ᠴᠢᠯᠥᠭᠡᠲᠦ ᠴᠡᠨᠡᠯᠡᠯᠲᠡ ᠶᠢᠨ ᠰᠠᠭᠠᠳ ᠳᠠᠪᠠᠨ ᠬᠦᠭᠡᠭᠡᠴᠡᠯᠳᠦᠬᠦ ᠤᠷᠤᠯᠳᠤᠭᠠᠨ ᠡᠬᠢᠯᠡᠪᠡ
ᠨᠡᠶᠢᠲᠡᠯᠡᠭᠰᠡᠨ ᠴᠠᠭ᠄
2024/2/19
    2 ᠰᠠᠷ᠎ᠠ ᠶᠢᠨ 18 ᠤ ᠡᠳᠦᠷ᠂ ᠠᠷᠪᠠᠨ ᠳᠥᠷᠪᠡᠳᠦᠭᠡᠷ ᠬᠤᠭᠤᠴᠠᠭᠠᠨ ᠤ ᠪᠥᠬᠦ ᠤᠯᠤᠰ ᠤᠨ ᠡᠪᠦᠯ ᠤᠨ ᠤᠯᠠᠷᠢᠯ ᠤᠨ ᠪᠡᠶ᠎ᠡ ᠶᠢᠨ ᠲᠠᠮᠢᠷ ᠤᠨ ᠴᠤᠭᠯᠠᠭᠠᠨ ᠤ ᠴᠢᠯᠥᠭᠡᠲᠦ ᠴᠡᠨᠡᠯᠡᠯᠲᠡ ᠶᠢᠨ ᠰᠠᠭᠠᠳ ᠳᠠᠪᠠᠨ ᠬᠦᠭᠡᠭᠡᠴᠡᠯᠳᠦᠬᠦ ᠤᠷᠤᠯᠳᠤᠭᠠᠨ ᠤᠯᠠᠭᠠᠨᠴᠠᠪ ᠤᠨ ᠯᠢᠶᠠᠩᠴᠧᠩ ᠤᠨ ᠤᠷᠤᠯᠳᠤᠭᠠᠨ ᠤ ᠲᠣᠭᠤᠷᠢᠭ ᠲᠤ ᠡᠬᠢᠯᠡᠪᠡ᠃ ᠪᠡᠭᠡᠵᠢᠩ᠂ ᠬᠠᠷᠠᠮᠥ᠋ᠷᠡᠨ᠂ ᠶᠦᠨᠨᠠᠨ ᠵᠡᠷᠭᠡ ᠲᠥᠯᠥᠭᠡᠯᠡᠭᠴᠢᠳ ᠤᠨ ᠠᠩᠭᠢ ᠶᠢᠨ 43 ᠲᠠᠮᠢᠷᠴᠢᠨ‌ᠤᠷᠤᠯᠳᠤᠭᠠᠨ ᠳᠤ ᠣᠷᠣᠯᠴᠠᠪᠠ᠃     ᠴᠢᠯᠥᠭᠡᠲᠦ ᠴᠡᠨᠡᠯᠡᠯᠲᠡ ᠶᠢᠨ ᠰᠠᠭᠠᠳ ᠳᠠᠪᠠᠨ ᠬᠦᠭᠡᠭᠡᠴᠡᠯᠳᠦᠬᠦ ᠪᠣᠯ ᠬᠤᠷᠳᠤᠴᠠ ᠮᠦᠷᠦᠶᠢᠴᠡᠬᠦ ᠲᠥᠷᠥᠯ ᠤᠨ ᠴᠠᠰᠤᠨ ᠳᠡᠭᠡᠷᠡᠬᠢ ᠤᠷᠤᠯᠳᠤᠭᠠᠨ ᠤ ᠲᠥᠷᠥᠯ ᠪᠠᠶᠢᠵᠤ᠂ ᠬᠤᠷᠳᠤᠴᠠ ᠮᠦᠷᠦᠶᠢᠴᠡᠬᠦ ᠲᠥᠷᠥᠯ ᠤᠨ ᠥᠨᠳᠥᠷ ᠬᠤᠷᠳᠤᠴᠠ ᠪᠠ ᠰᠡᠲᠡᠯᠲᠡ ᠶᠢᠨ ᠮᠡᠳᠡᠷᠡᠮᠵᠢ ᠲᠠᠢ ᠪᠥᠭᠡᠳ ᠤᠷ᠎ᠠ ᠮᠡᠷᠭᠡᠵᠢᠯ ᠤᠨ ᠲᠥᠷᠥᠯ ᠤᠨ ᠲᠥᠷᠥᠯ ᠵᠦᠢᠯ ᠳᠤ ᠯᠡ ᠪᠠᠶᠢᠳᠠᠭ ᠣᠨᠴᠠᠭᠠᠶ ᠭᠤᠶᠢᠳᠠ ᠰᠠᠶᠢᠬᠠᠨ ᠦᠰᠦᠷᠦᠯᠲᠡ᠂ ᠠᠭᠠᠷ ᠲᠤ ᠳᠡᠭᠳᠡᠬᠦ ᠵᠡᠷᠭᠡ ᠬᠦᠳᠡᠯᠦᠯ ᠲᠠᠢ ᠶᠤᠮ᠃ ᠲᠠᠮᠢᠷᠴᠢᠨ ᠡᠬᠢᠯᠡᠯᠲᠡ ᠶᠢᠨ ᠴᠡᠭ ᠠᠴᠠ ᠡᠬᠢᠯᠡᠨ᠂ ᠴᠠᠰᠤᠨ ᠵᠠᠮ ᠳᠤᠮᠳᠠ ᠳᠠᠪᠠᠯᠭᠠᠨ ᠵᠠᠮ᠂ ᠵᠢᠵᠢᠭ ᠬᠠᠷᠠᠶᠢᠯᠲᠡ ᠶᠢᠨ ᠲᠠᠪᠴᠠᠩ ᠵᠡᠷᠭᠡ ᠬᠠᠷᠰᠢ ᠰᠠᠭᠠᠳ ᠢ ᠢᠯᠠᠨ ᠳᠠᠪᠠᠵᠤ᠂ ᠬᠠᠮᠤᠭ ᠤᠨ ᠲᠦᠷᠭᠡᠨ ᠬᠤᠷᠳᠤᠴᠠ ᠪᠠᠷ ᠡᠴᠦᠰ ᠤᠨ ᠴᠡᠭ ᠲᠤ ᠬᠦᠷᠴᠦ᠂ ᠤᠷᠤᠯᠳᠤᠭᠠᠨ ᠳᠤ ᠭᠤᠶᠢᠳᠠ ᠰᠠᠶᠢᠬᠠᠨ ᠰᠡᠳᠦᠯᠲᠡ ᠦᠭᠬᠦᠨ᠎ᠡ᠃     ᠣᠶᠢᠯᠠᠭᠠᠭᠰᠠᠨ ᠢᠶᠠᠷ᠂ ᠲᠣᠰ ᠬᠤᠭᠤᠴᠠᠭᠠᠨ ᠤ ᠪᠥᠬᠦ ᠤᠯᠤᠰ ᠤᠨ ᠡᠪᠦᠯ ᠤᠨ ᠤᠯᠠᠷᠢᠯ ᠤᠨ ᠪᠡᠶ᠎ᠡ ᠶᠢᠨ ᠲᠠᠮᠢᠷ ᠤᠨ ᠴᠤᠭᠯᠠᠭᠠᠨ ᠤ ᠴᠢᠯᠥᠭᠡᠲᠦ ᠴᠡᠨᠡᠯᠡᠯᠲᠡ ᠶᠢᠨ ᠰᠠᠭᠠᠳ ᠳᠠᠪᠠᠨ ᠬᠦᠭᠡᠭᠡᠴᠡᠯᠳᠦᠬᠦ ᠤᠷᠤᠯᠳᠤᠭᠠᠨ ᠨᠢ 2 ᠰᠠᠷ᠎ᠠ ᠶᠢᠨ 20 ᠤ ᠡᠳᠦᠷ ᠪᠣᠯᠲᠠᠯ᠎ᠠ ᠦᠷᠭᠦᠯᠵᠢᠯᠡᠵᠦ᠂ ᠡᠨᠡ ᠬᠤᠭᠤᠴᠠᠭᠠᠨ ᠳᠤ 4 ᠠᠯᠲᠠᠨ ᠮᠧᠳᠠᠯ ᠲᠤᠳᠤᠷᠠᠬᠤ ᠪᠣᠯᠤᠨ᠎ᠠ᠃ ᠲᠤᠰ ᠡᠳᠦᠷ ᠨᠢ ︽ᠠᠷᠪᠠᠨ ᠳᠥᠷᠪᠡᠳᠦᠭᠡᠷ ᠬᠤᠭᠤᠴᠠᠭᠠᠨ ᠤ ᠡᠪᠦᠯ ᠤᠨ ᠤᠯᠠᠷᠢᠯ ᠤᠨ ᠪᠡᠶ᠎ᠡ ᠶᠢᠨ ᠲᠠᠮᠢᠷ ᠤᠨ ᠴᠤᠭᠯᠠᠭᠠᠨ︾ ᠤ ᠴᠢᠯᠥᠭᠡᠲᠦ ᠴᠡᠨᠡᠯᠡᠯᠲᠡ ᠶᠢᠨ ᠰᠠᠭᠠᠳ ᠳᠠᠪᠠᠨ ᠬᠦᠭᠡᠭᠡᠴᠡᠯᠳᠦᠬᠦ ᠪᠡᠯᠡᠳᠬᠡᠯ ᠤᠷᠤᠯᠳᠤᠭᠠᠨ ᠤ ᠱᠠᠲᠤᠨ ᠤ ᠤᠷᠤᠯᠳᠤᠭᠠᠨ ᠢ ᠶᠠᠪᠤᠭᠳᠠᠭᠤᠯᠵᠤ᠂ ᠲᠠᠮᠢᠷᠴᠢᠳ ᠳᠡᠰ ᠲᠠᠷᠠᠭ᠎ᠠ ᠲᠠᠢ ᠪᠠᠷ ᠭᠤᠯᠭᠤᠵᠤ᠂ ᠲᠤᠰ ᠲᠤᠰ ᠲᠤᠨᠢ ᠴᠠᠭ ᠢ ᠨᠢ ᠲᠡᠮᠳᠡᠭᠯᠡᠪᠡ᠃ ᠳᠠᠷᠠᠭᠠᠴᠢ ᠶᠢᠨ ᠨᠤᠭᠤᠯᠤᠭ᠎ᠠ ᠤᠷᠤᠯᠳᠤᠭᠠᠨ ︵ᠰᠢᠢᠳᠪᠦᠷᠢᠲᠦ ᠤᠷᠤᠯᠳᠤᠭᠠᠨ︶ ᠨᠢ ᠲᠠᠮᠢᠷᠴᠢᠳ 4 ᠬᠥᠮᠦᠨ ᠨᠢᠭᠡ ᠳᠤᠭᠤᠢᠯᠠᠩ ᠬᠠᠮᠲᠤ ᠪᠠᠷ ᠤᠷᠤᠯᠳᠤᠬᠤ ᠬᠡᠯᠪᠡᠷᠢ ᠪᠠᠷ ᠶᠠᠪᠤᠭᠳᠠᠵᠤ᠂ ᠠᠳᠠᠯᠢ ᠳᠤᠭᠤᠢᠯᠠᠩ ᠤᠨ ᠤᠷᠤᠯᠳᠤᠭᠰᠠᠨ ᠲᠠᠮᠢᠷᠴᠢᠳ ᠤᠷᠤᠯᠳᠤᠭᠠᠨ ᠤ ᠵᠠᠮ ᠳᠡᠭᠡᠷ᠎ᠡ ᠰᠢᠷᠦᠭᠦᠨ ᠲᠡᠮᠡᠴᠡᠭᠡᠨ ᠥᠷᠨᠢᠭᠦᠯᠵᠦ᠂ ᠤᠷᠤᠯᠳᠤᠭᠠᠨ ᠨᠢ ᠨᠡᠩ ᠰᠣᠨᠢᠷᠬᠠᠯᠲᠠᠢ ᠪᠣᠯᠬᠤ ᠪᠣᠯᠤᠨ᠎ᠠ᠃              ᠰᠤᠷᠪᠤᠯᠵᠢᠯᠠᠭᠴᠢ᠄  ᠾᠧ ᠢᠤᠢ ᠲᠢᠶᠠᠨ              ᠤᠷᠴᠢᠭᠤᠯᠤᠭᠴᠢ᠄ ᠭᠤᠸ᠎ᠠ              ᠬᠢᠨᠠᠭᠴᠢ᠄ ᠠᠷᠢᠭᠤᠨ
 
ᠢᠷᠡᠯᠲᠡ᠄ ᠤᠯᠠᠭᠠᠨᠴᠠᠪ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠬᠢᠲᠠᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2