1. ᠵᠠᠰᠠᠵᠤ ᠴᠢᠮᠡᠭᠯᠡᠬᠦ ᠦᠭᠡᠢ᠃ ᠰᠢᠡᠵᠢᠭᠡ ᠤᠨᠤᠰᠢᠯᠳᠠ ᠪᠤᠯ ᠡᠮᠴᠢ ᠶᠢᠨ ᠡᠪᠡᠳᠴᠢᠨ ᠤᠨᠤᠰᠢᠯᠠᠬᠤ | ᠦᠨᠳᠤᠰᠤᠨ ᠠᠷᠭ᠎ᠠ ᠶᠢᠨ ᠨᠢᠭᠡ ᠮᠦᠨ᠃ ᠡᠪᠡᠳᠴᠢᠨ ᠦᠵᠡᠬᠦᠯᠬᠦ ᠠᠴᠠ ᠡᠮᠤᠨ᠎ᠠ ᠤ ᠲᠦᠷᠬᠢᠬᠦ᠂ ᠤᠷᠤᠭᠤᠯ ᠤᠨ | ᠪᠤᠳᠤᠬ ᠲᠦᠷᠬᠢᠬᠦ᠂ ᠠᠨᠢᠰᠬᠠᠨ ᠵᠢᠷᠤᠭᠠᠰᠤ ᠲᠠᠳᠠᠬᠤ᠂ ᠬᠢᠮᠤᠰᠤ ᠪᠤᠳᠤᠬᠤ ᠵᠡᠷᠭᠡ ᠨᠢ ᠡᠪᠡᠳᠴᠢᠨ ᠤ | ᠪᠠᠶᠢᠳᠠᠯ ᠢ ᠬᠠᠯᠬᠠᠯᠠᠵᠤ᠂ ᠡᠮᠴᠢ ᠶᠢᠨ ᠡᠪᠡᠳᠴᠢᠳᠠᠨ ᠤ ᠠᠷᠠᠰᠤ ᠪᠠ ᠦᠡᠭᠭᠡ ᠵᠢᠰᠤ ᠶᠢ ᠰᠢᠨᠵᠢᠬᠦ ᠶᠢ ᠨᠦᠯᠤᠭᠡᠯᠡᠨ᠂ | ᠡᠮᠴᠢ ᠳᠤ ᠡᠮᠴᠢᠯᠡᠭᠡᠨ ᠤ ᠤᠨᠤᠪᠴᠢ ᠦᠭᠡᠢ ᠮᠡᠳᠡᠭᠡ ᠵᠠᠩᠬᠢ ᠦᠭᠬᠦ ᠶᠢᠨ ᠤᠯᠠᠮ ᠠᠴᠠ ᠤᠨᠤᠰᠢᠯᠠᠬᠤ ᠶᠢ | ᠨᠦᠯᠤᠭᠡᠯᠡᠬᠦ ᠴᠢᠨᠠᠭᠰᠢᠯᠠᠪᠠᠯ ᠪᠤᠷᠤᠭᠤ ᠮᠠᠭᠠᠳᠯᠠᠯᠳᠠ ᠬᠢᠯᠭᠡᠵᠤ ᠮᠡᠳᠡᠬᠦ ᠪᠤᠯᠬᠤᠷ ᠴᠡᠭᠡᠷᠯᠡᠬᠦ ᠬᠡᠷᠡᠭᠳᠠᠢ᠃ | 2. ᠬᠡᠯᠡᠨ ᠤ ᠦᠡᠭᠬᠦᠷ ᠤᠨ ᠦᠡᠭᠭᠡ ᠶᠢ ᠬᠤᠪᠢᠷᠠᠭᠤᠯᠬᠤ ᠢᠳᠡᠭᠡᠨ ᠪᠤᠶᠤ ᠡᠮ ᠢ ᠢᠳᠡᠬᠦ ᠦᠭᠡᠢ᠃ ᠬᠡᠯᠡ ᠪᠤᠯ | ᠬᠢᠳᠡᠳ ᠡᠮᠨᠡᠯᠭᠡ ᠶᠢᠨ ᠲᠠᠪᠤᠨ ᠴᠤᠯᠤ ᠵᠢᠷᠭᠤᠭᠠᠨ ᠰᠡᠪᠡ ᠶᠢ ᠠᠵᠢᠭᠯᠠᠬᠤ ︽ᠲᠤᠯᠢ︾ ᠮᠦᠨ᠃ ᠬᠢᠳᠡᠳ ᠡᠮᠨᠡᠯᠭᠡ | ᠳᠤ ᠬᠡᠯᠡ ᠰᠢᠨᠵᠢᠬᠦ ᠳᠡᠭᠡᠨ ᠭᠤᠤᠯᠳᠠᠭᠤ ᠬᠡᠯᠡᠨ ᠤ ᠦᠡᠭᠬᠦᠷ ᠪᠠ ᠭᠡᠯᠡᠨ ᠤ ᠪᠦᠬᠦ ᠪᠠᠶᠢᠳᠠᠯ ᠤᠨ ᠬᠤᠪᠢᠷᠠᠯᠳᠠ ᠶᠢ | ᠰᠢᠨᠵᠢᠳᠡᠭ ᠪᠤᠯᠬᠤᠷ ᠢᠳᠡᠭᠡᠨ ᠪᠤᠶᠤ ᠡᠮ ᠤᠨ ᠬᠡᠯᠡᠨ ᠤ ᠦᠡᠭᠬᠦᠷ ᠤᠨ ᠦᠡᠭᠭᠡ ᠶᠢ ᠬᠤᠪᠢᠷᠠᠭᠤᠯᠵᠤ | ᠬᠠᠭᠤᠷᠮᠠᠬ ᠦᠵᠡᠭᠳᠡᠯ ᠭᠠᠷᠭᠠᠬᠤ ᠠᠴᠠ ᠰᠡᠷᠭᠡᠶᠢᠯᠡᠬᠦ ᠬᠡᠷᠡᠭᠳᠠᠢ᠃ ᠡᠶᠢᠮᠤ ᠠᠴᠠ ᠡᠪᠡᠳᠴᠢᠨ ᠦᠵᠡᠬᠦᠯᠬᠦ ᠠᠴᠠ | ᠡᠮᠤᠨ᠎ᠠ ᠲᠤᠤᠷᠡᠬᠢ ᠬᠡᠳᠤᠨ ᠵᠦᠢᠯ ᠤᠨ ᠢᠳᠡᠭᠡᠨ ᠢ ᠢᠳᠡᠬᠦ ᠦᠭᠡᠢ ᠪᠠᠶᠢᠪᠠᠯ ᠵᠤᠬᠢᠨ᠎ᠠ᠄ ᠬᠡᠯᠡᠨ ᠤ ᠦᠡᠭᠬᠦᠷ ᠢ | ᠴᠠᠶᠢᠷᠠᠭᠤᠯᠬᠤ ᠦᠨᠢᠶᠡᠨ ᠰᠦ ᠪᠠ ᠬᠠᠳᠠᠭᠤ ᠵᠢᠮᠢᠰ︔ ᠬᠡᠯᠡᠨ ᠤ ᠦᠡᠭᠬᠦᠷ ᠢ ᠬᠠᠷᠠᠯᠠᠭᠤᠯᠬᠤ ᠶᠠᠨᠵᠤ ᠬᠥᠢᠯᠡᠰᠤ᠂ | ᠬᠠᠷ ᠬᠥᠢᠯᠡᠰᠤ᠂ ᠴᠤᠺᠦᠯᠡᠳ᠋᠂ ᠺᠤᠹᠧ ᠵᠡᠷᠭᠡ︔ ᠬᠡᠯᠡᠨ ᠤ ᠦᠡᠭᠬᠦᠷ ᠢ ᠰᠢᠷᠠᠯᠠᠭᠤᠯᠬᠤ ᠵᠦᠷᠵᠢ᠂ ᠠᠮᠳᠠᠳᠤ | ᠲᠦᠮᠤᠰᠤ ᠵᠡᠷᠭᠡ᠃ ᠬᠡᠳᠤᠷᠭᠡᠢ ᠬᠠᠯᠠᠭᠤᠨ ᠤᠰᠤ ᠪᠠ ᠭᠤᠱᠤᠭᠤᠨ ᠢᠳᠡᠭᠡᠨ ᠨᠢ ᠬᠡᠯᠡᠨ ᠤ ᠦᠡᠭᠬᠦᠷ ᠢ | ᠤᠯᠠᠭᠠᠪᠳᠤᠷ ᠪᠤᠯᠭᠠᠬᠤ ᠲᠤᠯᠠ ᠮᠦᠨ ᠬᠢᠴᠢᠶᠡᠬᠦ ᠬᠡᠷᠡᠭᠳᠠᠢ᠃ | 3. ᠦᠨᠤᠷᠳᠤ ᠤᠰᠤ ᠲᠦᠷᠬᠢᠬᠦ ᠦᠭᠡᠢ᠃ ᠦᠨᠤᠷᠯᠡᠬᠦ ᠪᠤᠯ ᠬᠢᠳᠡᠳ ᠡᠮᠨᠡᠯᠭᠡ ᠶᠢᠨ ᠦᠨᠤᠷᠯᠡᠨ ᠤᠨᠤᠰᠢᠯᠠᠬᠤ | ᠶᠢᠨ ᠴᠢᠬᠤᠯᠠ ᠠᠭᠤᠯᠭ᠎ᠠ ᠮᠦᠨ᠃ ᠬᠥᠮᠤᠨ ᠤ ᠪᠡᠶ᠎ᠠ ᠶᠢᠨ ᠦᠨᠤᠷ ᠪᠤᠯ ᠴᠦᠮ ᠴᠤᠯᠤ ᠰᠠᠪᠠ ᠶᠢᠨ ᠹᠢᠽᠢᠤᠯᠤᠬᠢ ᠶᠢᠨ | ᠬᠤᠪᠢᠷᠠᠯᠳᠠ ᠪᠤᠶᠤ ᠡᠪᠡᠳᠴᠢᠨ ᠤ ᠵᠦᠢ ᠶᠢᠨ ᠬᠤᠪᠢᠷᠠᠯᠳᠠ ᠶᠢᠨ ᠶᠠᠪᠤᠴᠠ ᠳᠤ ᠪᠤᠢ ᠪᠤᠯᠤᠭᠰᠠᠨ | ᠪᠠᠶᠢᠳᠠᠬ᠂ ᠵᠠᠷᠢᠮ ᠦᠶ᠎ᠠ ᠳᠤ ᠡᠪᠡᠳᠴᠢᠳᠠᠨ ᠤ ᠪᠡᠶ᠎ᠠ ᠠᠴᠠ ᠭᠠᠷᠬᠤ ᠦᠨᠤᠷ ᠢᠶᠠᠷ ᠡᠪᠡᠳᠴᠢᠨ ᠡᠮᠭᠡᠭ ᠢ | ᠮᠠᠭᠠᠳᠯᠠᠵᠤ ᠪᠤᠯᠤᠨ᠎ᠠ᠃ ᠦᠨᠤᠷᠳᠤ ᠤᠰᠤ ᠪᠤᠶᠤ ᠦᠳᠭᠡᠨ ᠦᠨᠤᠷ ᠲᠠᠢ ᠠᠷᠠᠰᠤ ᠠᠷᠠᠴᠢᠯᠠᠬᠤ ᠡᠳ᠋ ᠵᠡᠷᠭᠡ ᠶᠢ | ᠬᠡᠷᠡᠭᠯᠡᠪᠡᠯ ᠡᠪᠡᠳᠴᠢᠳᠠᠨ ᠤ ᠪᠡᠶ᠎ᠠ ᠶᠢᠨ ᠦᠨᠤᠷ ᠢ ᠲᠠᠷᠤᠵᠤ ᠤᠨᠤᠰᠢᠯᠠᠯᠳᠠ ᠶᠢ ᠨᠦᠯᠤᠭᠡᠯᠡᠳᠡᠭ᠃ ᠡᠬᠦᠨ ᠠᠴᠠ | ᠭᠠᠳᠠᠨ᠎ᠠ᠂ ᠡᠪᠡᠳᠴᠢᠳᠠᠨ ᠡᠪᠡᠳᠴᠢᠨ ᠢᠶᠠᠨ ᠦᠵᠡᠬᠦᠯᠬᠦ ᠠᠴᠠ ᠡᠮᠤᠨ᠎ᠠ ᠰᠠᠷᠢᠮᠰᠤᠬ ᠵᠡᠷᠭᠡ ᠦᠳᠭᠡᠨ ᠦᠨᠤᠷ | ᠲᠠᠢ ᠢᠳᠡᠭᠡᠨ ᠢ ᠢᠳᠡᠬᠦ ᠦᠭᠡᠢ ᠪᠠᠶᠢᠪᠠᠯ ᠵᠤᠬᠢᠨ᠎ᠠ᠃ | 4. ᠰᠢᠷᠤᠬᠦᠨ ᠬᠥᠳᠡᠯᠭᠡᠭᠡᠨ ᠬᠢᠬᠦ ᠦᠭᠡᠢ᠃ ᠰᠤᠳᠡᠯ ᠤᠨ ᠤᠨᠤᠰᠢᠯᠠᠯᠳᠠ ᠪᠤᠯ ᠬᠢᠳᠡᠳ ᠡᠮᠨᠡᠯᠭᠡ ᠶᠢᠨ | ᠡᠪᠡᠳᠴᠢᠨ ᠤᠨᠤᠰᠢᠯᠠᠬᠤ ᠴᠢᠬᠤᠯᠠ ᠠᠷᠭ᠎ᠠ ᠪᠠᠷᠢᠯ ᠮᠦᠨ᠂ ᠬᠢᠳᠡᠳ ᠡᠮᠨᠡᠯᠭᠡ ᠳᠤ ᠭᠤᠤᠯᠳᠠᠭᠤ ᠰᠤᠳᠡᠯ ᠪᠠᠷᠢᠵᠤ | ᠰᠤᠳᠡᠯ ᠤᠨ ᠪᠠᠶᠢᠳᠠᠯ ᠬᠤᠪᠢᠷᠠᠯᠳᠠ ᠶᠢ ᠦᠨᠳᠤᠰᠤᠯᠡᠨ ᠤᠨᠤᠰᠢᠯᠠᠳᠠᠬ᠃ ᠰᠤᠳᠠᠯ ᠤᠨ ᠪᠠᠶᠢᠳᠠᠯ ᠨᠢ ᠴᠤᠯᠤ ᠰᠠᠪᠠ | ᠴᠢᠰᠤ ᠬᠡᠢ ᠶᠢᠨ ᠰᠠᠶᠢᠨ ᠮᠠᠭᠤ ᠲᠠᠢ ᠨᠢᠬᠳᠠ ᠬᠤᠯᠪᠤᠭ᠎ᠠ ᠲᠠᠢ᠃ ᠬᠡᠳᠤᠷᠭᠡᠢ ᠬᠦᠭᠰᠡᠬᠦ ᠵᠢᠴᠢ ᠰᠢᠷᠤᠬᠦᠨ ᠬᠥᠳᠡᠯᠭᠡᠭᠡᠨ | ᠬᠢᠪᠠᠯ ᠴᠦᠮ ᠰᠤᠳᠡᠯ ᠤᠨ ᠯᠤᠬᠰᠢᠯᠳᠠ ᠶᠢ ᠲᠦᠷᠭᠡᠨ ᠪᠦᠭᠡᠳ ᠬᠦᠴᠤᠳᠠᠢ ᠪᠤᠯᠭᠠᠵᠤ᠂ ᠰᠤᠳᠡᠯ ᠤᠨ ᠦᠨᠡᠨ | ᠪᠠᠶᠢᠳᠠᠯ ᠢ ᠠᠮᠠᠷᠬᠠᠨ ᠬᠠᠯᠬᠠᠯᠠᠳᠠᠬ ᠶᠤᠮ᠃ ᠡᠶᠢᠮᠤ ᠠᠴᠠ ᠡᠪᠡᠳᠴᠢᠳᠠᠨ ᠡᠪᠡᠳᠴᠢᠨ ᠦᠵᠡᠬᠦᠯᠬᠦ ᠠᠴᠠ ᠡᠮᠤᠨ᠎ᠠ | ᠰᠢᠷᠤᠬᠦᠨ ᠬᠥᠳᠡᠯᠭᠡᠭᠡᠨ ᠬᠢᠬᠦ ᠦᠭᠡᠢ ᠪᠤᠶᠤ ᠬᠡᠳᠤᠷᠭᠡᠢ ᠬᠥᠭᠰᠡᠬᠦ ᠦᠭᠡᠢ ᠪᠠᠶᠢᠪᠠᠯ ᠵᠤᠬᠢᠨ᠎ᠠ᠂ ᠰᠠᠶ᠋ᠢ ᠬᠥᠳᠡᠯᠭᠡᠭᠡᠨ | ᠬᠢᠵᠤ ᠪᠠᠷᠠᠭᠰᠠᠨ ᠪᠤᠶᠤ ᠠᠰᠠᠷ ᠤᠨ ᠱᠠᠳᠤ ᠮᠠᠴᠤᠭᠰᠠᠨ ᠪᠠᠶᠢᠪᠠᠯ ᠵᠢᠭᠠᠬᠠᠨ ᠠᠮᠤᠰᠬᠢᠵᠤ ᠠᠪᠤᠭᠠᠳ ᠰᠤᠳᠡᠯ ᠤᠨ | ᠯᠤᠬᠰᠢᠯᠳᠠ ᠲᠤᠬᠳᠠᠭᠤᠨ ᠪᠤᠯᠤᠭᠰᠠᠨ ᠤ ᠲᠠᠷᠠᠭ᠎ᠠ ᠡᠮᠴᠢ ᠪᠠᠷ ᠰᠤᠳᠡᠯ ᠪᠠᠷᠢᠭᠤᠯᠪᠠᠯ ᠵᠤᠬᠢᠨ᠎ᠠ᠃ | 5. ᠪᠡᠶ᠎ᠠ ᠪᠠᠷᠢᠬᠰᠠᠨ ᠬᠤᠪᠴᠡᠰᠤ ᠡᠮᠤᠰᠬᠦ ᠦᠭᠡᠢ᠃ ᠪᠡᠶ᠎ᠠ ᠶᠢᠨ ᠪᠠᠶᠢᠴᠠᠭᠠᠯᠳᠠ ᠬᠢᠬᠦ ᠪᠤᠯ ᠡᠮᠴᠢ ᠶᠢᠨ | ᠡᠪᠡᠳᠴᠢᠨ ᠦᠵᠡᠬᠦ ᠦᠶ᠎ᠠ ᠶᠢᠨ ᠮᠠᠰᠢ ᠴᠢᠬᠤᠯᠠ ᠪᠠᠶᠢᠴᠠᠭᠠᠨ ᠤᠨᠤᠰᠢᠯᠠᠬᠤ ᠭᠤᠭᠴᠤᠭ᠎ᠠ ᠮᠦᠨ᠂ ᠪᠡᠶ᠎ᠠ ᠶᠢᠨ ᠨᠠᠷᠢᠨ | ᠪᠠᠶᠢᠴᠠᠭᠠᠯᠳᠠ ᠨᠢ ᠡᠮᠴᠢ ᠶᠢᠨ ᠡᠪᠡᠳᠴᠢᠨ ᠤ ᠪᠠᠶᠢᠳᠠᠯ ᠢ ᠤᠨᠤᠪᠴᠢᠳᠠᠢ ᠦᠢᠯᠠᠭᠠᠬᠤ᠂ ᠡᠪᠡᠳᠴᠢᠨ ᠢ ᠵᠦᠪ ᠢᠶᠠᠷ | ᠤᠨᠤᠰᠢᠯᠠᠬᠤ ᠳᠤ ᠴᠢᠬᠤᠯᠠ ᠦᠢᠯᠡᠳᠤᠯ ᠦᠵᠡᠬᠦᠯᠳᠡᠭ᠃ ᠬᠡᠷᠪᠡ ᠬᠡᠳᠤᠷᠭᠡᠢ ᠪᠡᠶ᠎ᠠ ᠪᠠᠷᠢᠬᠰᠠᠨ ᠬᠤᠪᠴᠠᠰᠤ ᠡᠮᠤᠰᠪᠠᠯ | ᠵᠠᠷᠢᠮ ᠹᠢᠽᠢᠤᠯᠤᠬᠢ ᠶᠢᠨ ᠦᠢᠯᠳᠡ ᠪᠠ ᠡᠪᠡᠳᠴᠢᠨ ᠤ ᠵᠦᠢ ᠶᠢᠨ ᠦᠢᠯᠳᠡ ᠶᠢ ᠬᠠᠯᠬᠠᠯᠠᠵᠤ᠂ ᠡᠮᠴᠢ ᠶᠢᠨ | ᠮᠠᠭᠠᠳᠯᠠᠯᠳᠠ ᠭᠠᠷᠭᠠᠬᠤ ᠳᠤ ᠠᠰᠢᠬ ᠦᠭᠡᠢ ᠪᠠᠶᠢᠳᠠᠭ᠃ ᠡᠶᠢᠮᠤ ᠠᠴᠠ᠂ ᠡᠮᠴᠢ ᠶᠢᠨ ᠬᠤᠯᠪᠤᠬᠳᠠᠯ ᠪᠦᠬᠦᠢ | ᠪᠠᠶᠢᠴᠠᠭᠠᠯᠳᠠ ᠬᠢᠬᠦ ᠳᠤ ᠲᠦᠬᠦᠮ ᠪᠠᠶᠢᠯᠭᠠᠬᠤ ᠶᠢᠨ ᠲᠤᠯᠠᠳᠠ᠂ ᠡᠪᠡᠳᠴᠢᠳᠠᠨ ᠡᠪᠡᠳᠴᠢᠨ ᠦᠵᠡᠬᠦᠯᠬᠦ ᠳᠡᠭᠡᠨ | ᠠᠭᠤᠵᠢᠭᠤ ᠡᠯᠪᠡᠭ ᠬᠤᠪᠴᠠᠰᠤ ᠡᠮᠤᠰᠪᠠᠯ ᠵᠤᠬᠢᠨ᠎ᠠ᠃ | 6. ᠡᠪᠡᠳᠴᠢᠨ ᠤ ᠪᠠᠶᠢᠳᠠᠯ ᠢᠶᠠᠨ ᠨᠢᠭᠤᠬᠤ ᠦᠭᠡᠢ᠃ ᠠᠰᠠᠭᠤᠬᠤ ᠰᠢᠨᠵᠢᠯᠡᠭᠡ ᠪᠤᠯ ᠡᠮᠴᠢ ᠶᠢᠨ | ᠡᠪᠡᠳᠴᠢᠨ ᠤᠨᠤᠰᠢᠯᠠᠬᠤ ᠦᠶ᠎ᠠ ᠳᠤ ᠪᠤᠷᠤ ᠮᠠᠲ᠋ᠧᠷᠢᠶᠠᠯ ᠤᠯᠬᠤ ᠴᠢᠬᠤᠯᠠ ᠠᠷᠭ᠎ᠠ ᠮᠦᠨ ᠪᠤᠯᠬᠤᠷ ᠡᠪᠡᠳᠴᠢᠳᠠᠨ | ᠵᠠᠪᠠᠯ ᠡᠪᠡᠳᠴᠢᠨ ᠤ ᠪᠠᠶᠢᠳᠠᠯ ᠢᠶᠠᠨ ᠡᠮᠴᠢ ᠳᠤ ᠦᠨᠡᠨ ᠮᠦᠨ ᠢᠶᠠᠷ ᠨᠢ ᠨᠠᠷᠢᠨ ᠨᠢᠮᠪᠠᠢ ᠲᠠᠨᠢᠯᠴᠠᠭᠤᠯᠬᠤ ᠪᠦᠭᠡᠳ | ᠡᠮᠴᠢ ᠶᠢᠨ ᠠᠰᠠᠭᠤᠬᠰᠠᠨ ᠵᠦᠢᠯ ᠢ ᠲᠤᠳᠤᠷᠬᠠᠢ ᠬᠠᠷᠢᠭᠤᠯᠬᠤ ᠬᠡᠷᠡᠭᠳᠠᠢ᠂ ᠶᠠᠭᠠᠬᠢᠬᠰᠠᠨ ᠴᠤ ᠡᠪᠡᠳᠴᠢᠨ ᠤ ᠪᠠᠶᠢᠳᠠᠯ | ᠢᠶᠠᠨ ᠨᠢᠭᠤᠵᠤ ᠪᠤᠯᠬᠤ ᠦᠭᠡᠢ᠃ ᠡᠮᠴᠢ ᠶᠢᠨ ᠠᠳᠡᠬᠦᠤ ᠤᠨᠤᠰᠢᠯᠠᠵᠤ ᠭᠡᠭᠡᠭᠳᠡᠬᠦᠯᠤᠨ ᠤᠨᠤᠰᠢᠯᠠᠬᠤ ᠶᠢᠨ ᠤᠯᠠᠮ | ᠠᠴᠠ ᠡᠪᠡᠳᠴᠢᠨ ᠤ ᠪᠠᠶᠢᠳᠠᠯ ᠢ ᠰᠠᠭᠠᠳᠠᠭᠠᠬᠤ ᠠᠴᠠ ᠵᠠᠶᠢᠯᠠᠰᠬᠢᠬᠦ ᠶᠢᠨ ᠲᠤᠯᠠᠳᠠ᠂ ᠢᠯᠠᠩᠭᠤᠶ᠎ᠠ ᠡᠪᠡᠳᠴᠢᠨ | ᠡᠮᠭᠡᠭ ᠤᠨ ᠤᠨᠤᠰᠢᠯᠠᠯᠳᠠ ᠶᠢ ᠨᠦᠯᠤᠭᠡᠯᠡᠵᠤ ᠮᠡᠳᠡᠬᠦ ᠲᠤᠰ ᠡᠪᠡᠳᠴᠢᠨ ᠲᠠᠢ ᠬᠤᠯᠪᠤᠬᠳᠠᠬᠤ ᠠᠰᠠᠭᠤᠳᠠᠯ ᠢ | ᠬᠠᠷᠢᠭᠤᠯᠬᠤ ᠳᠠᠭᠠᠨ ᠵᠠᠪᠠᠯ ᠦᠨᠡᠨ ᠦᠭᠡ ᠭᠡᠯᠡᠬᠦ ᠬᠡᠷᠡᠭᠳᠠᠢ᠃ | 7. ᠡᠮᠴᠢ ᠪᠠᠨ ᠪᠠᠶᠢᠨ ᠲᠠᠬᠢᠨ ᠰᠤᠯᠢᠬᠤ ᠦᠭᠡᠢ᠃ ᠮᠠᠰᠢ ᠤᠯᠠᠨ ᠤᠳᠠᠭᠠᠨ ᠴᠢᠨᠠᠷᠳᠠᠢ ᠡᠪᠡᠳᠴᠢᠨ ᠤ ᠵᠠᠰᠠᠯᠭ᠎ᠠ | ᠳᠤ ᠦᠢᠯᠡᠳᠤᠯ ᠨᠢ ᠵᠤᠬᠢᠬᠤ ᠬᠤᠭᠤᠴᠠᠭ᠎ᠠ ᠦᠡᠭᠭᠡᠷᠡᠪᠡᠯ ᠰᠠᠶ᠋ᠢ ᠢᠯᠡᠷᠡᠨ ᠭᠠᠷᠬᠤ ᠪᠦᠭᠡᠳ ᠡᠮᠨᠡᠬᠦ ᠬᠤᠭᠤᠴᠠᠭ᠎ᠠ ᠨᠢ | ᠬᠠᠷᠢᠴᠠᠩᠭᠤᠢ ᠪᠠᠷ ᠤᠷᠳᠤ ᠪᠠᠶᠢᠳᠠᠬ᠃ ᠡᠶᠢᠮᠤ ᠠᠴᠠ ᠬᠡᠳᠤᠨ ᠵᠦᠢᠯ ᠤᠨ ᠡᠮ ᠤᠨ ᠦᠢᠯᠡᠳᠤᠯ ᠨᠢ ᠢᠯᠡᠷᠭᠡᠢ ᠪᠢᠰᠢ | ᠪᠠᠶᠢᠪᠠᠯ ᠲᠡᠷᠠ ᠲᠠᠷᠤᠢ ᠡᠮᠴᠢ ᠪᠠᠨ ᠰᠤᠯᠢᠵᠤ ᠪᠤᠯᠬᠤ ᠦᠭᠡᠢ᠃ ᠡᠬᠦᠨ ᠠᠴᠠ ᠭᠠᠳᠠᠨ᠎ᠠ᠂ ᠡᠮᠴᠢ ᠠᠴᠠ | ᠡᠪᠡᠳᠴᠢᠳᠠᠨ ᠤ ᠡᠪᠡᠳᠴᠢᠨ ᠤ ᠪᠠᠶᠢᠳᠠᠯ ᠢ ᠪᠦᠬᠦ ᠲᠠᠯ᠎ᠠ ᠪᠠᠷ ᠤᠨᠤᠪᠴᠢᠳᠠᠢ ᠦᠢᠯᠠᠭᠠᠬᠤ ᠳᠤ ᠪᠠᠰᠠ ᠵᠤᠬᠢᠬᠤ | ᠶᠠᠪᠤᠴᠠ ᠬᠡᠷᠡᠭᠰᠡᠨ᠎ᠠ᠂ ᠬᠠᠷᠢᠨ ᠡᠮᠴᠢ ᠪᠤᠯᠭᠠᠨ ᠡᠪᠡᠳᠴᠢᠳᠠᠨ ᠤ ᠡᠪᠡᠳᠴᠢᠨ ᠤ ᠪᠠᠶᠢᠳᠠᠯ ᠢ 5 — 6 | ᠮᠢᠨᠦ᠋ᠲ ᠤᠨ ᠲᠤᠳᠤᠷ᠎ᠠ ᠪᠦᠷᠢᠮᠤᠰᠤᠨ ᠦᠢᠯᠠᠭᠠᠴᠢᠬᠠᠬᠤ ᠪᠢᠰᠢ ᠶᠤᠮ᠃ ᠡᠮᠴᠢ ᠪᠠᠨ ᠪᠠᠶᠢᠨ ᠲᠠᠬᠢᠨ ᠰᠤᠯᠢᠬᠤ ᠨᠢ | ᠡᠮᠴᠢᠯᠡᠭᠡᠨ ᠤ ᠲᠠᠪᠬᠤᠷᠳᠠᠯ ᠪᠠ ᠰᠠᠭᠠᠳᠠᠭᠠᠯ ᠢ ᠪᠤᠢ ᠪᠤᠯᠭᠠᠬᠤ ᠯᠡ ᠲᠡᠳᠤᠢ ᠶᠤᠮ᠃ | 8. ᠲᠤᠷ᠎ᠠ ᠪᠠᠷ ᠢᠶᠠᠨ ᠡᠮ ᠬᠡᠷᠡᠭᠯᠡᠬᠦ ᠦᠭᠡᠢ᠃ ᠡᠪᠡᠳᠴᠢᠨ ᠡᠮᠭᠡᠭ ᠢ ᠤᠨᠤᠰᠢᠯᠠᠨ ᠵᠠᠰᠠᠬᠤ ᠶᠠᠪᠤᠴᠠ ᠳᠤ᠂ | ᠡᠮᠴᠢ ᠠᠴᠠ ᠡᠪᠡᠳᠴᠢᠳᠠᠨ ᠤ ᠪᠤᠳᠠᠭᠠᠯᠢ ᠪᠡᠶ᠎ᠠ ᠶᠢᠨ ᠵᠦᠷᠢᠶ᠎ᠠ ᠶᠢ ᠮᠠᠰᠢ ᠴᠢᠬᠤᠯᠠᠴᠢᠯᠠᠳᠠᠭ᠂ ᠡᠪᠡᠳᠴᠢᠯᠡᠭᠰᠡᠨ | ᠰᠢᠯᠳᠠᠭᠠᠨ᠂ ᠴᠠᠭ᠂ ᠭᠠᠵᠠᠷ᠂ ᠡᠪᠡᠳᠴᠢᠨ ᠤ ᠢᠯᠡᠷᠡᠯ ᠵᠡᠷᠭᠡ ᠶᠢᠨ ᠠᠳᠠᠯᠢ ᠪᠤᠰᠤ ᠠᠴᠠ ᠪᠤᠯᠵᠤ ᠡᠮᠨᠡᠨ ᠵᠠᠰᠠᠬᠤ ᠠᠷᠭ᠎ᠠ | ᠪᠠ ᠡᠮ ᠨᠢ ᠴᠤ ᠠᠳᠠᠯᠢ ᠦᠭᠡᠢ ᠪᠠᠶᠢᠳᠠᠬ᠃ ᠵᠠᠷᠢᠮ ᠬᠥᠮᠤᠨ ᠡᠮ ᠤᠤᠭᠤᠭᠠᠳ ᠡᠪᠡᠳᠴᠢᠨ ᠨᠢ ᠰᠠᠶᠢᠨ | ᠪᠤᠯᠪᠠᠯ ᠲᠠᠷᠠᠭ᠎ᠠ ᠤᠳᠠᠭ᠎ᠠ ᠠᠳᠠᠯᠢᠪᠳᠤᠷ ᠡᠪᠡᠳᠴᠢᠨ ᠳᠤ ᠬᠡᠷᠡᠭᠯᠡᠬᠦ ᠶᠢᠨ ᠲᠦᠬᠦᠮ ᠢ ᠪᠤᠳᠤᠵᠤ ᠡᠮ ᠤᠨ ᠨᠠᠷᠠ | ᠪᠤᠶᠤ ᠵᠤᠷ ᠢ ᠨᠢ ᠲᠡᠮᠳᠡᠭᠯᠡᠨ ᠠᠪᠳᠠᠭ︔ ᠡᠰᠡᠬᠦᠯ᠎ᠠ ᠪᠤᠰᠤᠳ ᠤᠨ ᠡᠪᠡᠳᠴᠢᠨ ᠤ ᠢᠯᠡᠷᠡᠯ ᠨᠢ ᠦᠪᠡᠷ ᠤᠨ | ᠡᠪᠡᠳᠴᠢᠨ ᠤ ᠢᠯᠡᠷᠡᠯ ᠲᠠᠢ ᠠᠳᠠᠯᠢᠪᠳᠤᠷ ᠪᠠᠶᠢᠪᠠᠯ᠂ ᠪᠤᠰᠤᠳ ᠤᠨ ᠵᠤᠷ ᠢᠶᠠᠷ ᠡᠮ ᠠᠪᠴᠤ ᠤᠤᠭᠤᠳᠠᠬ᠃ ᠢᠡᠭᠬᠢᠵᠤ | ᠬᠢᠬᠦ ᠨᠢ ᠴᠦᠮ ᠪᠤᠷᠤᠭᠤ ᠶᠤᠮ᠂ ᠴᠢᠨᠠᠭᠰᠢᠯᠠᠪᠠᠯ ᠮᠠᠰᠢ ᠠᠶᠤᠯᠳᠠᠢ ᠪᠠᠶᠢᠳᠠᠬ᠃ | 9. ᠡᠪᠡᠳᠴᠢᠨ ᠤ ᠲᠡᠩᠰᠠ ᠮᠠᠲ᠋ᠧᠷᠢᠶᠠᠯ ᠢᠶᠠᠨ ᠠᠪᠴᠤ ᠤᠴᠢᠬᠤ ᠪᠠᠨ ᠪᠢᠳᠡᠭᠡᠢ ᠮᠠᠷᠳᠠᠭᠠᠷᠠᠢ᠃ | ᠡᠪᠡᠳᠴᠢᠨ ᠦᠵᠡᠬᠦᠯᠬᠦ ᠪᠤᠯᠭᠠᠨ ᠡᠮᠴᠢ ᠴᠦᠮ ᠡᠪᠡᠳᠴᠢᠨ ᠡᠮᠭᠡᠭ ᠤᠨ ᠲᠤᠬᠠᠢ ᠤᠨᠤᠰᠢᠯᠠᠬᠰᠠᠨ ᠪᠠ | ᠰᠢᠢᠳᠪᠤᠷᠢᠯᠡᠭᠰᠡᠨ ᠰᠠᠨᠠᠯ ᠭᠠᠷᠭᠠᠳᠠᠭ᠂ ᠡᠬᠦᠨ ᠠᠴᠠ ᠭᠠᠳᠠᠨ᠎ᠠ ᠪᠠᠰᠠ ᠪᠠᠶᠢᠴᠠᠭᠠᠯᠳᠠ ᠪᠠ ᠬᠢᠮᠢ ᠶᠢᠨ ᠵᠠᠳᠠᠯᠤᠯᠳᠡ ᠶᠢᠨ | ᠦᠷ᠎ᠠ ᠳ᠋ᠦᠩ ᠪᠠᠶᠢᠳᠠᠬ᠃ ᠡᠳᠡᠭᠡᠷ ᠮᠠᠲ᠋ᠧᠷᠢᠶᠠᠯ ᠨᠢ ᠴᠦᠮ ᠮᠠᠰᠢ ᠴᠢᠬᠤᠯᠠ ᠪᠠᠶᠢᠵᠤ᠂ ᠡᠮᠴᠢ ᠶᠢᠨ ᠲᠠᠷᠠᠭ᠎ᠠ ᠤᠳᠠᠭ᠎ᠠ | ᠡᠪᠡᠳᠴᠢᠨ ᠦᠵᠡᠬᠦ ᠳᠤᠨᠢ ᠯᠠᠪᠯᠠᠯᠳᠠ ᠪᠤᠯᠳᠠᠬ᠃ ᠡᠶᠢᠮᠤ ᠠᠴᠠ ᠡᠪᠡᠳᠴᠢᠨ ᠦᠵᠡᠬᠦᠯᠬᠦ ᠪᠦᠷᠢ ᠪᠠᠶᠢᠳᠠᠭ ᠡᠪᠡᠳᠴᠢᠨ | ᠤ ᠲᠡᠩᠰᠠ ᠮᠠᠲ᠋ᠧᠷᠢᠶᠠᠯ ᠢᠯᠠᠩᠭᠤᠶ᠎ᠠ ᠴᠢᠬᠤᠯᠠ ᠪᠠᠶᠢᠴᠠᠭᠠᠯᠳᠠ ᠶᠢᠨ ᠦᠷ᠎ᠠ ᠳ᠋ᠦᠩ ᠢᠶᠠᠨ ᠠᠪᠴᠤ ᠤᠴᠢᠬᠤ | ᠡᠪᠡᠳᠴᠢᠳᠡᠨ ᠳᠤ ᠰᠠᠨᠠᠭᠤᠯᠤᠶ᠎ᠠ᠃ | ᠢᠷᠡᠯᠲᠡ᠄ ᠠᠷᠠᠳ ᠤᠨ ᠰᠦᠯᠵᠢᠶ᠎ᠡ | |