| | ᠣᠶᠢᠷ᠎ᠠ ᠳᠤ᠂ ᠠᠭᠠᠷ ᠤᠨ ᠳᠤᠯᠠᠭᠠᠨ ᠠᠭᠠᠵᠢᠮ ᠢᠶᠠᠷ ᠳᠤᠯᠠᠭᠠᠷᠠᠬᠤ ᠶᠢ ᠳᠠᠭᠠᠯᠳᠤᠨ᠂ ᠬᠤᠨ ᠭᠠᠯᠠᠭᠤ᠂ | ᠤᠯᠠᠭᠠᠨ ᠣᠯᠣᠰᠤ ᠨᠤᠭᠤᠰᠤ ᠵᠡᠷᠭᠡ ᠦᠯᠡᠮᠵᠢ ᠣᠯᠠᠨ ᠨᠡᠭᠦᠳᠡᠯ ᠤᠨ ᠰᠢᠪᠠᠭᠤ ᠵᠢᠨᠢᠩ ᠲᠣᠭᠤᠷᠢᠭ ᠤᠨ ᠪᠠᠢ ᠬᠠᠢ ᠽᠢ | ᠪᠠᠯᠭᠠᠰᠤᠨ ᠤ ᠮᠢᠶᠣᠣ ᠸᠠᠨ ᠽᠢ ᠤᠰᠤᠨ ᠴᠥᠭᠦᠷᠥᠮ ᠳᠤ ᠣᠷᠣᠰᠢᠨ ᠠᠮᠢᠳᠤᠷᠠᠵᠤ ᠪᠠᠶᠢᠬᠤ ᠶᠢ ᠰᠤᠷᠪᠤᠯᠵᠢᠯᠠᠭᠴᠢ | ᠣᠯᠵᠤ ᠬᠠᠷᠠᠪᠠ᠃ ᠲᠡᠳᠡ ᠡᠰᠡᠬᠦᠯ᠎ᠡ ᠰᠤᠯᠠ ᠰᠡᠯᠡᠭᠦᠦ ᠴᠠᠭ ᠢᠶᠠᠷ ᠢᠶᠠᠨ ᠢᠳᠡᠰᠢᠯᠡᠵᠤ᠂ ᠡᠰᠡᠬᠦᠯ᠎ᠡ ᠵᠢᠭᠦᠷ ᠢᠶᠠᠨ | ᠳᠡᠯᠭᠡᠨ ᠨᠢᠰᠴᠤ᠂ ᠳᠣᠯᠭᠢᠶᠠᠯᠠᠵᠤ ᠪᠠᠶᠢᠭ᠎ᠠ ᠤᠰᠤᠨ ᠭᠠᠳᠠᠷᠭᠤ ᠲᠠᠢ ᠨᠢᠭᠡᠨ ᠦᠵᠡᠰᠬᠦᠯᠡᠩᠲᠦ ᠠᠮᠢ ᠠᠬᠤᠢ ᠶᠢᠨ | ᠵᠢᠷᠤᠭ ᠢ ᠪᠦᠲᠦᠭᠡᠵᠡᠢ᠃ | ︽ᠡᠳᠡᠭᠡᠷ ᠨᠡᠭᠦᠳᠡᠯ ᠤᠨ ᠰᠢᠪᠠᠭᠤ ᠡᠮᠦᠨᠡᠲᠦ ᠣᠷᠣᠨ ᠤ ᠡᠪᠦᠯᠵᠢᠬᠦ ᠭᠠᠵᠠᠷ ᠠᠴᠠ ᠡᠬᠢᠯᠡᠵᠤ᠂ ᠨᠢᠭᠡ ᠵᠠᠮ | ᠤᠮᠠᠷᠠᠰᠢ ᠨᠡᠭᠦᠳᠡᠯᠯᠡᠵᠦ᠂ ᠮᠢᠶᠣᠣ ᠸᠠᠨ ᠽᠢ ᠤᠰᠤᠨ ᠴᠥᠭᠦᠷᠥᠮ ᠪᠣᠯ ᠲᠡᠳᠡᠨ ᠤ ᠴᠢᠬᠤᠯᠠ ᠠᠮᠠᠷᠠᠵᠤ ᠨᠥᠬᠦᠪᠥᠷᠢᠯᠡᠬᠦ | ᠦᠷᠳᠡᠭᠡ ᠪᠣᠯᠤᠨ᠎ᠠ᠂ ᠭᠦᠢᠴᠡᠳ ᠨᠥᠬᠦᠪᠥᠷᠢᠯᠡᠭᠰᠡᠨ ᠤ ᠲᠠᠷᠠᠭ᠎ᠠ᠂ ᠲᠡᠳᠡ ᠦᠷᠭᠦᠯᠵᠢᠯᠡᠨ ᠤᠮᠠᠷᠠᠰᠢ ᠠᠶᠠᠯᠠᠬᠤ | ᠪᠣᠯᠤᠨ᠎ᠠ᠃ ᠵᠢᠨᠢᠩ ᠲᠣᠭᠤᠷᠢᠭ ᠤᠨ ᠨᠤᠭᠤ ᠭᠠᠵᠠᠷ ᠤᠨ ᠬᠠᠮᠠᠭᠠᠯᠠᠯᠲᠠ ᠶᠢᠨ ᠲᠥᠪ ᠤᠨ ᠠᠵᠢᠯᠲᠠᠨ ᠤ | ᠲᠠᠨᠢᠯᠴᠠᠭᠤᠯᠤᠭᠰᠠᠨ ᠢᠶᠠᠷ᠂ ᠨᠡᠭᠦᠳᠡᠯ ᠤᠨ ᠰᠢᠪᠠᠭᠤ ᠶᠢᠨ ᠠᠮᠤᠷ ᠲᠦᠪᠰᠢᠨ ᠢᠶᠠᠷ ᠬᠢᠯᠢ ᠥᠩᠭᠡᠷᠡᠬᠦ ᠶᠢ | ᠪᠠᠲᠤᠯᠠᠬᠤ ᠶᠢᠨ ᠲᠥᠯᠥᠭᠡ᠂ ᠵᠢᠨᠢᠩ ᠲᠣᠭᠤᠷᠢᠭ ᠤᠨ ᠨᠤᠭᠤ ᠭᠠᠵᠠᠷ ᠤᠨ ᠬᠠᠮᠠᠭᠠᠯᠠᠯᠲᠠ ᠶᠢᠨ ᠲᠥᠪ ᠨᠢ ᠤᠰᠤᠨ | ᠴᠥᠭᠦᠷᠥᠮ ᠤᠨ ᠡᠷᠬᠢᠨ ᠲᠣᠭᠤᠷᠢᠨ ᠤ ᠠᠮᠢ ᠠᠬᠤᠶ ᠵᠢᠴᠢ ᠨᠡᠭᠦᠳᠡᠯ ᠤᠨ ᠰᠢᠪᠠᠭᠤ ᠶᠢᠨ ᠪᠠᠶᠢᠳᠠᠯ ᠢ ᠨᠢᠭᠲᠠ | ᠠᠩᠬᠠᠷᠴᠤ᠂ ᠨᠡᠭᠦᠳᠡᠯ ᠤᠨ ᠰᠢᠪᠠᠭᠤ ᠶᠢ ᠣᠯᠵᠤ ᠮᠡᠳᠡᠭᠰᠡᠨ ᠤ ᠳᠠᠷᠠᠭ᠎ᠠ᠂ ᠲᠤᠰᠬᠠᠶ ᠮᠡᠷᠭᠡᠵᠢᠯ ᠤᠨ ᠬᠥᠮᠦᠰ ᠢ | ᠵᠣᠬᠢᠶᠠᠨ ᠪᠠᠶᠢᠭᠤᠯᠤᠨ ᠢᠳᠡᠭᠡᠨ ᠦᠭᠴᠦ ᠲᠡᠵᠢᠭᠡᠬᠦ ᠶᠢᠨ ᠬᠠᠮᠲᠤ ᠨᠡᠭᠦᠳᠡᠯ ᠤᠨ ᠰᠢᠪᠠᠭᠤ ᠶᠢᠨ ᠦᠢᠯᠡ ᠬᠦᠳᠡᠯᠬᠡᠬᠡᠨ | ᠤ ᠵᠠᠮ ᠮᠥᠷ ᠢ ᠴᠠᠭ ᠲᠤᠬᠠᠶ ᠳᠤᠨᠢ ᠬᠢᠨᠠᠨ ᠬᠡᠮᠵᠢᠪᠡ᠃ ᠡᠭᠦᠨ ᠤ ᠬᠠᠮᠲᠤ᠂ ᠡᠳᠡᠭᠡᠷ ᠬᠥᠭᠡᠷᠦᠬᠦᠨ ᠠᠮᠢᠲᠠᠨ ᠵᠢᠨᠢᠩ | ᠲᠣᠭᠤᠷᠢᠭ ᠲᠤ ᠣᠬᠤᠷᠬᠠᠨ ᠬᠤᠭᠤᠴᠠᠭᠠᠨ ᠳᠤ ᠦᠯᠡᠳᠡᠭᠰᠡᠨ ᠤ ᠳᠠᠷᠠᠭ᠎ᠠ᠂ ᠦᠷᠡᠵᠢᠬᠦ ᠭᠠᠵᠠᠷ ᠲᠠᠭᠠᠨ ᠤᠷᠤᠭᠰᠢᠲᠠᠶ | ᠬᠦᠷᠴᠦ᠂ ᠠᠮᠢ ᠨᠠᠰᠤᠨ ᠤ ᠦᠷᠡᠵᠢᠯᠲᠡ ᠶᠢᠨ ᠬᠠᠭᠤᠳᠠᠰᠤ ᠶᠢ ᠦᠷᠭᠦᠯᠵᠢᠯᠡᠨ ᠪᠢᠴᠢᠭᠯᠡᠬᠦ ᠶᠢ ᠬᠦᠰᠡᠵᠦ ᠪᠠᠶᠢᠨ᠎ᠠ᠃ | ᠤᠶᠢᠷ᠎ᠠ ᠶᠢᠨ ᠵᠢᠯ ᠠᠴᠠ ᠨᠠᠰᠢ᠂ ᠵᠢᠨᠢᠩ ᠲᠣᠭᠤᠷᠢᠭ ᠠᠮᠢ ᠠᠬᠤᠢ ᠶᠢᠨ ᠬᠠᠮᠠᠭᠠᠯᠠᠯᠲᠠ ᠶᠢᠨ ᠠᠵᠢᠯ ᠢ | ᠦᠷᠭᠦᠯᠵᠢᠯᠡᠨ ᠴᠢᠩᠭᠠᠳᠬᠠᠵᠤ᠂ ᠡᠯ᠎ᠡ ᠶᠡᠭᠡ ᠤᠰᠤᠨ ᠣᠷᠣᠨ ᠵᠢᠴᠢ ᠡᠷᠭᠢᠨ ᠲᠣᠭᠤᠷᠢᠨ ᠤ ᠠᠮᠢ ᠠᠬᠤᠢ ᠶᠢᠨ | ᠣᠷᠴᠢᠨ ᠲᠣᠭᠤᠷᠢᠨ ᠲᠠᠰᠤᠷᠠᠯᠲᠠ ᠦᠭᠡᠢ ᠰᠠᠶᠢᠵᠢᠷᠠᠵᠤ᠂ ᠨᠡᠭᠦᠳᠡᠯ ᠤᠨ ᠰᠢᠪᠠᠭᠤᠳ ᠲᠤ ᠲᠣᠬᠢᠷᠠᠮᠵᠢᠲᠠᠶ ᠣᠷᠴᠢᠨ | ᠲᠣᠭᠤᠷᠢᠨ ᠬᠠᠩᠭᠠᠪᠠ᠃ | ᠵᠣᠬᠢᠶᠠᠭᠴᠢ᠄ ᠰᠦᠨ ᠭᠦᠸᠧ ᠵᠢᠶᠦ᠋ᠨ | ᠤᠷᠴᠢᠭᠤᠯᠤᠭᠴᠢ᠄ ᠬᠦᠰᠡᠯ | ᠬᠢᠨᠠᠭᠴᠢ᠄ ᠠᠷᠢᠭᠤᠨ |