ᠤᠯᠠᠩᠭᠢ ᠬᠦᠮᠦᠰ ᠦᠷᠬᠦᠯᠵᠢ ᠭᠠᠷ ᠤᠳᠠᠰᠤ ᠪᠠᠨ ᠴᠠᠬᠢᠯᠭᠠᠨ ᠴᠡᠨᠡᠭᠯᠡᠭᠰᠡᠨ ᠤ ᠲᠠᠷᠠᠭ᠎ᠠ ᠴᠠᠬᠢᠯᠭᠠᠨ | ᠴᠡᠨᠡᠭᠯᠡᠬᠦᠷ ᠢᠶᠠᠨ ᠰᠠᠯᠭᠠᠵᠤ ᠠᠪᠬᠤ ᠪᠠᠨ ᠮᠠᠷᠳᠡᠴᠢᠬᠠᠳᠠᠭ᠂ ᠭᠡᠪᠡᠴᠣ ᠢᠩᠭᠢᠵᠤ ᠬᠢᠬᠦ ᠨᠢ ᠮᠠᠰᠢ ᠠᠶᠤᠯᠳᠠᠢ᠃ | ᠲᠤᠰᠬᠠᠢ ᠮᠡᠷᠭᠡᠵᠢᠯᠳᠡᠨ ᠤ ᠢᠯᠡᠷᠬᠡᠶᠢᠯᠡᠭᠰᠡᠨ ᠢᠶᠠᠷ᠂ ᠴᠠᠬᠢᠯᠭᠠᠨ ᠴᠡᠨᠡᠭᠯᠡᠭᠦᠷ ᠪᠤᠯ ᠦᠨᠳᠦᠷ ᠬᠦᠴᠦᠳᠡᠯ ᠤᠨ | ᠴᠠᠬᠢᠯᠭᠠᠨ ᠢ ᠲᠤᠤᠷ᠎ᠡ ᠬᠦᠴᠦᠳᠡᠯ ᠤᠨ ᠲᠤᠭᠳᠠᠮᠡᠯ ᠬᠦᠶᠤᠳᠠᠯᠳᠤ ᠴᠠᠬᠢᠯᠭᠠᠨ ᠪᠤᠯᠭᠠᠵᠤ ᠪᠠᠶᠢᠭ᠎ᠠ ᠬᠡᠷᠡᠭᠰᠡᠯ ᠪᠤᠯᠤᠨ᠎ᠠ᠃ | ᠬᠡᠷᠪᠡ ᠴᠠᠬᠢᠯᠭᠠᠨ ᠴᠡᠨᠡᠭᠯᠡᠬᠦᠷ ᠢ ᠤᠭᠯᠠᠭᠤᠷᠭ᠎ᠠ ᠳᠡᠬᠡᠷ᠎ᠡ ᠠᠴᠠ ᠤᠷᠳᠤ ᠬᠤᠭᠤᠴᠠᠭ᠎ᠠ ᠪᠠᠷ ᠰᠠᠯᠭᠠᠬᠤ ᠦᠭᠡᠢ ᠪᠤᠯ᠂ | ᠴᠠᠬᠢᠯᠭᠠᠨ ᠴᠡᠨᠡᠭᠯᠡᠬᠦᠷ ᠦᠷᠬᠦᠯᠵᠢᠯᠡᠨ ᠬᠠᠯᠠᠵᠤ᠂ ᠡᠬᠦᠨ ᠠᠴᠠ ᠪᠤᠯᠵᠤ ᠴᠠᠬᠢᠯᠭᠠᠨ ᠴᠡᠨᠡᠭᠯᠡᠬᠦᠷ ᠤᠨ ᠪᠦᠷᠢᠯᠳᠤᠭᠦᠨ | ᠪᠤᠯᠤᠨ ᠮᠠᠲ᠋ᠧᠷᠢᠶᠠᠯ ᠤᠨ ᠬᠠᠭᠤᠴᠢᠷᠠᠯ ᠬᠤᠷᠳᠤᠰᠴᠤ᠂ ᠡᠨᠡ ᠨᠢ ᠠᠮᠠᠷᠬᠠᠨ ᠲᠦᠳᠡᠯ ᠡᠬᠦᠰᠬᠦ ᠪᠤᠶᠤ ᠦᠨᠳᠦᠷ | ᠬᠦᠴᠦᠳᠡᠯ ᠤᠨ ᠨᠢᠷᠭᠡᠨ ᠨᠡᠪᠳᠡᠯᠳᠡ ᠠᠮᠠᠷᠬᠠᠨ ᠡᠭᠦᠰᠴᠦ᠂ ᠡᠭᠦᠨ ᠠᠴᠠ ᠪᠤᠯᠵᠤ ᠭᠠᠯ ᠤᠨ ᠠᠶᠤᠯ ᠡᠬᠦᠰᠬᠦ ᠪᠤᠯᠤᠮᠵᠢ | ᠲᠠᠢ᠃ | ᠴᠠᠬᠢᠯᠭᠠᠨ ᠤᠭᠯᠠᠭᠤᠷᠭ᠎ᠠ ᠳᠡᠭᠡᠷᠡᠬᠢ ᠴᠠᠬᠢᠯᠭᠠᠨ ᠴᠡᠨᠡᠭᠯᠡᠭᠦᠷ ᠨᠢ ᠭᠠᠷ ᠤᠳᠠᠰᠤ ᠵᠠᠯᠭᠠᠬᠤ ᠦᠭᠡᠢ ᠦᠶᠡᠰ᠂ | ᠬᠡᠪ ᠢᠶᠠᠷ ᠴᠠᠬᠢᠯᠭᠠᠨ ᠴᠡᠨᠡᠭᠯᠡᠬᠦ ᠦᠶ᠎ᠡ ᠲᠠᠢ ᠠᠳᠠᠯᠢᠳᠬᠠᠪᠡᠯ ᠴᠠᠬᠢᠯᠭᠠᠨ ᠬᠦᠶᠦᠳᠡᠯ ᠨᠢ ᠶᠡᠬᠡᠪᠡᠷ ᠪᠠᠭᠠᠰᠴᠤ᠂ ᠵᠠᠷᠢᠮ | ᠨᠢ ᠠᠷᠪᠠ ᠶᠢᠨ ᠨᠢᠭᠡ ᠬᠤᠪᠢ ᠳᠤ ᠴᠦ ᠬᠦᠷᠬᠦ ᠦᠭᠡᠢ᠂ ᠡᠶᠢᠮᠦ ᠪᠠᠶᠢᠳᠠᠯ ᠳᠤᠤᠡ ᠬᠡᠷᠪᠡ ᠴᠠᠬᠢᠯᠭᠠᠨ ᠴᠡᠨᠡᠭᠯᠡᠬᠦᠷ ᠢ | ᠴᠠᠬᠢᠯᠭᠠᠨ ᠤᠭᠯᠠᠭᠤᠷᠭ᠎ᠠ ᠳᠡᠭᠡᠷ᠎ᠡ ᠠᠴᠠ ᠤᠷᠳᠣ ᠬᠤᠭᠤᠴᠠᠭ᠎ᠠ ᠪᠠᠷ ᠰᠠᠯᠭᠠᠬᠤ ᠦᠭᠡᠢ ᠪᠠᠶᠢᠪᠡᠯ ᠠᠮᠠᠷᠬᠠᠨ ᠭᠠᠯ ᠤᠨ | ᠠᠶᠤᠯ ᠡᠬᠦᠰᠴᠣ ᠮᠡᠳᠡᠨ᠎ᠡ᠃ | ᠪᠡᠭᠡᠵᠢᠩ ᠶᠡᠭᠡ ᠰᠤᠷᠭᠠᠭᠤᠯᠢ ᠶᠢᠨ ᠹᠢᠽᠢᠺ ᠤᠨ ᠳᠡᠭᠡᠳᠤ ᠰᠤᠷᠭᠠᠭᠤᠯᠢ ᠶᠢᠨ ᠳᠡᠳ᠋ ᠫᠷᠤᠹᠧᠰᠰᠤᠷ ᠯᠸᠢ ᠢ ᠠᠨ | ᠤ ᠳᠠᠶᠢᠯᠪᠤᠷᠢᠯᠠᠬᠤ ᠪᠠᠷ᠂ ᠴᠡᠬᠢᠯᠭᠠᠨ ᠴᠡᠨᠡᠭᠯᠡᠬᠦᠷ ᠨᠢ ᠬᠡᠯᠬᠢᠶᠡᠨ ᠬᠠᠪᠳᠠᠰᠤᠨ ᠳᠡᠬᠡᠷ᠎ᠡ ᠵᠠᠯᠭᠠᠭᠳᠠᠭᠰᠠᠨ ᠪᠠᠶᠢᠳᠠᠯ | ᠳᠤᠤᠷ᠎ᠡ ᠠᠴᠢᠶ᠎ᠡ ᠪᠠᠶᠢᠬᠤ ᠦᠭᠡᠢ ᠴᠦ ᠵᠤᠬᠢᠬᠤ ᠬᠡᠮᠵᠢᠶᠡᠨ ᠤ ᠴᠠᠬᠢᠯᠭᠠᠨ ᠬᠦᠶᠦᠳᠡᠯ ᠡᠭᠦᠰᠦᠨ᠎ᠡ᠂ ᠵᠠᠷᠢᠮ ᠴᠠᠬᠢᠯᠭᠠᠨ | ᠬᠦᠶᠦᠳᠡᠯ ᠨᠢ ᠪᠠᠭ᠎ᠠ᠂ ᠵᠠᠷᠢᠮ ᠴᠠᠬᠢᠯᠭᠠᠨ ᠬᠦᠶᠦᠳᠡᠯ ᠨᠢ ᠨᠡᠯᠢᠶᠡᠳ ᠶᠡᠭᠡ ᠪᠠᠶᠢᠳᠠᠭ᠃ ᠤᠴᠢᠷ ᠨᠢ ᠴᠠᠬᠢᠯᠭᠠᠨ | ᠴᠡᠨᠡᠭᠯᠡᠬᠦᠷ ᠪᠤᠯ ᠨᠢᠭᠡᠨ ᠬᠦᠴᠦᠳᠡᠯ ᠦᠬᠡᠷᠡᠴᠢᠯᠡᠭᠴᠢ ᠬᠢᠭᠡᠳ ᠬᠦᠶᠦᠳᠡᠯ ᠲᠤᠬᠢᠷᠠᠭᠤᠯᠬᠤ ᠬᠡᠷᠡᠭᠰᠡᠯ ᠮᠦᠨ᠂ ᠳᠡᠷᠡ | ᠨᠢ ᠬᠡᠯᠬᠢᠶᠡᠨ ᠬᠠᠪᠳᠠᠰᠤᠨ ᠳᠡᠭᠡᠷ᠎ᠡ ᠵᠠᠯᠭᠠᠭᠳᠠᠪᠠᠯ ᠳᠠᠷᠤᠢ ᠴᠠᠬᠢᠯᠭᠠᠨ ᠨᠡᠪᠲᠡᠷᠡᠵᠤ᠂ ᠳᠡᠷᠡ ᠨᠢ ᠬᠡᠰᠡᠭ ᠬᠡᠮᠵᠢᠶᠡᠨ ᠤ | ᠴᠠᠬᠢᠯᠭᠠᠨ ᠬᠦᠶᠦᠳᠡᠯ ᠵᠠᠷᠤᠴᠠᠭᠤᠯᠬᠤ ᠮᠦᠷᠳᠡᠭᠡᠨ ᠬᠡᠵᠢᠶᠡᠳᠡ ᠠᠵᠢᠯᠯᠠᠵᠤ ᠪᠠᠶᠢᠳᠠᠭ᠃ ᠦᠬᠡᠷ᠎ᠡ ᠨᠢᠭᠡ ᠳᠠᠯ᠎ᠠ ᠠᠴᠠ | ᠬᠡᠯᠡᠪᠡᠯ᠂ ᠴᠠᠬᠢᠯᠭᠠᠨ ᠴᠡᠨᠡᠭᠯᠡᠭᠦᠷ ᠪᠤᠯ ᠦᠨᠳᠦᠷ ᠬᠦᠴᠦᠳᠡᠯ ᠤᠨ ᠴᠠᠬᠢᠯᠭᠠᠨ ᠢ ᠳᠤᠤᠷ᠎ᠡ ᠬᠦᠴᠦᠳᠡᠯ ᠤᠨ ᠲᠤᠭᠳᠠᠮᠡᠯ | ᠬᠦᠶᠦᠳᠡᠯᠳᠣ ᠴᠠᠬᠢᠯᠭᠠᠨ ᠪᠤᠯᠭᠠᠵᠤ ᠪᠠᠶᠢᠭ᠎ᠠ ᠬᠡᠷᠡᠭᠰᠡᠯ᠂ ᠬᠡᠷᠪᠡ ᠴᠠᠬᠢᠯᠭᠠᠨ ᠴᠡᠨᠡᠭᠯᠡᠭᠦᠷ ᠢ ᠴᠠᠬᠢᠯᠭᠠᠨ ᠤᠭᠯᠠᠭᠤᠷᠭ᠎ᠠ | ᠠᠴᠠ ᠤᠷᠳᠤ ᠬᠤᠭᠤᠴᠠᠭ᠎ᠠ ᠪᠠᠷ ᠰᠠᠯᠭᠠᠬᠤ ᠦᠭᠡᠢ ᠪᠠᠶᠢᠪᠠᠯ᠂ ᠴᠠᠬᠢᠯᠭᠠᠨ ᠴᠡᠨᠡᠭᠯᠡᠭᠦᠷ ᠦᠷᠬᠦᠯᠵᠢᠯᠡᠨ ᠬᠠᠯᠠᠵᠤ᠂ | ᠡᠭᠦᠨ ᠠᠴᠠ ᠪᠤᠯᠵᠤ ᠴᠠᠬᠢᠯᠭᠠᠨ ᠴᠡᠨᠡᠭᠯᠡᠭᠦᠷ ᠤᠨ ᠪᠦᠷᠢᠯᠳᠦᠭᠦᠨ ᠪᠤᠯᠤᠨ ᠮᠠᠲ᠋ᠧᠷᠢᠶᠠᠯ ᠤᠨ ᠬᠠᠭᠤᠴᠢᠷᠠᠯ ᠬᠤᠷᠳᠣᠰᠴᠦ | ᠂ ᠡᠨᠡ ᠨᠢ ᠠᠮᠠᠷᠬᠠᠨ ᠲᠦᠳᠡᠯ ᠡᠭᠦᠰᠬᠦ ᠪᠤᠶᠤ ᠦᠨᠳᠦᠷ ᠬᠦᠴᠦᠳᠡᠯ ᠤᠨ ᠨᠢᠷᠭᠡᠨ ᠨᠡᠪᠳᠡᠯᠳᠡ ᠠᠮᠠᠷᠬᠠᠨ ᠡᠭᠦᠰᠴᠦ᠂ | ᠡᠭᠦᠨ ᠠᠴᠠ ᠪᠤᠯᠵᠤ ᠭᠠᠯ ᠤᠨ ᠠᠶᠤᠯ ᠡᠭᠦᠰᠬᠦ ᠪᠤᠯᠤᠮᠵᠢ ᠲᠠᠢ᠃ 2009 ᠣᠨ ᠤ 8 ᠰᠠᠷ᠎ᠡ ᠳᠤ᠂ ᠭᠤᠸᠠᠩᠵᠸᠤ | ᠶᠢᠨ ᠬᠠᠢ ᠵᠤ᠋ ᠲᠤᠭᠤᠷᠢᠭ ᠤᠨ ᠨᠢᠭᠡᠨ ᠰᠠᠭᠤᠭᠠᠯᠢ ᠠᠷᠠᠳ ᠤᠨ ᠠᠰᠠᠷ ᠲᠤ᠂ ᠭᠠᠷ ᠤᠳᠠᠰᠣᠨ ᠤ ᠴᠡᠨᠡᠭᠯᠡᠭᠦᠷ | ᠲᠦᠳᠡᠯ ᠡᠭᠦᠰᠴᠦ ᠳᠡᠯᠪᠡᠷᠡᠭᠰᠡᠨ ᠠᠴᠠ ᠪᠤᠯᠵᠤ ᠭᠠᠯ ᠭᠠᠷᠴᠤ᠂ ᠬᠤᠶᠡᠷ ᠬᠦᠮᠦᠨ ᠦᠬᠦᠵᠤ ᠬᠤᠶᠡᠷ ᠬᠦᠮᠦᠨ | ᠰᠢᠷᠬᠠᠳᠣᠪᠠ᠃ 2016 ᠤᠨ ᠤ 7 ᠰᠠᠷ᠎ᠡ ᠳᠤ᠂ ᠬᠤᠨᠠᠨ ᠮᠤᠵᠢ ᠶᠢᠨ ᠨᠢᠭᠡᠨ ᠰᠠᠭᠤᠭᠠᠯᠢ ᠠᠷᠠᠳ ᠤᠨ ᠭᠡᠷ ᠲᠤ | ᠂ ᠵᠤᠴᠢᠨ ᠤ ᠦᠷᠦᠭᠡᠨ ᠲᠠᠬᠢ ᠴᠠᠬᠢᠯᠭᠠᠨ ᠤᠭᠯᠠᠭᠤᠷᠭ᠎ᠠ ᠳᠡᠭᠡᠷᠡᠬᠢ ᠭᠠᠷ ᠣᠳᠠᠰᠣᠨ ᠤ ᠴᠠᠬᠢᠯᠭᠠᠨ ᠴᠡᠨᠡᠭᠯᠡᠭᠦᠷ ᠢ | ᠬᠤᠶᠡᠷ ᠰᠠᠷ᠎ᠡ ᠭᠠᠷᠣᠢ ᠰᠠᠯᠭᠠᠵᠤ ᠠᠪᠤᠭᠰᠠᠨ ᠦᠭᠡᠢ ᠠᠴᠠ ᠪᠤᠯᠵᠤ ᠲᠦᠳᠡᠯ ᠡᠭᠦᠰᠴᠦ ᠭᠠᠯ ᠭᠠᠷᠪᠠ᠂ ᠭᠡᠷ ᠤᠨ | ᠡᠵᠡᠨ ᠪᠤᠯᠤᠨ ᠦᠬᠢᠨ ᠨᠢ ᠪᠦᠷ ᠰᠢᠷᠬᠠᠳᠤᠭᠰᠠᠨ ᠪᠠᠶᠢᠨ᠎ᠠ᠃ ᠡᠨᠡ ᠵᠢᠯ ᠤᠨ 2 ᠰᠠᠷ᠎ᠡ ᠶᠢᠨ19 ᠤ ᠡᠳᠦᠷ᠂ | ᠭᠤᠸᠡᠩᠳᠦᠩ ᠮᠤᠵᠢ ᠶᠢᠨ ᠨᠢᠭᠡᠨ ᠬᠤᠲᠠ ᠶᠢᠨ ᠠᠷᠠᠳ ᠤᠨ ᠭᠡᠷ ᠲᠤ ᠶᠡᠭᠡ ᠭᠠᠯ ᠭᠠᠷᠪᠠ᠂ ᠭᠠᠯ ᠭᠠᠷᠤᠭᠰᠠᠨ | ᠰᠢᠯᠳᠠᠭᠠᠨ ᠨᠢ ᠴᠠᠬᠢᠯᠭᠠᠨ ᠴᠡᠨᠡᠭᠯᠡᠭᠦᠷ ᠬᠠᠯᠠᠵᠤ ᠬᠠᠵᠠᠭᠤᠳᠡᠬᠢ ᠬᠤᠪᠴᠠᠰᠤ ᠰᠢᠳᠠᠭᠰᠠᠨ ᠠᠴᠠ ᠪᠤᠯᠵᠠᠢ᠃ | ᠴᠠᠬᠢᠯᠭᠠᠨ ᠴᠡᠨᠡᠭᠯᠡᠭᠦᠷ ᠪᠤᠶᠤ ᠠᠳᠠᠯᠢ ᠲᠦᠷᠦᠯ ᠤᠨ ᠴᠠᠬᠢᠯᠭᠠᠨ ᠬᠡᠷᠡᠭᠰᠡᠯ ᠭᠠᠯ ᠤᠨ ᠠᠶᠤᠯ ᠭᠠᠷᠪᠡᠯ ᠪᠢᠳᠡ | ᠬᠡᠷᠬᠢᠨ ᠪᠠᠴᠢᠮ ᠠᠪᠤᠷᠠᠯᠳᠠ ᠬᠢᠬᠦ ᠪᠤᠢ︖ ᠬᠡᠷᠪᠡ ᠬᠡᠨᠡᠳᠳᠡ ᠪᠠᠷ ᠠᠳᠡᠯ ᠭᠠᠷᠴᠤ᠂ ᠭᠠᠯ ᠤᠨ ᠠᠶᠤᠯ ᠭᠠᠷᠪᠠᠯ᠂ | ᠬᠠᠮᠤᠭ ᠤᠨ ᠲᠦᠷᠦᠭᠦᠨ ᠳᠤ ᠴᠠᠬᠢᠯᠭᠠᠨ ᠢᠶᠠᠨ ᠳᠠᠰᠣᠯᠠᠬᠤ ᠬᠡᠷᠡᠭᠳᠡᠢ᠃ ᠴᠢᠬᠤᠯᠠᠳᠠᠢ ᠪᠠᠶᠢᠪᠠᠯ ᠳᠤᠤᠷ᠎ᠡ ᠭᠡᠷ ᠤᠨ | ᠴᠠᠬᠢᠯᠭᠠᠨ ᠢ ᠳᠠᠰᠤᠯᠵᠤ᠂ ᠤᠰᠤ ᠪᠠᠷ ᠭᠠᠯ ᠢ ᠤᠨᠳᠠᠷᠭᠠᠵᠤ ᠪᠤᠯᠬᠤ ᠦᠭᠡᠢ᠂ ᠣᠴᠢᠷ ᠨᠢ ᠤᠰᠤ ᠴᠠᠬᠢᠯᠭᠠᠨ | ᠳᠠᠮᠵᠢᠭᠤᠯᠤᠨ᠎ᠠ ᠃ ᠡᠭᠦᠨ ᠠᠴᠠ ᠭᠠᠳᠠᠨ᠎ᠠ᠂ ᠴᠠᠬᠢᠯᠭᠠᠨ ᠬᠡᠷᠡᠭᠰᠡᠯ ᠪᠤᠶᠤ ᠴᠠᠬᠢᠯᠭᠠᠨ ᠴᠡᠨᠡᠭᠯᠡᠬᠦᠷ ᠳᠡᠭᠡᠷ᠎ᠡ ᠣᠰᠣ | ᠰᠠᠴᠤᠪᠡᠯ ᠠᠮᠠᠷᠬᠠᠨ ᠵᠠᠳᠠᠷᠠᠬᠤ ᠪᠤᠶᠤ ᠳᠡᠯᠪᠡᠷᠡᠯᠳᠡ ᠡᠬᠦᠰᠬᠦ ᠠᠶᠤᠯ ᠲᠠᠢ᠃ ᠡᠶᠢᠮᠦᠷᠬᠦ ᠪᠠᠶᠢᠳᠠᠯ ᠳᠣᠣᠷ᠎ᠡ ᠵᠤᠵᠠᠭᠠᠨ | ᠬᠤᠪᠴᠠᠰᠤ ᠪᠤᠶᠤ ᠬᠦᠨᠵᠢᠯᠡ ᠪᠠᠷ ᠬᠦᠪᠢᠬᠦ᠂ ᠡᠰᠡᠬᠦᠯ᠎ᠡ ᠠᠭᠠᠷ ᠠᠴᠠ ᠳᠤᠰᠠᠭᠠᠷᠯᠠᠬᠤ ᠠᠷᠭ᠎ᠠ ᠪᠠᠷ ᠬᠦᠨᠵᠢᠯᠡ ᠪᠠᠷ | ᠪᠦᠳᠡᠭᠡᠵᠤ ᠳᠠᠷᠤᠬᠤ ᠵᠡᠷᠬᠡ ᠠᠷᠭ᠎ᠠ ᠪᠠᠷᠢᠯ ᠢ ᠠᠪᠴᠤ᠂ ᠳᠠᠷᠤᠢ ᠳᠦᠷᠬᠡᠬᠡᠨ 119 ᠳᠤ ᠤᠳᠠᠰᠤᠳᠠᠨ ᠬᠡᠷᠡᠭ | ᠮᠡᠳᠡᠬᠦᠯᠬᠦ ᠬᠡᠷᠡᠭᠳᠡᠢ᠃ | ᠵᠠᠷᠢᠮ ᠵᠤᠬᠢᠰ ᠦᠭᠡᠢ ᠴᠠᠬᠢᠯᠭᠠᠨ ᠬᠡᠷᠡᠭᠯᠡᠬᠦ ᠳᠡᠳᠬᠠᠯ ᠠᠴᠠ ᠪᠤᠯᠵᠤ ᠭᠠᠯ ᠤᠨ ᠠᠶᠤᠯ ᠡᠬᠦᠰᠬᠦ ᠪᠤᠯᠤᠮᠵᠢ ᠲᠠᠢ᠂ | ᠡᠶᠢᠮᠦ ᠠᠴᠠ ᠶᠡᠷᠦᠳᠡ ᠶᠢᠨ ᠠᠮᠢᠳᠤᠷᠠᠯ ᠳᠤᠮᠳᠠ ᠴᠠᠬᠢᠯᠭᠠᠨ ᠬᠡᠷᠡᠭᠯᠡᠬᠦ ᠠᠮᠤᠷ ᠲᠦᠪᠰᠢᠨ ᠢ ᠢᠯᠡᠬᠦᠬᠡᠨ ᠠᠩᠬᠠᠷᠴᠤ᠂ | ᠠᠶᠤᠯ ᠢ ᠰᠡᠷᠭᠡᠶᠢᠯᠡᠬᠡᠷᠡᠢ᠃ | ᠢᠷᠡᠯᠳᠡ᠄ ᠦᠪᠦᠷ ᠮᠤᠩᠭᠤᠯ ᠤᠨ ᠡᠳᠦᠷ ᠤᠨ ᠰᠤᠨᠢᠨ |