ᠠᠵᠠ ᠲᠣᠬᠢᠶᠠᠯ ᠢ ᠠᠮᠵᠢᠨ ᠲᠦᠷᠦᠯ ᠵᠦᠢᠯ ᠢᠶᠠᠷ ᠰᠢᠯᠢᠳᠡᠭ ᠠᠵᠤ ᠦᠢᠯᠡᠰ ᠢ ᠬᠥᠭᠵᠢᠭᠦᠯᠦᠨ ᠮᠠᠨᠳᠤᠭᠤᠯᠬᠤ ᠶᠢ ᠠᠬᠢᠭᠤᠯᠵᠤ ᠰᠢᠶᠠᠨ ᠤ ᠬᠡᠪᠴᠢᠶᠡᠨ ᠤ ᠠᠵᠤ ᠠᠬᠤᠢ ᠶᠢᠨ ᠬᠥᠭᠵᠢᠯᠲᠡ ᠶᠢᠨ ᠰᠢᠨ᠎ᠡ ᠪᠠᠶᠢᠷᠢᠰᠢᠯ ᠢ ᠴᠢᠷᠮᠠᠶᠢᠨ ᠡᠭᠦᠳᠬᠦ ᠬᠡᠷᠡᠭᠲᠡᠢ
ᠨᠡᠶᠢᠲᠡᠯᠡᠭᠰᠡᠨ ᠴᠠᠭ᠄
2024/3/12
ᠠᠵᠠ ᠲᠣᠬᠢᠶᠠᠯ ᠢ ᠠᠮᠵᠢᠨ ᠲᠦᠷᠦᠯ ᠵᠦᠢᠯ ᠢᠶᠠᠷ ᠰᠢᠯᠢᠳᠡᠭ ᠠᠵᠤ ᠦᠢᠯᠡᠰ ᠢ ᠬᠥᠭᠵᠢᠭᠦᠯᠦᠨ ᠮᠠᠨᠳᠤᠭᠤᠯᠬᠤ ᠶᠢ ᠠᠬᠢᠭᠤᠯᠵᠤ ᠰᠢᠶᠠᠨ ᠤ ᠬᠡᠪᠴᠢᠶᠡᠨ ᠤ ᠠᠵᠤ ᠠᠬᠤᠢ ᠶᠢᠨ ᠬᠥᠭᠵᠢᠯᠲᠡ ᠶᠢᠨ ᠰᠢᠨ᠎ᠡ ᠪᠠᠶᠢᠷᠢᠰᠢᠯ ᠢ ᠴᠢᠷᠮᠠᠶᠢᠨ ᠡᠭᠦᠳᠬᠦ ᠬᠡᠷᠡᠭᠲᠡᠢᠰᠤᠷᠪᠤᠯᠵᠢᠯᠠᠭ᠎ᠠ ᠬᠦᠯᠢᠶᠡᠭᠴᠢ᠄ ᠬᠤᠸᠠᠳᠧ ᠰᠢᠶᠠᠨ ᠤ ᠨᠠᠮ ᠤᠨ ᠬᠤᠷᠢᠶᠠᠨ ᠤ ᠳᠡᠳ᠋ ᠱᠦᠵᠢ᠂ ᠰᠢᠶᠠᠨ ᠤ ᠳᠠᠷᠤᠭ᠎ᠠ ᠳ᠋ᠢᠶᠣᠣ ᠴᠦᠨ ᠬᠠᠢ︽ᠵᠠᠰᠠᠭ ᠤᠨ ᠣᠷᠳᠣᠨ ᠤ ᠠᠵᠢᠯ ᠤᠨ ᠢᠯᠡᠳᠬᠡᠯ ᠤᠨ 2024 ᠣᠨ ᠤ ᠭᠤᠣᠯᠳᠠᠯᠭ᠎ᠠ ᠲᠠᠢ ᠠᠵᠢᠯ ᠤᠨ ᠪᠠᠶᠢᠳᠠᠯ ᠤᠨ ᠲᠤᠬᠠᠢ ᠮᠠᠭᠠᠳᠯᠠᠯᠲᠠ ᠨᠢ ᠬᠦᠴᠦᠲᠡᠢ ᠲᠤᠯᠭᠠᠭᠤᠷᠢᠯᠠᠵᠤ᠂ ᠲᠥᠯᠥᠪᠵᠢᠭᠦᠯᠦᠨ ᠪᠠᠶᠢᠷᠢᠯᠠᠭᠤᠯᠬᠤ ᠨᠢ ᠠᠯᠤᠰ ᠬᠡᠲᠦ ᠶᠢᠨ ᠰᠢᠰᠲ᠋ᠧᠮ ᠲᠠᠢ᠂ ᠵᠢᠯᠤᠭᠤᠳᠬᠤ ᠴᠢᠭᠯᠡᠯᠲᠡ ᠨᠢ ᠲᠤᠭ ᠲᠡᠮᠳᠡᠭ ᠲᠣᠳᠣᠷᠬᠠᠢ᠂ ᠡᠭᠦᠷᠭᠡ ᠶᠢᠨ ᠪᠠᠶᠢᠷᠢᠯᠠᠭᠤᠯᠤᠯᠲᠠ ᠶᠢᠨ ᠴᠢᠭᠯᠡᠯ ᠨᠢ ᠲᠣᠳᠣᠷᠬᠠᠢ ᠪᠠᠶᠢᠵᠤ᠂ ᠪᠢᠳᠡᠨ ᠤ ᠠᠵᠢᠯ ᠬᠢᠵᠦ ᠠᠳᠠᠯ ᠦᠢᠯᠡᠰ ᠴᠣᠭᠴᠠᠯᠠᠬᠤ ᠢᠲᠡᠭᠡᠯ ᠵᠣᠷᠢᠭ ᠢ ᠳᠠᠬᠢᠨ ᠢᠶᠠᠷ ᠨᠡᠮᠡᠭᠳᠡᠭᠦᠯᠪᠡ︾ ᠭᠡᠵᠦ ᠲᠣᠪᠴᠢᠯᠠᠵᠠᠢ᠃ ᠬᠤᠸᠠᠳᠧ ᠰᠢᠶᠠᠨ ᠤ ᠬᠢᠨ ᠬᠤᠷᠠᠯ ᠤᠨ ᠵᠣᠷᠢᠭ ᠰᠠᠨᠠᠭ᠎ᠠ ᠶᠢ ᠴᠠᠭ ᠲᠤᠬᠠᠢ ᠳᠤᠨᠢ ᠤᠯᠠᠮᠵᠢᠯᠠᠨ ᠳᠤᠭᠤᠰᠢᠯᠠᠭᠤᠯᠵᠤ᠂ ᠰᠢᠶᠠᠨ ᠤ ᠬᠡᠪᠴᠢᠶᠡᠨ ᠤ ᠪᠣᠳᠠᠲᠤ ᠪᠠᠶᠢᠳᠠᠯ ᠲᠠᠢ ᠤᠶᠠᠯᠳᠤᠭᠤᠯᠵᠤ᠂ ᠢᠯᠠᠯᠲᠠ ᠶᠢᠨ ᠡᠷᠴᠢᠨ ᠳᠡᠭᠡᠷ᠎ᠡ ᠪᠠᠨ ᠤᠷᠤᠭᠰᠢᠯᠠᠵᠤ᠂ ᠰᠢᠷᠭᠠᠭᠤ ᠬᠠᠲᠠᠭᠤᠵᠢᠯᠲᠠᠢ ᠠᠵᠢᠯᠯᠠᠵᠤ᠂ ᠰᠢᠶᠠᠨ ᠤ ᠬᠡᠪᠴᠢᠶᠡᠨ ᠤ ᠠᠵᠤ ᠠᠬᠤᠢ ᠶᠢᠨ ᠬᠥᠭᠵᠢᠯᠲᠡ ᠶᠢᠨ ᠰᠢᠨ᠎ᠡ ᠪᠠᠶᠢᠷᠢᠰᠢᠯ ᠢ ᠡᠭᠦᠳᠬᠦ ᠪᠣᠯᠣᠨ᠎ᠠ᠃ᠰᠣᠷᠪᠤᠯᠵᠢᠯᠠᠭ᠎ᠠ ᠶᠢᠨ ᠪᠣᠳᠠᠲᠤ ᠲᠡᠮᠳᠡᠭᠯᠡᠯ     ︽ᠵᠠᠰᠠᠭ ᠤᠨ ᠣᠷᠳᠣᠨ ᠤ ᠠᠵᠢᠯ ᠤᠨ ᠢᠯᠡᠳᠬᠡᠯ ᠤᠨ 2024 ᠣᠨ ᠤ ᠭᠤᠣᠯᠳᠠᠯᠭ᠎ᠠ ᠲᠠᠢ ᠠᠵᠢᠯ ᠤᠨ ᠪᠠᠶᠢᠳᠠᠯ ᠤᠨ ᠲᠤᠬᠠᠢ ᠮᠠᠭᠠᠳᠯᠠᠯᠲᠠ ᠨᠢ ᠬᠦᠴᠦᠲᠡᠢ ᠲᠤᠯᠭᠠᠭᠤᠷᠢᠯᠠᠵᠤ᠂ ᠲᠥᠯᠥᠪᠵᠢᠭᠦᠯᠦᠨ ᠪᠠᠶᠢᠷᠢᠯᠠᠭᠤᠯᠬᠤ ᠨᠢ ᠠᠯᠤᠰ ᠬᠡᠲᠦ ᠶᠢᠨ ᠰᠢᠰᠲ᠋ᠧᠮ ᠲᠠᠢ᠂ ᠵᠢᠯᠤᠭᠤᠳᠬᠤ ᠴᠢᠭᠯᠡᠯᠲᠡ ᠨᠢ ᠲᠤᠭ ᠲᠡᠮᠳᠡᠭ ᠲᠣᠳᠣᠷᠬᠠᠢ᠂ ᠡᠭᠦᠷᠭᠡ ᠶᠢᠨ ᠪᠠᠶᠢᠷᠢᠯᠠᠭᠤᠯᠤᠯᠲᠠ ᠶᠢᠨ ᠴᠢᠭᠯᠡᠯ ᠲᠣᠳᠣᠷᠬᠠᠢ ᠪᠠᠶᠢᠵᠤ᠂ ᠪᠢᠳᠡᠨ ᠤ ᠠᠵᠢᠯ ᠬᠢᠵᠦ ᠦᠢᠯᠡᠰ ᠴᠣᠭᠴᠠᠯᠠᠬᠤ ᠢᠲᠡᠭᠡᠯ ᠵᠣᠷᠢᠭ ᠢ ᠳᠠᠬᠢᠨ ᠢᠶᠠᠷ ᠨᠡᠮᠡᠭᠳᠡᠭᠦᠯᠪᠡ︾᠃ ᠣᠷᠴᠢᠮᠬᠠᠨ ᠳᠤ ᠬᠤᠸᠠᠳᠧ ᠰᠢᠶᠠᠨ ᠤ ᠨᠠᠮ ᠤᠨ ᠬᠤᠷᠢᠶᠠᠨ ᠤ ᠳᠡᠳ᠋ ᠱᠦᠵᠢ᠂ ᠰᠢᠶᠠᠨ ᠤ ᠳᠠᠷᠤᠭ᠎ᠠ ᠳ᠋ᠢᠶᠣᠣ ᠴᠦᠨ ᠬᠠᠢ ᠰᠤᠷᠪᠤᠯᠵᠢᠯᠠᠭᠴᠢ ᠶᠢᠨ ᠰᠣᠷᠪᠤᠯᠵᠢᠯᠠᠭ᠎ᠠ ᠶᠢ ᠬᠦᠯᠢᠶᠡᠬᠦ ᠳᠡᠭᠡᠨ ᠬᠡᠯᠡᠭᠰᠡᠨ ᠨᠢ᠂ ᠬᠤᠸᠠᠳᠧ ᠰᠢᠶᠠᠨ ᠬᠤᠷᠠᠯ ᠤᠨ ᠵᠣᠷᠢᠭ ᠰᠠᠨᠠᠭ᠎ᠠ ᠶᠢ ᠴᠠᠭ ᠲᠤᠬᠠᠢ ᠳᠤᠨᠢ ᠤᠯᠠᠮᠵᠢᠯᠠᠨ ᠳᠤᠭᠤᠰᠢᠯᠠᠭᠤᠯᠵᠤ᠂ ᠰᠢᠶᠠᠨ ᠤ ᠬᠡᠪᠴᠢᠶᠡᠨ ᠤ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ᠂ ᠠᠰᠢᠭᠲᠠᠢ ᠪᠠᠶᠢᠳᠠᠯ  ᠢ ᠠᠮᠵᠢᠨ ᠤᠷᠤᠭᠰᠢᠯᠠᠵᠤ᠂ ᠪᠣᠳᠠᠲᠠᠢ ᠠᠵᠢᠯᠯᠠᠨ᠂ ᠰᠢᠶᠠᠨ ᠤ ᠬᠡᠪᠴᠢᠶᠡᠨ ᠤ ᠠᠵᠤ ᠠᠬᠤᠢ ᠶᠢᠨ ᠬᠥᠭᠵᠢᠯᠲᠡ ᠶᠢᠨ ᠰᠢᠨ᠎ᠡ ᠪᠠᠶᠢᠷᠢᠰᠢᠯ ᠢ ᠪᠤᠶ ᠪᠣᠯᠭᠠᠨ᠎ᠠ ᠭᠡᠵᠡᠢ᠃     ᠰᠤᠷᠪᠤᠯᠵᠢᠯᠠᠭᠴᠢ᠄ ᠶᠡᠭᠡ ᠬᠤᠷᠠᠯ ᠤᠨ ᠵᠣᠷᠢᠭ ᠰᠠᠨᠠᠭ᠎ᠠ ᠶᠢ ᠬᠡᠷᠬᠢᠨ ᠠᠮᠢᠳᠤᠯᠢᠭ ᠦᠢᠯᠡᠳᠦᠯᠭᠡ ᠪᠠ ᠬᠦᠴᠦᠷᠬᠡᠭ ᠶᠡᠭᠡ ᠬᠥᠳᠡᠯᠭᠡᠬᠦ ᠬᠦᠴᠦᠨ ᠪᠣᠯᠭᠠᠨ ᠬᠤᠪᠢᠷᠠᠭᠤᠯᠬᠤ ᠪᠤᠢ︖     ᠳ᠋ᠢᠶᠣᠣ ᠴᠦᠨ ᠬᠠᠢ᠄ ᠪᠥᠬᠦ ᠲᠠᠯ᠎ᠠ ᠳᠤ ᠰᠠᠭᠤᠷᠢᠯᠠᠨ᠂ ᠡᠯ᠎ᠡ ᠵᠦᠢᠯ ᠤᠨ ᠠᠵᠢᠯ ᠤᠨ ᠡᠭᠦᠷᠭᠡ ᠶᠢ ᠨᠢᠭᠡᠳᠦᠯᠲᠡᠢ ᠲᠥᠯᠥᠪᠯᠡᠨ ᠠᠬᠢᠭᠤᠯᠤᠨ᠎ᠠ᠃     ᠲᠦᠷᠦ ᠶᠢᠨ ᠪᠣᠳᠣᠯᠭ᠎ᠠ ᠶᠢᠨ ᠠᠵᠠ ᠲᠣᠬᠢᠶᠠᠯ ᠢ ᠵᠠᠪᠳᠤᠨ ᠠᠳᠬᠤᠬᠤ ᠶᠢ ᠪᠠᠷᠢᠮᠲᠠᠯᠠᠬᠤ ᠬᠡᠷᠡᠭᠲᠡᠢ᠃ ᠲᠦᠷᠦ ᠶᠢᠨ ᠶᠠᠪᠤᠳᠠᠯ ᠤᠨ ᠬᠤᠷᠢᠶᠠᠨ ᠤ ᠨᠡᠶᠢᠲᠡᠯᠡᠭᠰᠡᠨ ︽ᠰᠠᠨᠠᠯ︾ ᠢ ᠴᠢᠩᠭ᠎ᠠ ᠠᠩᠬᠠᠷᠴᠤ᠂ ᠲᠦᠷᠦ ᠶᠢᠨ ᠪᠣᠳᠣᠯᠭ᠎ᠠ ᠶᠢᠨ ᠳᠡᠮᠵᠢᠯᠭᠡ ᠶᠢ ᠭᠦᠢᠴᠡᠳ ᠠᠰᠢᠭᠯᠠᠵᠤ᠂ ᠠᠮᠢᠳᠤᠯᠢᠭ ᠬᠡᠷᠡᠭᠯᠡᠵᠦ᠂ ᠬᠤᠸᠠ ᠴᠧᠨ ᠰᠢᠨᠵᠢᠯᠡᠬᠦ ᠤᠬᠠᠭᠠᠨ ᠮᠡᠷᠭᠡᠵᠢᠯ᠂ ᠰᠢᠨ ᠺᠧ ᠲᠡᠮᠡᠭᠡᠨ ᠨᠣᠯᠤᠤᠷ᠂ ᠬᠠᠶᠢᠯᠤᠰᠢ ᠶᠢᠨ ᠰᠢᠨ᠎ᠡ ᠮᠠᠲ᠋ᠧᠷᠢᠶᠠᠯ ᠵᠡᠷᠭᠡ ᠳᠡᠭᠡᠳᠦ ᠰᠢᠨ᠎ᠡ ᠮᠡᠷᠭᠡᠵᠢᠯ ᠤᠨ ᠠᠵᠤ ᠠᠬᠤᠶᠢᠯᠠᠯ ᠳᠤ ᠲᠦᠰᠢᠭᠯᠡᠨ᠂ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠲᠠᠪᠴᠠᠩ᠂ ᠰᠤᠳᠤᠯᠤᠨ ᠨᠡᠭᠡᠭᠡᠬᠦ ᠲᠤᠷᠰᠢᠯᠲᠠ ᠶᠢᠨ ᠲᠠᠰᠤᠭ ᠢ ᠰᠠᠶᠢᠲᠤᠷ ᠠᠰᠢᠭᠯᠠᠵᠤ᠂ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠪᠠᠷ ᠣᠳᠣᠬᠢᠴᠢᠯᠠᠭᠰᠠᠨ ᠠᠵᠤ ᠦᠢᠯᠡᠰ ᠤᠨ ᠰᠢᠰᠲ᠋ᠧᠮ ᠤᠨ ᠪᠠᠶᠢᠭᠤᠯᠤᠯᠲᠠ ᠶᠢ ᠬᠥᠲᠥᠯᠥᠨ ᠳᠠᠭᠠᠭᠤᠯᠵᠤ᠂ ᠴᠢᠨᠠᠷ ᠰᠠᠶᠢᠲᠠᠢ ᠬᠥᠭᠵᠢᠯᠲᠡ ᠶᠢᠨ ᠰᠢᠨ᠎ᠡ ᠬᠥᠳᠡᠯᠭᠡᠬᠦ ᠬᠦᠴᠦᠨ ᠢ ᠬᠥᠭᠵᠢᠭᠡᠨ᠎ᠡ᠃     ᠲᠦᠷᠦᠯ ᠵᠦᠢᠯ ᠢᠶᠠᠷ ᠬᠥᠲᠥᠯᠥᠨ ᠳᠠᠭᠠᠭᠤᠯᠬᠤ ᠶᠢ ᠪᠠᠷᠢᠮᠲᠠᠯᠠᠨ᠎ᠠ᠃ ᠠᠷᠠᠯᠵᠢᠶᠠᠴᠢᠨ ᠤᠷᠢᠵᠤ ᠪᠡᠯᠡ ᠣᠷᠣᠭᠤᠯᠬᠤ ᠶᠢ ᠪᠥᠬᠦ ᠬᠦᠴᠦᠨ ᠢᠶᠠᠷ ᠢᠶᠠᠨ ᠥᠷᠨᠢᠭᠦᠯᠵᠦ᠂ ᠪᠦᠲᠦᠮᠵᠢᠲᠡᠶ ᠪᠡᠯᠡ ᠣᠷᠣᠭᠤᠯᠤᠯᠲᠠ ᠶᠢ ᠢᠳᠡᠪᠬᠢᠲᠡᠢ ᠥᠷᠭᠡᠳᠬᠡᠨ᠂ ᠬᠤᠳᠠᠯᠳᠤᠭ᠎ᠠ ᠡᠷᠭᠢᠯᠡᠬᠦ ᠣᠷᠴᠢᠨ ᠨᠥᠬᠦᠴᠡᠯ ᠢ ᠲᠠᠰᠤᠷᠠᠯᠲᠠ ᠦᠭᠡᠢ ᠰᠢᠯᠢᠳᠡᠭᠵᠢᠭᠦᠯᠵᠦ᠂ ᠣᠨᠴᠠᠯᠢᠭᠲᠤ ᠳᠠᠪᠠᠭᠤᠯᠢᠭ ᠠᠵᠤ ᠦᠢᠯᠡᠰ ᠤᠨ ᠲᠣᠭᠤᠷᠢᠨ ᠳᠤ ᠬᠡᠯᠬᠢᠶᠡᠰᠦ ᠶᠢ ᠤᠷᠲᠤᠳᠬᠠᠬᠤ᠂ ᠬᠡᠯᠬᠢᠶᠡᠰᠦ ᠶᠢ ᠨᠥᠬᠦᠪᠦᠷᠢᠯᠡᠬᠦ᠂ ᠬᠡᠯᠬᠢᠶᠡᠰᠦ ᠶᠢ ᠴᠢᠩᠭᠠᠳᠬᠠᠬᠤ ᠳᠡᠭᠡᠷ᠎ᠡ ᠬᠦᠴᠦ ᠲᠠᠯᠪᠢᠵᠤ᠂ ᠪᠥᠬᠦ ᠰᠢᠶᠠᠨ ᠤ 12 ᠴᠢᠬᠤᠯᠠ ᠶᠡᠭᠡ ᠲᠥᠷᠥᠯ ᠵᠦᠢᠯ ᠢ ᠪᠣᠳᠠᠲᠠᠢ ᠳᠤ ᠨᠠᠶᠢᠳᠠᠪᠤᠷᠢᠵᠢᠭᠤᠯᠤᠨ ᠬᠡᠷᠡᠭᠵᠢᠭᠦᠯᠬᠦ ᠶᠢ ᠲᠦᠯᠬᠢᠨ ᠠᠬᠢᠭᠤᠯᠤᠨ᠎ᠠ᠃     ᠠᠵᠤ ᠦᠢᠯᠡᠰ ᠤᠨ ᠪᠦᠲᠦᠴᠡ ᠶᠢ ᠰᠢᠯᠢᠳᠡᠭᠵᠢᠭᠦᠯᠬᠦ ᠶᠢ ᠪᠠᠷᠢᠮᠲᠠᠯᠠᠨ᠎ᠡ᠃ ᠣᠲᠣ ᠦᠶ᠎ᠡ ᠶᠢᠨ ᠠᠵᠤ ᠦᠢᠯᠡᠰ ᠤᠨ ᠰᠢᠰᠲ᠋ᠧᠮᠵᠢ ᠶᠢ ᠪᠥᠬᠦ ᠲᠠᠯ᠎ᠠ ᠪᠠᠷ ᠪᠠᠶᠢᠭᠤᠯᠤᠨ ᠪᠣᠬᠢᠷᠲᠤᠯ ᠦᠭᠡᠢ ᠬᠠᠶᠢᠯᠤᠰᠢ ᠶᠢᠨ ᠠᠵᠤ ᠦᠢᠯᠡᠰ ᠤᠨ ᠳᠠᠪᠠᠭᠤᠯᠢᠭ ᠢ ᠪᠠᠳᠠᠷᠠᠭᠤᠯᠵᠤ᠂ ᠰᠢᠨ ᠰᠢᠨ ᠽᠧ᠂ ᠮᠧᠩ ᠳ᠋ᠡ ᠲᠢᠲ᠋ᠠᠨ ᠤ ᠦᠢᠯᠡᠰ ᠵᠡᠷᠭᠡ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢ ᠲᠦᠷᠭᠡᠳᠬᠡᠨ ᠠᠬᠢᠭᠤᠯᠵᠤ᠂ ᠬᠠᠶᠢᠯᠤᠰᠢ ᠶᠢᠨ ᠠᠵᠤ ᠦᠢᠯᠡᠰ ᠤᠨ ᠲᠥᠪᠯᠡᠷᠡᠯ ᠤᠨ ᠬᠡᠮᠵᠢᠶ᠎ᠡ ᠪᠠ ᠮᠡᠷᠭᠡᠵᠢᠯ ᠲᠣᠨᠣᠭᠯᠠᠯ ᠤᠨ ᠬᠢᠷᠢ ᠬᠡᠮᠵᠢᠶ᠎ᠡ ᠶᠢ ᠳᠡᠭᠡᠭᠰᠢᠯᠡᠭᠦᠯᠦᠨ᠎ᠡ︔ ᠰᠢᠨ᠎ᠡ ᠡᠨᠧᠷᠭᠢ ᠶᠢᠨ ᠠᠵᠤ ᠦᠢᠯᠡᠰ ᠤᠨ ᠳᠠᠪᠠᠭᠤᠯᠢᠭ ᠢ ᠪᠠᠳᠠᠷᠠᠭᠤᠯᠵᠤ᠂ ᠭᠤᠷᠪᠠᠨ ᠬᠠᠪᠴᠢᠯ ᠤᠨ ᠡᠬᠢ ᠰᠤᠷᠪᠤᠯᠵᠢ ᠳᠤᠤᠷ ᠳᠠᠭᠠᠭᠴᠠ ᠨᠦᠬᠡᠴᠡ ᠶᠢ ᠨᠢᠭᠡ ᠴᠣᠭᠴᠠᠵᠢᠭᠤᠯᠤᠭᠰᠠᠨ ᠪᠤᠬᠢᠷᠳᠤᠯ ᠦᠬᠡᠢ ᠴᠠᠬᠢᠯᠭᠠᠨ ᠤ ᠲᠦᠷᠦᠯ ᠵᠦᠢᠯ᠂ ᠠᠪᠴᠢᠮᠠᠯ ᠠᠭᠠᠷ ᠤᠨ ᠡᠨᠧᠷᠭᠢ ᠬᠠᠳᠠᠭᠠᠯᠠᠬᠤ ᠵᠢᠱᠢᠶ᠎ᠡ ᠦᠵᠡᠭᠦᠯᠬᠦ ᠲᠦᠷᠦᠯ ᠵᠦᠢᠯ ᠢ ᠪᠦᠬᠦ ᠬᠦᠴᠦᠨ ᠢᠶᠠᠷ ᠠᠬᠢᠭᠤᠯᠵᠤ᠂ ᠲᠢᠶᠠᠨ ᠴᠧᠩ᠂ ᠢ ᠯᠢ ᠲᠠᠷᠬᠠᠯᠲᠠ ᠶᠢᠨ ᠬᠡᠯᠪᠡᠷᠢ ᠶᠢᠨ ᠭᠡᠷᠡᠯ ᠴᠡᠨᠡᠭ ᠤᠨ ᠪᠤᠬᠢᠷᠳᠤᠯ ᠦᠬᠡᠢ ᠴᠠᠬᠢᠯᠭᠠᠨ ᠢ ᠰᠢᠭᠤᠳ ᠬᠠᠩᠭᠠᠬᠤ᠂ ᠴᠠᠩ ᠱᠦᠨ ᠪᠠᠯᠭᠠᠰᠤ ᠶᠢᠨ 5 ᠲᠦᠮᠡᠨ ᠺᠢᠯᠣᠸᠠᠲ ᠤᠨ ᠲᠠᠷᠬᠠᠯᠲᠠ ᠶᠢᠨ ᠬᠡᠯᠪᠡᠷᠢ ᠶᠢᠨ ᠰᠠᠯᠬᠢᠨ ᠬᠦᠴᠦᠨ ᠤ ᠴᠠᠬᠢᠯᠭᠠᠨ ᠤ ᠲᠦᠷᠦᠯ ᠵᠦᠢᠯ ᠢ ᠠᠬᠢᠭᠤᠯᠵᠤ᠂ ᠴᠠᠬᠢᠯᠭᠠᠨ ᠭᠠᠷᠭᠠᠬᠤ᠂ ᠴᠠᠬᠢᠯᠭᠠᠨ ᠬᠡᠷᠡᠭᠯᠡᠬᠦ᠂ ᠴᠠᠬᠢᠯᠭᠠᠨ ᠬᠠᠳᠠᠭᠠᠯᠠᠬᠤ ᠰᠢᠨ᠎ᠡ ᠡᠨᠧᠷᠭᠢ ᠶᠢᠨ ᠠᠵᠤ ᠦᠢᠯᠡᠰ ᠤᠨ ᠬᠡᠯᠬᠢᠶ᠎ᠡ ᠶᠢ ᠪᠠᠶᠢᠭᠤᠯᠤᠨ᠎ᠠ︔ ᠣᠨᠴᠠᠯᠢᠭᠲᠤ ᠬᠤᠪᠴᠠᠰᠤ ᠬᠤᠨᠠᠷ ᠤᠨ ᠠᠵᠤ ᠦᠢᠯᠡᠰ ᠤᠨ ᠳᠠᠪᠠᠭᠤᠯᠢᠭ ᠢ ᠪᠠᠳᠠᠷᠠᠭᠤᠯᠵᠤ᠂ ᠵᠠᠬᠢᠶᠠᠯᠠᠭ᠎ᠠ ᠶᠢᠨ ᠲᠤᠬᠠᠶᠢᠯᠠᠭᠰᠠᠨ ᠠᠵᠢᠯ ᠢ ᠴᠢᠷᠮᠠᠶᠢᠨ ᠬᠢᠵᠦ᠂ ᠰᠦᠯᠵᠢᠶᠡᠨ ᠤ ᠪᠣᠷᠤᠯᠠᠭᠤᠯᠭ᠎ᠠ ᠪᠠ ᠭᠠᠳᠠᠭᠠᠳᠤ ᠠᠷᠠᠯᠵᠢᠶ᠎ᠠ ᠶᠢ ᠥᠷᠭᠡᠳᠬᠡᠨ᠂ ᠵᠢᠯ ᠤᠨ ᠳᠣᠲᠣᠷ᠎ᠠ 1500 ᠲᠦᠮᠡᠨ ᠵᠠᠬ᠎ᠠ ᠬᠤᠪᠴᠠᠰᠤ ᠬᠤᠨᠠᠷ ᠤᠨ ᠪᠣᠷᠤᠯᠠᠭᠤᠯᠭ᠎ᠠ ᠶᠢ ᠪᠡᠶᠡᠯᠡᠭᠦᠯᠦᠨ᠎ᠡ︔ ᠣᠲᠣ ᠦᠶ᠎ᠡ ᠶᠢᠨ ᠪᠠᠷᠠᠭᠠᠨ ᠤ ᠭᠦᠢᠯᠭᠡᠭᠡᠨ ᠤ ᠳᠠᠪᠠᠭᠤᠯᠢᠭ ᠢ ᠪᠠᠳᠠᠷᠠᠭᠤᠯᠵᠤ᠂ ᠼᠤᠤ ᠹᠧᠢ ᠳ᠋ᠢᠶᠠᠨ ᠲᠣᠭᠤᠷᠢᠭ ᠯᠤᠭ᠎ᠠ ᠶᠢᠨ ᠭᠦᠨᠵᠡᠭᠡᠢ ᠬᠠᠮᠲᠤᠷᠠᠯᠴᠠᠭ᠎ᠠ ᠶᠢ ᠭᠦᠨᠵᠡᠭᠡᠶᠢᠷᠡᠭᠦᠯᠦᠨ᠂ ᠼᠤᠤ ᠹᠧᠢ ᠳ᠋ᠢᠶᠠᠨ ᠭᠠᠷᠠᠮ ᠤᠨ ᠬᠤᠸᠠᠳᠧ ᠶᠢᠨ ᠳᠣᠲᠣᠭᠠᠳᠤ ᠬᠠᠭᠤᠷᠠᠢ ᠶᠢᠨ ᠭᠠᠷᠠᠮ ᠢ ᠲᠦᠷᠭᠡᠳᠬᠡᠨ ᠪᠠᠶᠢᠭᠤᠯᠵᠤ᠂ ᠴᠢᠯᠦᠭᠡᠲᠦ ᠠᠷᠠᠯᠵᠢᠶᠠᠨ ᠤ ᠲᠣᠭᠤᠷᠢᠭ ᠢ ᠡᠭᠦᠳᠦᠨ ᠪᠠᠶᠢᠭᠤᠯᠬᠤ ᠢᠨᠵᠧᠨᠧᠷᠢᠩ ᠳᠤ ᠢᠳᠡᠪᠬᠢᠲᠡᠢ ᠪᠠᠷ ᠠᠭᠤᠰᠤᠯᠴᠠᠭᠤᠯᠤᠨ᠂ ᠳᠤᠮᠳᠠᠳᠤ ᠮᠣᠩᠭᠤᠯ ᠣᠷᠣᠰ ᠤᠨ ᠬᠠᠭᠤᠷᠠᠢ ᠲᠡᠯᠡᠶ ᠶᠢᠨ ᠣᠯᠠᠨ ᠤᠯᠤᠰ ᠤᠨ ᠬᠠᠮᠲᠤᠷᠠᠭᠰᠠᠨ ᠲᠡᠭᠡᠭᠡᠪᠦᠷᠢ ᠶᠢᠨ ᠰᠢᠨ᠎ᠡ ᠵᠠᠮ ᠢ ᠪᠥᠬᠦ ᠬᠦᠴᠦᠨ ᠢᠶᠠᠷ ᠢᠶᠠᠨ ᠡᠭᠦᠳᠦᠨ ᠪᠠᠶᠢᠭᠤᠯᠵᠤ᠂ ᠵᠢᠯ ᠤᠨ ᠳᠣᠲᠣᠷ᠎ᠠ ᠪᠠᠷᠠᠭ᠎ᠠ ᠲᠡᠭᠡᠭᠡᠪᠦᠷᠢᠯᠡᠬᠦ ᠳᠤ 100 ᠲᠦᠮᠡᠨ ᠲᠣᠨ ᠢ ᠳᠠᠪᠠᠭᠤᠯᠵᠤ᠂ ᠭᠠᠳᠠᠭᠠᠳᠤ ᠠᠷᠠᠯᠵᠢᠶᠠᠨ ᠤ ᠲᠤᠭ᠎ᠠ ᠬᠡᠮᠵᠢᠶ᠎ᠡ ᠶᠢ 2 ᠳ᠋ᠦᠩᠰᠢᠭᠤᠷ ᠲᠥᠭᠦᠷᠢᠭ ᠲᠤ ᠬᠦᠷᠦᠭᠦᠯᠬᠦ ᠪᠠᠷ ᠴᠢᠷᠮᠠᠶᠢᠨ᠎ᠠ᠃     ᠲᠠᠷᠢᠶᠠᠯᠠᠩ ᠬᠥᠳᠡᠭᠡ ᠲᠣᠰᠬᠤᠨ ᠢ ᠤᠷᠢᠳᠠᠪᠠᠷ ᠬᠥᠭᠵᠢᠭᠦᠯᠬᠦ ᠶᠢ ᠪᠠᠷᠢᠮᠲᠠᠯᠠᠨ᠎ᠡ᠃ ᠲᠠᠷᠢᠶᠠᠯᠠᠩ ᠮᠠᠯ ᠠᠵᠤ ᠠᠬᠤᠢ ᠶᠢᠨ ᠬᠤᠶᠠᠷ ᠬᠡᠯᠬᠢᠶᠡᠲᠦ ᠬᠥᠭᠵᠢᠯᠲᠡ ᠶᠢ ᠰᠠᠶᠢᠲᠤᠷ ᠬᠢᠵᠦ᠂ ᠯᠠᠨ ᠵᠢᠩ᠂ ᠮᠧᠩ ᠳ᠋ᠢᠶᠠᠨ ᠵᠡᠷᠭᠡ ᠬᠥᠲᠥᠴᠢ ᠠᠵᠤ ᠠᠬᠤᠶᠢᠯᠠᠯ ᠳᠤ ᠲᠦᠰᠢᠭᠯᠡᠨ᠂ ᠤᠷᠭᠤᠮᠠᠯ ᠤᠨ ᠦᠢᠯᠡᠳᠪᠦᠷᠢ᠂ ᠦᠷ᠎ᠡ ᠶᠢᠨ ᠰᠠᠭᠤᠷᠢᠨ ᠭᠠᠵᠠᠷ ᠢ ᠪᠦᠲᠦᠭᠡᠨ ᠪᠠᠶᠢᠭᠤᠯᠵᠤ᠂ ᠲᠥᠮᠥᠰᠥ ᠶᠢᠨ ᠰᠠᠶᠢᠨ ᠡᠭᠦᠯᠳᠡᠷ ᠢ ᠪᠣᠶᠢᠵᠢᠭᠤᠯᠬᠤ᠂ ᠳᠠᠷᠢᠬᠤ᠂ ᠨᠠᠷᠢᠯᠢᠭ ᠡᠳ᠋ᠰᠢᠭᠦᠯᠬᠦ ᠠᠵᠤ ᠦᠢᠯᠡᠰ ᠤᠨ ᠬᠡᠯᠬᠢᠶ᠎ᠡ ᠶᠢ ᠪᠣᠶ ᠪᠣᠯᠭᠠᠨ᠎ᠠ︔ ᠪᠠᠷᠢᠮᠵᠢᠶᠠᠵᠢᠭᠤᠯᠤᠭᠰᠠᠨ ᠠᠯᠠᠰᠢᠨ ᠬᠤᠨᠢ ᠲᠡᠵᠢᠭᠡᠨ ᠦᠷᠡᠵᠢᠭᠦᠯᠬᠦ ᠬᠦᠷᠢᠶᠡᠯᠡᠩ ᠲᠣᠭᠤᠷᠢᠭ ᠲᠤ ᠲᠦᠰᠢᠭᠯᠡᠨ᠂ ᠬᠥᠲᠥᠴᠢ ᠠᠵᠤ ᠠᠬᠤᠶᠢᠯᠠᠯ ᠢ ᠣᠷᠣᠭᠤᠯᠤᠨ ᠠᠪᠴᠢᠷᠠᠵᠤ᠂ ᠵᠠᠬᠢᠶᠠᠯᠠᠭ᠎ᠠ ᠶᠢᠨ ᠬᠠᠮᠲᠤᠷᠠᠯᠴᠠᠭ᠎ᠠ ᠶᠢ ᠴᠢᠩᠭᠠᠳᠬᠠᠨ᠂ ᠲᠡᠵᠢᠭᠡᠨ ᠦᠷᠡᠵᠢᠭᠦᠯᠬᠦ᠂ ᠠᠷᠠᠯᠵᠢᠶᠠᠯᠠᠬᠤ᠂ ᠨᠢᠲᠤᠯᠵᠤ ᠡᠳ᠋ᠰᠢᠭᠦᠯᠬᠦ᠂ ᠵᠠᠬᠢᠶᠠᠯᠠᠭ᠎ᠠ ᠶᠢᠨ ᠪᠣᠷᠤᠯᠠᠭᠤᠯᠭ᠎ᠠ ᠶᠢᠨ ᠠᠯᠠᠰᠢᠨ ᠬᠤᠨᠢᠨ ᠤ ᠠᠵᠤ ᠦᠢᠯᠡᠰ ᠤᠨ ᠬᠡᠯᠬᠢᠶ᠎ᠡ ᠶᠢ ᠪᠣᠶ ᠪᠣᠯᠭᠠᠵᠤ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠪᠥᠬᠦ ᠲᠠᠯ᠎ᠠ ᠪᠠᠷ ᠠᠬᠢᠭᠤᠯᠤᠨ᠎ᠠ᠃     ᠢᠷᠡᠭᠡᠳᠦᠢ ᠶᠢᠨ ᠡᠷᠡᠯᠬᠡᠭᠯᠡᠨ ᠤᠷᠤᠭᠰᠢᠯᠠᠬᠤ ᠵᠠᠮ ᠢᠶᠠᠨ ᠪᠠᠷᠠᠯᠠᠬᠤᠶ᠎ᠠ᠂ ᠢᠲᠡᠭᠡᠯ ᠵᠣᠷᠢᠭ ᠲᠡᠭᠦᠯᠳᠡᠷ ᠢᠶᠠᠷ ᠲᠠᠬᠢᠨ ᠮᠣᠷᠳᠠᠶ᠎ᠠ᠃ ᠳ᠋ᠢᠶᠣᠣ ᠴᠦᠨ ᠬᠠᠢ᠂ ᠬᠤᠸᠠᠳᠧ ᠰᠢᠶᠠᠨ ᠦᠷᠭᠦᠯᠵᠢᠯᠡᠨ ᠬᠤᠳᠠ ᠶᠢᠨ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠠᠵᠠ ᠲᠣᠬᠢᠶᠠᠯ ᠢ ᠠᠮᠵᠢᠵᠤ᠂ ᠲᠦᠷᠦᠯ ᠵᠦᠢᠯ ᠢ ᠳᠠᠳᠠᠨ ᠠᠪᠴᠢᠷᠠᠵᠤ᠂ ᠠᠵᠤ ᠦᠢᠯᠡᠰ ᠢ ᠰᠢᠯᠢᠳᠡᠭᠵᠢᠭᠦᠯᠵᠦ᠂ ᠬᠥᠭᠵᠢᠯ ᠮᠠᠨᠳᠤᠯ ᠢ ᠠᠬᠢᠭᠤᠯᠵᠤ᠂ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠭᠰᠠᠨ ᠤᠯᠠᠭᠠᠨᠴᠠᠪ ᠤᠨ ᠰᠢᠨ᠎ᠡ ᠬᠠᠭᠤᠳᠠᠰᠤ ᠶᠢ ᠴᠢᠷᠮᠠᠶᠢᠨ ᠪᠢᠴᠢᠭᠯᠡᠬᠦ ᠳᠤ ᠬᠤᠸᠠᠳᠧ ᠶᠢᠨ ᠬᠦᠴᠦᠨ ᠴᠢᠳᠠᠯ ᠢᠶᠠᠨ ᠨᠡᠮᠡᠷᠢᠯᠡᠨ᠎ᠡ ᠭᠡᠵᠦ ᠢᠯᠡᠳᠬᠡᠪᠡ᠃                                     ᠤᠷᠴᠢᠭᠤᠯᠤᠭᠴᠢ᠄ ᠬᠦᠰᠡᠯ                                     ᠬᠢᠨᠠᠭᠴᠢ᠄ ᠠᠷᠢᠭᠤᠨ
 
ᠢᠷᠡᠯᠲᠡ᠄ ᠤᠯᠠᠭᠠᠨᠴᠠᠪ ᠬᠤᠳᠠ ᠶᠢᠨ ᠵᠠᠰᠠᠭ ᠤᠨ ᠤᠷᠳᠤᠨ ᠤ ᠬᠢᠳᠡᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2