| ︽ᠠᠷᠠᠳ ᠤᠨ ᠰᠦᠯᠵᠢᠶ᠎ᠡ︾ ᠵᠡᠷᠭᠡ ᠪᠠᠷ ᠲᠠᠮᠵᠢᠭᠳᠠᠵᠦ ᠪᠠᠶᠢᠭ᠎ᠠ ᠰᠢᠨ᠎ᠡ ᠪᠠᠷᠢᠮᠵᠢᠶ᠎ᠠ ᠶᠢᠨ ᠠᠭᠤᠯᠭ᠎ᠠ ᠶᠢ | ᠦᠨᠳᠦᠰᠦᠯᠡᠵᠦ᠂ ᠵᠢᠯᠤᠭᠤᠴᠢ ᠶᠢᠨ ᠦᠨᠡᠮᠯᠡᠯ ᠤᠨ ᠰᠢᠯᠭᠠᠯᠲᠠ ᠶᠢᠨ ᠬᠤᠪᠢᠷᠠᠯᠲᠠ ᠲᠠᠢ ᠬᠡᠰᠡᠭ ᠢ | ᠬᠤᠷᠢᠶᠠᠩᠭᠤᠢᠢᠯᠠᠵᠦ᠂ ᠤᠡᠭᠰᠢᠭᠴᠢᠳ ᠲᠠᠢ ᠪᠠᠨ ᠬᠤᠪᠢᠶᠠᠯᠴᠠᠬᠤ ᠪᠠᠷ ᠪᠤᠯᠤᠯ᠎ᠠ᠃ | ● ᠬᠢᠴᠢᠶᠡᠯ ᠲᠦᠷᠦᠯ ᠨᠢᠭᠡ᠄ ᠰᠢᠯᠭᠠᠯᠲᠠ ᠶᠢᠨ ᠰᠡᠳᠦᠪ ᠤᠨ ᠬᠡᠯᠪᠡᠷᠢ ᠪᠠ ᠬᠠᠷᠢᠴᠠᠯ ᠤᠨ ᠬᠤᠪᠢᠷᠠᠯᠲᠠ | | C1 ᠵᠢᠯᠤᠭᠤᠴᠢ ᠶᠢᠨ ᠦᠨᠡᠮᠯᠡᠯ ᠤᠨ ᠬᠢᠴᠢᠶᠡᠯ ᠲᠦᠷᠦᠯ ᠨᠢᠭᠡ ᠶᠢᠨ ᠰᠢᠯᠭᠠᠯᠲᠠ ᠪᠠᠷ ᠵᠢᠱᠢᠶᠡᠯᠡᠬᠦ ᠳᠤ᠂ | ᠰᠢᠨ᠎ᠡ ᠪᠠᠷᠢᠮᠵᠢᠶ᠎ᠠ ᠳᠤ ᠰᠢᠯᠭᠠᠯᠲᠠ ᠶᠢᠨ ᠠᠭᠤᠯᠭ᠎ᠠ ᠪᠠ ᠬᠠᠷᠢᠴᠠᠯ ᠳᠤ ᠪᠦᠷ ᠲᠤᠬᠢᠷᠠᠭᠤᠯᠤᠯᠲᠠ ᠬᠢᠪᠡ᠃ | ᠵᠢᠯᠤᠭᠤᠴᠢ ᠶᠢᠨ ᠦᠨᠡᠮᠯᠡᠯ ᠪᠠ ᠮᠠᠰᠢᠨ ᠲᠡᠷᠭᠡᠨ ᠤ ᠬᠠᠮᠢᠶᠠᠷᠤᠯᠲᠠ ᠶᠢᠨ ᠲᠤᠭᠳᠠᠭᠠᠯ᠂ ᠵᠠᠮ ᠢᠶᠠᠷ ᠦᠡᠭᠭᠡᠷᠡᠬᠦ | ᠨᠦᠭᠦᠴᠡᠯ ᠪᠠ ᠦᠡᠭᠭᠡᠷᠡᠬᠦ ᠲᠤᠭᠳᠠᠭᠠᠯ᠂ ᠵᠠᠮ ᠬᠠᠷᠢᠯᠴᠠᠭᠠᠨ ᠤ ᠠᠮᠤᠷ ᠲᠦᠪᠰᠢᠨ ᠤ ᠬᠠᠤᠯᠢ ᠠᠴᠠ ᠵᠦᠷᠢᠴᠡᠭᠰᠡᠨ | ᠠᠵᠢᠯᠯᠠᠭ᠎ᠠ ᠵᠢᠴᠢ ᠰᠢᠳᠭᠡᠯ᠂ ᠵᠠᠮ ᠬᠠᠷᠢᠯᠴᠠᠭᠠᠨ ᠤ ᠠᠳᠡᠯ ᠢ ᠰᠢᠢᠳᠪᠦᠷᠢᠯᠡᠬᠦ ᠬᠠᠮᠢᠶ᠎ᠠ ᠪᠦᠬᠦᠢ ᠲᠤᠭᠳᠠᠭᠠᠯ᠂ ᠮᠠᠰᠢᠨ | ᠲᠡᠷᠭᠡᠨ ᠤ ᠰᠠᠭᠤᠷᠢ ᠮᠡᠳᠡᠯᠭᠡ᠂ ᠤᠷᠤᠨ ᠨᠤᠲᠤᠭ ᠤᠨ ᠴᠢᠨᠠᠷᠲᠠᠢ ᠬᠠᠤᠯᠢ ᠲᠦᠷᠢᠮ ᠵᠡᠷᠭᠡ ᠠᠭᠤᠯᠭ᠎ᠠ ᠶᠢᠨ ᠡᠵᠡᠯᠡᠬᠦ | ᠬᠤᠪᠢ ᠶᠢᠨ ᠬᠠᠷᠢᠴᠠᠯ ᠲᠤᠰ ᠲᠤᠰ 20%᠂ 25%᠂ 25%᠂ 10%᠂ 10%᠂ 10% ᠢ | ᠡᠵᠡᠯᠡᠨ᠎ᠡ ᠭᠡᠵᠦ ᠰᠢᠨ᠎ᠡ ᠲᠤᠭᠳᠠᠭᠠᠯ ᠳᠤ ᠲᠤᠭᠳᠠᠭᠠᠵᠠᠢ᠃ ● ᠬᠢᠴᠢᠶᠡᠯ ᠲᠦᠷᠦᠯ ᠬᠤᠶᠠᠷ᠄ | ᠬᠦᠮᠦᠷᠭᠡ ᠳᠤ ᠤᠬᠤᠷᠢᠨ ᠤᠷᠤᠭᠤᠯᠬᠤ ᠪᠠ ᠬᠠᠵᠠᠭᠤ ᠳᠡᠰᠢ ᠲᠡᠷᠭᠡ ᠪᠠᠨ ᠵᠤᠭᠰᠤᠭᠠᠬᠤ ᠶᠢ ᠲᠤᠭᠳᠠᠭᠰᠠᠨ | ᠴᠠᠭ ᠤᠨ ᠲᠤᠲᠤᠷ᠎ᠠ ᠭᠦᠢᠴᠡᠳᠭᠡᠨ᠎ᠡ | ᠰᠢᠨ᠎ᠡ ᠪᠠᠷᠢᠮᠵᠢᠶ᠎ᠠ ᠳᠤ᠂ ᠬᠦᠮᠦᠷᠭᠡ ᠳᠤ ᠤᠬᠤᠷᠢᠨ ᠤᠷᠤᠭᠤᠯᠬᠤ ᠪᠠ ᠬᠠᠵᠠᠭᠤ ᠳᠡᠰᠢ ᠲᠡᠷᠭᠡ ᠪᠠᠨ | ᠵᠣᠭᠰᠤᠭᠠᠬᠤ ᠶᠢ ᠲᠤᠭᠳᠠᠭᠰᠠᠨ ᠴᠠᠭ ᠤᠨ ᠲᠤᠲᠤᠷ᠎ᠠ ᠭᠦᠢᠴᠡᠳᠭᠡᠬᠦ ᠭᠡᠷᠡᠭᠲᠡᠢ᠂ ᠬᠡᠷᠪᠡ ᠬᠦᠢᠴᠡᠳᠭᠡᠵᠦ | ᠠᠮᠵᠢᠭᠰᠠᠨ ᠦᠭᠡᠢ ᠪᠤᠯ ᠲᠡᠷᠡ ᠲᠠᠷᠤᠢ ᠳᠤᠨᠢ ᠬᠢᠷᠢ ᠲᠡᠩᠴᠡᠭᠰᠡᠨ ᠦᠭᠡᠢ ᠪᠠᠷ ᠪᠤᠳᠤᠨ᠎ᠠ ᠭᠡᠰᠡᠨ ᠨᠡᠮᠡᠯᠲᠡ | ᠠᠭᠤᠯᠭ᠎ᠠ ᠤᠷᠤᠭᠤᠯᠵᠠᠢ᠃ ︽ᠠᠷᠠᠳ ᠤᠨ ᠰᠦᠯᠵᠢᠶ᠎ᠡ︾ ᠶᠢᠨ ᠮᠡᠳᠡᠭᠡᠯᠡᠯ ᠢ ᠦᠨᠳᠦᠰᠦᠯᠡᠪᠡᠯ᠂ ᠬᠦᠮᠦᠷᠭᠡ ᠳᠤ | ᠤᠬᠤᠷᠢᠨ ᠤᠷᠤᠬᠤ ᠴᠠᠭ ᠨᠢ 210 ᠰᠧᠺᠦ᠋ᠨ᠋ᠳ᠋ ᠠᠴᠠ ᠬᠡᠲᠦᠷᠡᠵᠦ ᠪᠤᠯᠬᠤ ᠦᠭᠡᠢ᠂ ᠬᠠᠵᠠᠭᠤ ᠳᠡᠰᠢ | ᠲᠡᠷᠭᠡ ᠪᠠᠨ ᠵᠤᠭᠰᠤᠭᠠᠬᠤ᠋ ᠶᠢ ᠭᠦᠢᠴᠡᠳᠭᠡᠬᠦ ᠴᠠᠭ ᠨᠢ 90 ᠰᠧᠺᠦ᠋ᠨ᠋ᠳ᠋ ᠠᠴᠠ ᠲᠠᠪᠠᠵᠦ ᠪᠤᠯᠬᠤ ᠦᠭᠡᠢ ᠭᠡᠵᠡᠢ᠃ | | ● ᠬᠢᠴᠢᠶᠡᠯ ᠲᠦᠷᠦᠯ ᠭᠤᠷᠪᠠ᠄ ᠬᠤᠶᠢᠰᠢ ᠬᠠᠷᠠᠵᠤ ᠠᠵᠢᠬᠯᠠᠨ᠂ ᠳ᠋ᠸᠡᠭ ᠢᠶᠠᠨ ᠨᠤᠴᠤᠭᠠᠬᠤ ᠶᠢ | ᠴᠢᠬᠤᠯᠠᠴᠢᠯᠠᠨ᠎ᠠ ᠡᠬᠢᠯᠡᠵᠦ ᠶᠠᠪᠤᠬᠤ᠂ ᠲᠡᠷᠭᠡᠨ ᠵᠠᠮ ᠰᠤᠯᠢᠬᠤ᠂ ᠵᠠᠮ ᠤᠨ ᠬᠦᠪᠡᠭᠡ ᠪᠠᠷ ᠵᠤᠭᠰᠤᠭᠠᠬᠤ᠂ | ᠲᠡᠷᠭᠡ ᠶᠢ ᠲᠠᠪᠠᠵᠤ ᠭᠠᠷᠬᠤ ᠲᠦᠷᠦᠯ ᠵᠦᠢᠯ ᠳᠤ ᠪᠦᠷ ︽ᠬᠤᠶᠢᠰᠢ ᠬᠠᠷᠠᠵᠤ ᠠᠵᠢᠬᠯᠠᠬᠤ︾ | ᠱᠠᠭᠠᠷᠳᠠᠯᠭ᠎ᠠ ᠲᠠᠢ︔ ᠬᠤᠶᠢᠰᠢ ᠬᠠᠷᠠᠬᠤ ᠦᠶᠡᠰ᠂ ᠴᠢᠭᠯᠡᠯ ᠢᠶᠠᠨ ᠬᠤᠪᠢᠷᠠᠭᠤᠯᠬᠤ ᠵᠡᠭᠦᠨ ᠲᠠᠯ᠎ᠠ ᠶᠢᠨ ᠳ᠋ᠸᠡᠭ ᠢᠶᠠᠨ | ᠨᠤᠴᠤᠭᠠᠬᠤ ᠱᠠᠭᠠᠷᠳᠠᠯᠭ᠎ᠠ ᠶᠢ ᠰᠢᠨ᠎ᠡ ᠪᠠᠷ ᠨᠡᠮᠡᠵᠡᠢ᠃ ᠰᠢᠯᠭᠠᠯᠲᠠ ᠶᠢ ᠬᠢᠨᠠᠬᠤ ᠲᠠᠯ᠎ᠠ ᠪᠠᠷ᠂ ᠠᠮᠤᠷ ᠲᠦᠪᠰᠢᠨ | ᠪᠤᠯᠪᠠᠰᠤᠨ ᠢᠶᠠᠷ ᠲᠡᠷᠭᠡ ᠵᠢᠯᠤᠭᠤᠳᠬᠤ ᠳᠤ ᠨᠡᠩ ᠦᠨᠳᠦᠷ ᠱᠠᠭᠠᠷᠳᠠᠯᠭ᠎ᠠ ᠲᠠᠢ ᠪᠤᠯᠵᠠᠢ᠃ ᠵᠢᠱᠢᠶᠡᠯᠡᠪᠡᠯ ᠡᠬᠢᠯᠡᠵᠦ | ᠶᠠᠪᠤᠬᠤ᠂ ᠴᠢᠭᠯᠡᠯ ᠢᠶᠠᠨ ᠬᠤᠪᠢᠷᠠᠭᠤᠯᠬᠤ᠂ ᠲᠡᠷᠭᠡᠨ ᠵᠠᠮ ᠰᠤᠯᠢᠬᠤ᠂ ᠲᠡᠷᠭᠡ ᠶᠢ ᠲᠠᠪᠠᠵᠦ ᠭᠠᠷᠬᠤ᠂ ᠵᠠᠮ ᠤᠨ | ᠬᠦᠪᠡᠭᠡ ᠪᠠᠷ ᠲᠡᠷᠭᠡ ᠪᠠᠨ ᠵᠤᠭᠰᠤᠭᠠᠬᠤ ᠠᠴᠠ ᠪᠠᠨ ᠡᠮᠦᠨ᠎ᠡ ᠴᠢᠭᠯᠡᠯ ᠢᠶᠠᠨ ᠬᠤᠪᠢᠷᠠᠭᠤᠯᠬᠤ ᠳ᠋ᠸᠡᠭ ᠭᠡᠷᠡᠭᠯᠡᠭᠰᠡᠨ | ᠦᠭᠡᠢ ᠪᠤᠶᠤ ᠪᠤᠷᠤᠭᠤ ᠬᠡᠷᠡᠭᠯᠡᠭᠰᠡᠨ᠂ ᠡᠰᠡᠭᠦᠯ᠎ᠡ 3 ᠰᠧᠺᠦ᠋ᠨ᠋ᠳ᠋ ᠠᠴᠠ ᠤᠬᠤᠷ ᠬᠤᠭᠤᠴᠠᠭᠠᠨ ᠳᠤ | ᠴᠢᠭᠯᠡᠯ ᠢᠶᠠᠨ ᠬᠤᠪᠢᠷᠠᠭᠤᠯᠬᠤ ᠳ᠋ᠸᠡᠭ ᠢᠶᠠᠨ ᠨᠤᠴᠤᠭᠠᠵᠦ ᠴᠢᠭᠯᠡᠯ ᠢᠶᠠᠨ ᠬᠤᠪᠢᠷᠠᠭᠤᠯᠤᠭᠰᠠᠨ ᠪᠠᠶᠢᠪᠠᠯ᠂ 10 ᠬᠤᠪᠢ | ᠬᠠᠰᠤᠬᠤ ᠶᠢ ᠦᠭᠡᠷᠡᠴᠢᠯᠡᠵᠦ ᠬᠢᠷᠢ ᠲᠡᠩᠴᠡᠬᠦᠦᠭᠡᠢ ᠪᠠᠷ ᠬᠢᠨᠠᠨ᠎ᠠ ᠭᠡᠵᠡᠢ᠃ ᠵᠠᠮ ᠤᠨ ᠬᠦᠪᠡᠭᠡ ᠪᠠᠷ ᠲᠡᠷᠭᠡ ᠪᠠᠨ | ᠵᠤᠭᠰᠤᠭᠠᠬᠤ ᠦᠶᠡᠰ᠂ ᠲᠡᠷᠭᠡᠨ ᠠᠴᠠ ᠪᠠᠭᠤᠬᠤ ᠭᠡᠪᠡᠯ ᠲᠡᠷᠭᠡᠨ ᠡᠭᠦᠳᠡ ᠪᠠᠨ ᠨᠡᠭᠡᠭᠡᠬᠦ ᠠᠴᠠ ᠡᠮᠦᠨ᠎ᠡ ᠵᠡᠭᠦᠨ | ᠬᠤᠶᠢᠲᠦ ᠲᠠᠯ᠎ᠠ ᠶᠢᠨ ᠵᠠᠮ ᠬᠠᠷᠢᠯᠴᠠᠭᠠᠨ ᠤ ᠪᠠᠶᠢᠳᠠᠯ ᠢᠶᠠᠨ ᠡᠷᠭᠢᠵᠦ ᠬᠠᠷᠠᠬᠤ ᠬᠡᠰᠡᠨ ᠲᠤᠭᠳᠠᠭᠠᠯ ᠨᠡᠮᠡᠵᠦ᠂ ᠬᠡᠷᠪᠡ | ᠲᠤᠭᠳᠠᠭᠠᠯ ᠶᠤᠰᠤᠭᠠᠷ ᠬᠢᠬᠦ ᠦᠭᠡᠢ ᠪᠤᠯ ᠬᠢᠷᠢ ᠲᠡᠩᠴᠡᠭᠰᠡᠨ ᠦᠭᠡᠢ ᠪᠠᠷ ᠪᠤᠳᠤᠨ᠎ᠠ ᠭᠡᠵᠡᠢ᠃ ᠬᠠᠷᠢᠨ ᠲᠡᠷᠭᠡ ᠪᠠᠨ | ᠵᠤᠭᠰᠤᠭᠠᠬᠰᠠᠨ ᠤ ᠲᠠᠷᠠᠭ᠎ᠠ᠂ ᠲᠡᠷᠭᠡ ᠨᠢ ᠵᠠᠮ ᠤᠨ ᠪᠠᠷᠠᠭᠤᠨ ᠬᠠᠵᠠᠭᠤ ᠶᠢᠨ ᠵᠠᠭᠠᠭ ᠱᠤᠭᠤᠮ ᠪᠤᠶᠤ ᠶᠠᠪᠠᠭᠠᠨ | ᠬᠦᠮᠦᠨ ᠤ ᠵᠠᠮ ᠤᠨ ᠵᠠᠭᠠᠭ ᠱᠤᠭᠤᠮ ᠠᠴᠠ 50 ᠰᠠᠨᠲ᠋ᠢᠮᠧᠲᠷ ᠠᠴᠠ ᠶᠡᠭᠡ ᠵᠠᠶᠢᠲᠠᠢ ᠪᠠᠶᠢᠪᠠᠯ᠂ 10 ᠬᠤᠪᠢ | ᠬᠠᠰᠤᠵᠦ ᠪᠠᠶᠢᠭᠰᠠᠨ ᠠᠴᠠ ᠪᠠᠨ ᠬᠢᠷᠢ ᠲᠡᠩᠴᠡᠬᠦ ᠦᠭᠡᠢ ᠪᠤᠯᠭᠠᠪᠠ᠃ ᠵᠠᠮ ᠤᠨ ᠪᠠᠯᠴᠢᠷ ᠢᠶᠠᠷ ᠰᠢᠭᠤᠳ | ᠦᠡᠭᠭᠡᠷᠡᠬᠦ᠂ ᠵᠠᠮ ᠤᠨ ᠪᠠᠯᠴᠢᠷ ᠢᠶᠠᠷ ᠵᠡᠭᠦᠨᠰᠢ ᠮᠤᠷᠦ᠋ᠢᠬᠤ᠂ ᠵᠠᠮ ᠤᠨ ᠪᠠᠯᠴᠢᠷ ᠢᠶᠠᠷ ᠪᠠᠷᠠᠭᠤᠨᠰᠢ ᠮᠤᠷᠦ᠋ᠢᠬᠤ | ᠲᠦᠷᠦᠯ ᠵᠦᠢᠯ ᠳᠤ᠂ ᠤᠷᠢᠳᠠᠪᠠᠷ ᠦᠡᠭᠭᠡᠷᠡᠬᠦ ᠲᠡᠷᠭᠡ᠂ ᠶᠠᠪᠠᠭᠠᠨ ᠬᠦᠮᠦᠨ᠂ ᠮᠠᠰᠢᠨ ᠬᠦᠳᠡᠯᠭᠡᠭᠦᠷᠲᠦ ᠪᠤᠰᠤ | ᠲᠡᠷᠭᠡᠨ ᠳᠤ ᠰᠠᠨᠠᠭᠠᠴᠢᠯᠠᠭ᠎ᠠ ᠲᠠᠢ ᠪᠠᠷ ᠨᠠᠶᠢᠷ ᠲᠠᠯᠪᠢᠬᠰᠠᠨ ᠦᠭᠡᠢ ᠪᠠᠶᠢᠪᠠᠯ᠂ ᠬᠢᠷᠢ ᠲᠡᠩᠴᠡᠭᠰᠡᠨ ᠦᠭᠡᠢ ᠪᠠᠷ | ᠪᠤᠳᠤᠨ᠎ᠠ ᠭᠡᠵᠡᠢ᠃ |