2 ᠰᠠᠷ᠎ᠠ ᠶᠢᠨ 26 ᠤ ᠡᠳᠦᠷ᠂ ᠠᠷᠪᠠᠨ ᠳᠦᠷᠪᠡᠳᠦᠭᠡᠷ ᠬᠤᠭᠤᠴᠠᠭᠠᠨ ᠤ ᠪᠦᠬᠦ ᠤᠯᠤᠰ ᠤᠨ ᠡᠪᠦᠯ ᠤᠨ | ᠤᠯᠠᠷᠢᠯ ᠤᠨ ᠲᠠᠮᠢᠷ ᠤᠨ ᠴᠤᠭᠯᠠᠭᠠᠨ ᠤ ᠬᠡᠭᠡᠷᠡᠯᠡᠨ ᠴᠠᠨᠠᠯᠠᠯᠲᠠ ᠶᠢᠨ ᠵᠠᠯᠠᠭᠤᠴᠤᠳ ᠤᠨ ᠳᠤᠭᠤᠶᠢᠯᠠᠩ | ᠤᠨ ᠡᠮᠡᠭᠲᠡᠢ ᠶᠢᠨ 4 × 5 ᠺᠢᠯᠣᠮᠧᠲᠷ ᠤᠨ ᠪᠤᠤᠭᠢᠶ᠎ᠠ ᠤᠷᠤᠯᠳᠤᠭᠠᠨ ︵2 ᠤᠯᠠᠮᠵᠢᠯᠠᠯᠲᠤ ᠮᠡᠷᠭᠡᠵᠢᠯ + 2 | ᠴᠢᠯᠦᠭᠡᠲᠦ ᠮᠡᠷᠭᠡᠵᠢᠯ︶᠂ ᠵᠠᠯᠠᠭᠤᠴᠤᠳ ᠤᠨ ᠳᠤᠭᠤᠶᠢᠯᠠᠩ ᠤᠨ ᠡᠷᠡᠭᠲᠡᠢ ᠶᠢᠨ 4 × 5 | ᠺᠢᠯᠣᠮᠧᠲᠷ ᠤᠨ ᠪᠤᠤᠬᠢᠶ᠎ᠡ ᠤᠷᠤᠯᠳᠤᠭᠠᠨ ︵2 ᠤᠯᠠᠮᠵᠢᠯᠠᠯᠲᠤ ᠮᠡᠷᠭᠡᠵᠢᠯ + 2 ᠴᠢᠯᠦᠭᠡᠲᠦ | ᠮᠡᠷᠭᠡᠵᠢᠯ︶ ᠤᠯᠠᠭᠠᠨᠴᠠᠪ ᠤᠨ ᠯᠢᠶᠠᠩᠴᠧᠩ ᠤᠨ ᠴᠠᠨᠠᠯᠠᠯᠲᠠ ᠶᠢᠨ ᠲᠠᠯᠠᠪᠠᠢ ᠳᠤ ᠶᠠᠪᠤᠭᠳᠠᠪᠠ᠃ | ᠬᠤᠷᠴᠠ ᠰᠢᠷᠦᠭᠦᠨ ᠦᠷᠢᠰᠦᠯᠳᠦᠭᠡᠨ ᠢᠶᠠᠷ ᠳᠠᠮᠵᠢᠨ᠂ ᠶᠠᠩ ᠹᠠᠨ᠂ ᠶᠢᠨ ᠷᠠᠨ᠂ ᠵᠧᠦ ᠵᠢᠩ ᠯᠢ᠂ ᠯᠢ ᠵᠢᠶᠧ ᠪᠠᠷ | ᠪᠦᠷᠢᠯᠳᠦᠭᠰᠡᠨ ᠬᠠᠷᠠᠮᠦ᠋ᠷᠡᠨ ᠤ ᠠᠩᠭᠢ ᠵᠠᠯᠠᠭᠤᠴᠤᠳ ᠤᠨ ᠳᠤᠭᠤᠶᠢᠯᠠᠩ ᠤᠨ ᠡᠮᠡᠭᠲᠡᠢ ᠶᠢᠨ | 4 × 5 ᠺᠢᠯᠣᠮᠧᠲᠷ ᠤᠨ ᠪᠤᠤᠭᠢᠶ᠎ᠠ ᠤᠷᠤᠯᠳᠤᠭᠠᠨ ︵2 ᠤᠯᠠᠮᠵᠢᠯᠠᠯᠲᠤ ᠮᠡᠷᠭᠡᠵᠢᠯ + 2 ᠴᠢᠯᠦᠭᠡᠲᠦ ᠮᠡᠷᠭᠡᠵᠢᠯ︶ | ᠳᠤ ᠮᠠᠩᠯᠠᠶᠢᠯᠠᠵᠤ᠂ ᠭᠠᠨᠰᠦ ᠶᠢᠨ ᠠᠩᠭᠢ᠂ ᠲᠢᠶᠠᠨᠵᠢᠨ ᠤ ᠠᠩᠭᠢ ᠲᠤᠰ ᠲᠤᠰ ᠳᠡᠳ᠋᠂ ᠭᠤᠳᠠᠭᠠᠷ ᠲᠤ ᠲᠣᠳᠣᠷᠠᠵᠠᠢ᠃ | ᠭᠦ᠋ ᠯᠦᠩ ᠽᠧ ᠷᠧᠨ᠂ ᠯᠢᠦ ᠵᠢᠩ ᠴᠣᠣ᠂ ᠵᠢᠶᠠᠩ ᠢ ᠰᠢᠨ᠂ ᠫᠠᠨ ᠮᠧᠩ ᠨᠠᠨ ᠢᠶᠠᠷ ᠪᠦᠷᠢᠯᠳᠦᠭᠰᠡᠨ ᠭᠢᠷᠢᠨ ᠤ | ᠠᠩᠭᠢ ᠵᠠᠯᠠᠭᠤᠴᠤᠳ ᠤᠨ ᠳᠤᠭᠤᠶᠢᠯᠠᠩ ᠤᠨ ᠡᠷᠡᠭᠲᠡᠢ ᠶᠢᠨ 4 × 5 ᠺᠢᠯᠣᠮᠧᠲᠷ ᠤᠨ ᠪᠤᠤᠬᠢᠶ᠎ᠡ ᠤᠷᠤᠯᠳᠤᠭᠠᠨ ︵2 | ᠤᠯᠠᠮᠵᠢᠯᠠᠯᠲᠤ ᠮᠡᠷᠭᠡᠵᠢᠯ + 2 ᠴᠢᠯᠦᠭᠡᠲᠦ ᠮᠡᠷᠭᠡᠵᠢᠯ︶ ᠳᠤ ᠲᠡᠷᠢᠭᠦᠯᠡᠵᠦ ᠂ ᠰᠢᠨᠵᠢᠶᠠᠩ ᠤᠨ ᠠᠩᠭᠢ᠂ ᠾᠧᠪᠧᠢ ᠶᠢᠨ | ᠠᠩᠭᠢ ᠲᠤᠰ ᠲᠤᠰ ᠳᠡᠳ᠋᠂ ᠭᠤᠳᠠᠭᠠᠷ ᠲᠤ ᠲᠣᠳᠣᠷᠠᠵᠠᠢ᠃ | ᠲᠤᠰ ᠡᠳᠦᠷ ᠠᠷᠪᠠᠨ ᠳᠦᠷᠪᠡᠳᠦᠭᠡᠷ ᠬᠤᠭᠤᠴᠠᠭᠠᠨ ᠤ ᠪᠦᠬᠦ ᠤᠯᠤᠰ ᠤᠨ ᠡᠪᠦᠯ ᠤᠨ ᠤᠯᠠᠷᠢᠯ ᠤᠨ ᠲᠠᠮᠢᠷ ᠤᠨ | ᠴᠤᠭᠯᠠᠭᠠᠨ ᠤ ᠤᠯᠠᠭᠠᠨᠴᠠᠪ ᠤᠨ ᠯᠢᠶᠠᠩᠴᠧᠩ ᠳᠠᠬᠢ ᠡᠯ᠎ᠡ ᠲᠦᠷᠦᠯ ᠤᠨ ᠤᠷᠤᠯᠳᠤᠭᠠᠨ ᠪᠦᠬᠦᠨ ᠢᠶᠠᠷ | ᠢᠶᠠᠨ ᠳᠠᠭᠤᠰᠴᠤ᠂ ᠬᠡᠭᠡᠷᠡᠯᠡᠨ ᠴᠠᠨᠠᠯᠠᠬᠤ᠂ ᠡᠪᠦᠯ ᠤᠨ ᠤᠯᠠᠷᠢᠯ ᠤᠨ ᠬᠤᠶᠠᠷ ᠲᠦᠷᠦᠯ᠂ ᠳᠠᠩ ᠬᠠᠪᠲᠠᠰᠤ ᠶᠢᠨ | ᠴᠠᠨᠠᠯᠠᠯᠲᠠ ᠶᠢᠨ ᠰᠠᠭᠠᠳ ᠳᠠᠪᠠᠭ᠋ᠤ᠂ ᠴᠢᠯᠦᠭᠡᠲᠦ ᠮᠠᠶ᠋ᠢᠭ ᠤᠨ ᠴᠠᠨᠠᠯᠠᠯᠲᠠ ᠶᠢᠨ ᠰᠠᠭᠠᠳ ᠳᠠᠪᠠᠭ᠋ᠤ | ᠵᠡᠷᠭᠡ 4 ᠲᠦᠷᠦᠯ ᠤᠨ ᠤᠷᠤᠯᠳᠤᠭᠠᠨ ᠳᠤ ᠨᠡᠶᠢᠲᠡ 38 ᠠᠯᠲᠠᠨ ᠮᠧᠳᠠᠯ ᠲᠣᠳᠣᠷᠠᠪᠠ᠃ |