| | 1 ᠰᠠᠷ᠎ᠠ ᠶᠢᠨ 4 ᠤ ᠡᠳᠦᠷ᠂ ᠤᠯᠠᠭᠠᠨᠬᠠᠳᠠ ᠭᠤᠷᠪᠠᠳᠤᠭᠠᠷ ᠨᠣᠮᠧᠷᠲᠦ ᠭᠠᠯᠲᠤ ᠠᠭᠤᠯᠠ ᠶᠢᠨ ᠬᠤᠷᠮᠣᠶ ᠳᠤ᠂ | ᠰᠢᠨ᠎ᠡ ᠵᠢᠯ ᠤᠨ ᠠᠩᠬᠠᠳᠠᠭᠴᠢ ︽ᠥᠪᠥᠷ ᠮᠣᠩᠭᠤᠯ ᠳᠤ ᠳᠠᠭᠤᠤ ᠬᠠᠩᠬᠢᠨᠠᠬᠤ · ᠪᠠᠶᠠᠰᠬᠤᠯᠠᠩᠲᠤ ᠮᠥᠰᠥ ᠴᠠᠰᠤᠨ ᠤ | ᠤᠯᠠᠷᠢᠯ︾ ᠭᠠᠯᠲᠤ ᠠᠭᠤᠯᠡᠨ ᠳᠤ ᠳᠠᠭᠤᠯᠠᠵᠤ᠂ ᠣᠷᠭᠢᠯᠤᠮ᠎ᠠ ᠬᠠᠯᠠᠭᠤᠨ ᠰᠡᠳᠬᠢᠯᠭᠡ ᠪᠠᠷ ᠪᠢᠯᠬᠠᠨᠠᠮ — | ᠤᠯᠠᠭᠠᠨᠴᠠᠪ ᠤᠨ ︽ᠭᠠᠯᠲᠤ ᠠᠭᠤᠯᠠ ᠶᠢᠨ ᠰᠥᠨᠢ︾ ᠵᠤᠭᠠᠴᠠᠭᠰᠠᠳ ᠬᠠᠯᠠᠭᠤᠨ ᠲᠠᠭᠤᠤ ᠶᠢᠨ ᠤᠯᠠᠷᠢᠯ ᠤᠨ | ᠠᠵᠢᠯᠯᠠᠭ᠎ᠠ ᠣᠷᠭᠢᠯᠤᠮ᠎ᠠ ᠬᠠᠯᠠᠭᠤᠨ ᠰᠡᠳᠬᠢᠯᠭᠡ ᠪᠠᠷ ᠪᠢᠯᠬᠠᠵᠤ᠂ ᠲᠤᠬᠠᠢ ᠶᠢᠨ ᠲᠠᠯᠠᠪᠠᠢ ᠶᠢᠨ ᠠᠭᠤᠷ ᠠᠮᠢᠰᠬᠤᠯ | ᠬᠦᠷ ᠬᠥᠭᠵᠢᠶᠡᠨ ᠲᠠᠢ ᠪᠠᠶᠢᠯ᠎ᠠ᠃ | ᠠᠵᠢᠯᠯᠠᠭ᠎ᠠ ᠶᠢᠨ ᠲᠤᠬᠠᠢ ᠶᠢᠨ ᠲᠠᠯᠠᠪᠠᠢ ᠳᠤ᠂ 30 ᠮᠧᠲᠷ ᠤᠷᠳᠤ ᠲᠤᠮᠤ ᠬᠡᠯᠪᠡᠷᠢ ᠶᠢᠨ ᠰᠢᠷᠠᠬᠤ ᠵᠤᠤᠬ᠎ᠠ ᠨᠢ | ᠵᠤᠭᠠᠴᠠᠭᠰᠠᠳ ᠤᠨ ᠲᠥᠪᠯᠡᠷᠡᠯ ᠤᠨ ᠴᠡᠭ ᠪᠤᠯᠵᠤ᠂ ᠰᠢᠷᠠᠵᠤ ᠦᠢᠯᠡᠳᠦᠭᠰᠡᠨ ᠵᠢᠩᠬᠢᠨᠢ ᠠᠮᠲᠠᠲᠤ ᠢᠳᠡᠭᠡᠨ ᠨᠢ | ᠬᠥᠮᠦᠰ ᠤᠨ ᠪᠠᠭ᠋ᠠᠷᠬᠠᠯ ᠢ ᠲᠠᠲᠠᠨ᠎ᠠ᠃ ᠦᠳᠡᠰᠢ ᠶᠢᠨ ᠬᠦᠰᠢᠬᠡ ᠪᠠᠭᠤᠬᠤ ᠳᠤ ᠲᠦᠮᠡᠨ ᠬᠥᠮᠦᠨ ᠤ ᠨᠠᠶᠢᠷᠠᠯ | ᠳᠠᠭᠤᠤ ᠶᠢᠨ ᠠᠵᠢᠯᠯᠠᠭ᠎ᠠ ᠴᠠᠭ ᠲᠠᠭᠠᠨ ᠶᠠᠪᠤᠭᠳᠠᠵᠤ᠂ ᠵᠤᠭᠠᠴᠠᠭᠰᠠᠳ ᠰᠡᠳᠬᠢᠯ ᠰᠠᠨᠠᠭ᠎ᠠ ᠪᠠᠨ ᠠᠭᠤᠵᠢᠷᠠᠲᠠᠯ᠎ᠠ | ᠪᠥᠵᠢᠭᠯᠡᠵᠦ᠂ ᠳᠣᠲᠣᠭᠠᠳᠤ ᠰᠡᠳᠬᠢᠯ ᠤᠨ ᠪᠠᠶᠠᠷ ᠪᠠᠶᠠᠰᠤᠯ ᠢ ᠪᠠᠳᠠᠷᠠᠭᠤᠯᠪᠠ᠃ | ᠳᠤᠷᠠᠳᠤᠭᠤᠰᠢᠲᠠᠢ ᠶᠠᠪᠤᠳᠠᠯ ᠪᠣᠯ ᠪᠣᠳᠠᠰ ᠤᠨ ᠪᠤᠰᠤ ᠰᠤᠶᠤᠯ ᠤᠨ ᠥᠪ ᠪᠣᠯᠬᠤ ᠭᠠᠯᠲᠤ ᠳᠡᠪᠦᠷ᠎ᠡ ᠶᠢᠨ | ᠲᠣᠭᠯᠠᠯᠲᠠ ᠪᠣᠯᠤᠨ᠎ᠠ᠃ ᠡᠨᠡ ᠬᠦ ᠤᠯᠠᠮᠵᠢᠯᠠᠯᠲᠤ ᠤᠷ᠎ᠠ ᠮᠡᠷᠭᠡᠵᠢᠯ ᠨᠢ ᠡᠷᠲᠡᠨ ᠤ ᠳᠤᠮᠳᠠᠳᠤ ᠶᠢᠨ ᠰᠣᠶᠣᠯ ᠠᠴᠠ | ᠢᠷᠡᠯᠲᠡ ᠲᠠᠢ ᠪᠠᠶᠢᠵᠤ᠂ ᠬᠡᠳᠦᠨ ᠵᠠᠭᠤᠨ ᠵᠢᠯ ᠤᠨ ᠲᠡᠦᠬᠡ ᠪᠠ ᠤᠶᠤᠨ ᠤᠬᠠᠭᠠᠨ ᠢ ᠠᠴᠢᠶᠠᠯᠠᠵᠤ ᠪᠠᠶᠢᠳᠠᠭ᠃ | ᠲᠣᠭᠯᠠᠭᠴᠢᠳ ᠭᠠᠯᠲᠤ ᠳᠡᠪᠦᠷ᠎ᠡ ᠪᠠᠷᠢᠵᠤ᠂ ᠲᠠᠶᠢᠰᠠᠨ ᠳᠡᠭᠡᠷ᠎ᠡ ᠠᠮᠢᠳᠤᠯᠢᠭ ᠰᠦᠯᠵᠢᠯᠳᠦᠵᠦ᠂ ᠬᠥᠳᠡᠯᠭᠡᠭᠡᠨ | ᠨᠢᠭᠡᠪᠦᠷᠢ ᠨᠢ ᠴᠥᠮ ᠭᠤᠶᠢᠳᠠ ᠰᠠᠶᠢᠬᠠᠨ ᠤᠷ᠎ᠠ ᠴᠢᠳᠠᠪᠤᠷᠢ ᠪᠣᠯᠤᠨ ᠭᠦᠨ ᠵᠤᠵᠠᠭᠠᠨ ᠰᠣᠶᠣᠯ ᠤᠨ ᠰᠠᠭᠤᠷᠢ ᠶᠢ | ᠵᠠᠳᠠᠷᠠᠭᠤᠯᠵᠠᠶ᠃ ᠲᠡᠳᠡ ᠭᠠᠯᠲᠤ ᠳᠡᠪᠦᠷ᠎ᠡ ᠶᠢᠨ ᠪᠥᠵᠢᠭ ᠢᠶᠠᠷ ᠤᠯᠠᠮᠵᠢᠯᠠᠯᠲᠤ ᠰᠣᠶᠣᠯ ᠢ ᠬᠠᠶᠢᠷᠠᠯᠠᠬᠤ ᠪᠠ | ᠤᠯᠠᠮᠵᠢᠯᠠᠨ ᠵᠠᠯᠭᠠᠮᠵᠢᠯᠠᠬᠤ ᠶᠢ ᠳᠡᠯᠭᠡᠨ ᠦᠵᠡᠭᠦᠯᠵᠦ᠂ ᠵᠤᠭᠠᠴᠠᠭᠰᠠᠳ ᠤᠨ ᠬᠠᠯᠠᠭᠤᠨ ᠠᠯᠠᠭ᠎ᠠ ᠲᠡᠰᠢᠯᠲᠡ ᠪᠠ | ᠮᠠᠭᠲᠠᠭᠠᠯ ᠰᠠᠶᠢᠰᠢᠶᠠᠯ ᠢ ᠤᠯᠪᠠ᠃ ᠡᠨᠡᠬᠦ ᠲᠣᠭᠯᠠᠯᠲᠠ ᠨᠢ ᠵᠤᠭᠠᠴᠠᠭᠰᠠᠳ ᠲᠤ ᠢᠷᠠᠭᠤ ᠰᠠᠶᠢᠬᠠᠨ ᠬᠠᠷᠠᠭᠠᠨ ᠤ | ᠦᠪᠡᠳᠡᠭᠰᠢ ᠨᠠᠶᠢᠷ ᠢ ᠠᠪᠴᠢᠷᠠᠭᠰᠠᠨ ᠢᠶᠠᠷ ᠪᠠᠷᠠᠬᠤ ᠦᠭᠡᠢ᠂ ᠨᠡᠩ ᠴᠤ ᠲᠡᠳᠡᠨ ᠳᠤ ᠳᠤᠮᠳᠠᠳᠤ ᠤᠯᠤᠰ ᠤᠨ | ᠤᠯᠠᠮᠵᠢᠯᠠᠯᠲᠤ ᠰᠣᠶᠣᠯ ᠤᠨ ᠥᠪᠡᠷᠮᠢᠴᠡ ᠲᠠᠲᠠᠬᠤ ᠬᠦᠴᠦᠨ ᠪᠠ ᠭᠦᠨ ᠵᠤᠵᠠᠭᠠᠨ ᠠᠭᠤᠯᠬᠤᠨ ᠢ ᠭᠦᠨᠵᠡᠭᠡᠢ | ᠮᠡᠳᠡᠷᠡᠭᠦᠯᠵᠡᠢ᠃ | ᠬᠠᠮᠤᠭ ᠰᠡᠭᠦᠯ ᠤᠨ ᠨᠢᠭᠡ ᠤᠳᠠᠭᠠᠨ ᠤ ᠲᠣᠮᠣ ᠬᠡᠯᠪᠡᠷᠢ ᠶᠢᠨ ᠬᠤᠸᠠᠷ ᠫᠤᠤᠵᠢᠩ ᠤᠨ ᠦᠵᠡᠭᠦᠯᠦᠯᠭᠡ ᠨᠢ | ᠠᠭᠠᠷ ᠲᠤ ᠳᠡᠯᠭᠡᠷᠡᠵᠦ᠂ ᠥᠩᠭᠡ ᠢᠯᠭᠠᠷᠠᠮᠡ ᠬᠤᠸᠠᠷ ᠫᠤᠤᠵᠢᠩ ᠪᠦᠬᠦ᠋ᠯᠡ ᠠᠵᠢᠯᠯᠠᠭ᠎ᠠ ᠶᠢᠨ ᠲᠤᠬᠠᠢ ᠶᠢᠨ | ᠲᠠᠯᠠᠪᠠᠢ ᠶᠢ ᠵᠡᠭᠦᠳᠦ ᠵᠡᠷᠭᠡᠯᠭᠡᠨ ᠮᠡᠲᠦ ᠭᠡᠷᠡᠯᠲᠦᠭᠦᠯᠵᠤ᠂ ᠲᠤᠰ ᠤᠳᠠᠭᠠᠨ ᠤ ᠣᠨᠴᠠᠯᠢᠭᠲᠤ ᠬᠥᠳᠡᠯᠭᠡᠭᠡᠨ ᠳᠤ ᠲᠡᠭᠦᠰ | ᠠᠮᠵᠢᠯᠲᠠ ᠲᠠᠢ ᠲᠡᠭᠦᠰᠭᠡᠯ ᠥᠭᠴᠡᠢ᠃ | ᠤᠷᠴᠢᠭᠤᠯᠤᠭᠴᠢ᠄ ᠬᠦᠰᠡᠯ | ᠬᠢᠨᠠᠭᠴᠢ᠄ ᠠᠷᠢᠭᠤᠨ |