ ᠱᠧᠩ ᠪᠠ ᠨᠢᠰᠬᠦ ᠤᠩᠭᠤᠴᠠ ᠲᠠᠢ ᠰᠡᠬᠦᠳᠡᠷᠯᠡᠪᠡ᠃
2008 ᠤᠨ ᠤ 09 ᠰᠠᠷ᠎ᠠ ᠶᠢᠨ 28 ᠤ ᠡᠳᠦᠷ ᠤᠨ 17 ᠴᠠᠭ 37 ᠮᠢᠨᠦ᠋ᠲ ᠲᠤ᠂ ᠬᠤᠪᠢᠯᠭᠠᠨ ᠵᠠᠪᠢ ᠳᠤᠯᠤᠳᠤᠭᠠᠷ ᠨᠤᠮᠧᠷᠲᠦ ᠨᠢᠰᠬᠦ ᠤᠩᠭᠤᠴᠠ ᠠᠮᠵᠢᠯᠳᠠ ᠲᠠᠢ ᠪᠠᠷ ᠡᠭᠡ ᠭᠠᠵᠠᠷ ᠲᠤ ᠪᠠᠭᠤᠵᠦ᠂ ᠰᠠᠨᠰᠠᠷᠴᠢ ᠵᠠᠢ ᡁᠢ ᠭᠠᠩ᠂ ᠯᠢᠦ ᠪᠦᠸᠧ ᠮᠢᠩ᠂ ᠵᠢᠩ ᠬᠠᠢ ᠫᠧᠩ ᠪᠠ ᠨᠢᠰᠬᠦ ᠤᠩᠭᠤᠴᠠ ᠲᠠᠢ ᠰᠡᠬᠦᠲᠡᠷᠯᠡᠪᠡ᠃
2011 ᠤᠨ ᠤ11 ᠰᠠᠷ᠎ᠠ ᠶᠢᠨ 17 ᠤ ᠡᠳᠦᠷ ᠤᠨ 19 ᠴᠠᠭ 32 ᠮᠢᠨᠦ᠋ᠲ ᠲᠤ᠂ ᠬᠤᠪᠢᠯᠭᠠᠨ ᠵᠠᠪᠢ ᠨᠠᠢᠮᠠᠳᠤᠭᠠᠷ ᠨᠤᠮᠧᠷᠲᠦ ᠨᠢᠰᠬᠦ ᠤᠩᠭᠤᠴᠠ ᠠᠮᠵᠢᠯᠳᠠ ᠲᠠᠢ ᠪᠠᠷ ᠡᠬᠡ ᠭᠠᠵᠠᠷ ᠲᠤ ᠪᠠᠭᠤᠪᠠ᠃
2012 ᠤᠨ ᠤ 06 ᠰᠠᠷ᠎ᠠ ᠶᠢᠨ 29 ᠤ ᠡᠳᠦᠷ ᠤᠨ 10 ᠴᠠᠭ 03 ᠮᠢᠨᠦ᠋ᠲ ᠲᠤ᠂ ᠬᠤᠪᠢᠯᠭᠠᠨ ᠵᠠᠪᠢ ᠶᠢᠰᠦᠳᠦᠭᠡᠷ ᠨᠤᠮᠧᠷᠲᠦ ᠨᠢᠰᠬᠦ ᠤᠩᠭᠤᠴᠠ ᠠᠮᠵᠢᠯᠳᠠ ᠲᠠᠢ ᠪᠠᠷ ᠡᠭᠡ ᠭᠠᠵᠠᠷ ᠲᠤ ᠪᠠᠭᠤᠵᠤ᠂ ᠰᠠᠨᠰᠠᠷᠴᠢ ᠵᠢᠩ ᠬᠠᠢ ᠫᠧᠩ᠂ ᠯᠢᠦ ᠸᠠᠩ᠂ ᠯᠢᠦ ᠶᠠᠩ ᠪᠠ ᠨᠢᠰᠬᠦ ᠤᠩᠭᠤᠴᠠ ᠲᠠᠢ ᠰᠡᠭᠦᠳᠡᠷᠯᠡᠪᠡ᠃
2013 ᠤᠨ ᠤ 06 ᠰᠠᠷ᠎ᠠ ᠶᠢᠨ 26   ᠤ ᠡᠳᠦᠷ ᠤᠨ 08 ᠴᠠᠭ 07 ᠮᠢᠨᠦ᠋ᠲ ᠲᠤ᠂ ᠬᠤᠪᠢᠯᠭᠠᠨ ᠵᠠᠪᠢ ᠠᠷᠪᠠᠳᠤᠭᠠᠷ ᠨᠤᠮᠧᠷᠲᠦ ᠨᠢᠰᠬᠦ ᠤᠩᠭᠤᠴᠠ ᠠᠮᠵᠢᠯᠳᠠ ᠲᠠᠢ ᠪᠠᠷ ᠡᠭᠡ ᠭᠠᠵᠠᠷ ᠲᠤ ᠪᠠᠭᠤᠵᠦ᠂ ᠰᠠᠨᠰᠠᠷᠴᠢ ᠨᠢᠶᠧ ᠬᠠᠢ ᠱᠧᠩ᠂ ᠵᠠᠩ ᠰᠢᠶᠤᠤ ᠭᠤᠸᠠᠩ᠂ ᠸᠠᠩ ᠶᠠ ᠫᠢᠩ ᠪᠠ ᠨᠢᠰᠬᠦ ᠤᠩᠭᠤᠴᠠ ᠲᠠᠢ ᠰᠡᠬᠦᠲᠡᠷᠯᠡᠪᠡ᠃
2016 ᠤᠨ ᠤ 11 ᠰᠠᠷ᠎ᠠ ᠶᠢᠨ 18 ᠤ ᠡᠳᠦᠷ ᠤᠨ 13 ᠴᠠᠭ 33 ᠮᠢᠨᠦ᠋ᠲ ᠲᠤ᠂ ᠰᠠᠨᠰᠠᠷᠴᠢ ᠵᠢᠩ ᠬᠠᠢ ᠫᠧᠩ᠂  ᠴᠧᠨ ᠳ᠋ᠦᠩ ᠤᠨ ᠰᠠᠭᠤᠭᠰᠠᠨ ᠬᠤᠪᠢᠯᠭᠠᠨ ᠵᠠᠪᠢ ᠠᠷᠪᠠᠨ ᠨᠢᠭᠡᠳᠦᠭᠡᠷ ᠨᠤᠮᠧᠷᠲᠦ ᠨᠢᠰᠬᠦ ᠤᠩᠭᠤᠴᠠ ᠲᠦᠷᠪᠡᠳ ᠬᠤᠰᠢᠭᠤᠨ ᠳᠤ ᠠᠮᠵᠢᠯᠳᠠ ᠲᠠᠢ ᠪᠠᠷ ᠪᠠᠭᠤᠵᠤ᠂ ᠬᠤᠪᠢᠯᠭᠠᠨ ᠵᠠᠪᠢ ᠰᠢᠷᠢᠰ ᠨᠢᠰᠬᠦ ᠤᠩᠭᠤᠴᠠ ᠶᠢᠨ 17 ᠵᠢᠯ ᠤᠨ ᠳᠤᠳᠤᠷ᠎ᠠ 11 ᠤᠳᠠᠭ᠎ᠠ ᠠᠮᠵᠢᠯᠳᠠ ᠲᠠᠢ ᠡᠬᠡ ᠭᠠᠵᠠᠷ ᠲᠤ ᠪᠠᠭᠤᠭᠰᠠᠨ ᠠᠤᠭ᠎ᠠ ᠦᠢᠯᠡᠰ ᠢ ᠡᠬᠦᠳᠦᠭᠰᠡᠨ ᠪᠠᠶᠢᠨ᠎ᠠ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2