ᠯᠢᠶᠠᠩᠴᠧᠩ ᠰᠢᠶᠠᠨ᠄ ᠬᠡᠤᠬᠡᠳ ᠤᠨ ᠸᠠᠺᠼᠢᠨ ᠢ ᠴᠠᠭ ᠲᠤᠬᠠᠶ ᠳᠤᠨᠢ ᠲᠠᠷᠢᠵᠤ ᠡᠷᠡᠭᠦᠯ ᠮᠡᠨᠳᠦ ᠶᠢᠨ ᠡᠭᠡᠯᠢᠯᠡᠭᠡ ᠶᠢᠨ ᠬᠠᠯᠬᠠᠪᠴᠢ ᠶᠢ ᠬᠠᠮᠲᠤ ᠪᠠᠷ ᠪᠠᠶᠢᠭᠤᠯᠪᠠ
ᠨᠡᠶᠢᠲᠡᠯᠡᠭᠰᠡᠨ ᠴᠠᠭ᠄
2024/11/29
       ᠬᠡᠦᠬᠡᠳ ᠪᠣᠯ ᠭᠡᠷ ᠪᠦᠯᠢ ᠶᠢᠨ ᠬᠦᠰᠡᠯ ᠡᠷᠡᠮᠡᠯᠵᠡᠯ᠂ ᠡᠬᠡ ᠤᠯᠤᠰ ᠤᠨ ᠢᠷᠡᠭᠡᠳᠦᠶ ᠮᠥᠨ᠂ ᠬᠡᠦᠬᠡᠳ ᠢ ᠡᠷᠡᠭᠦᠯ ᠢᠶᠠᠷ ᠦᠰᠦᠨ ᠪᠤᠶᠢᠵᠢᠭᠤᠯᠬᠤ ᠨᠢ᠂ ᠪᠦᠬᠦ ᠨᠡᠶᠢᠭᠡᠮ ᠤᠨ ᠬᠠᠮᠲᠤ ᠶᠢᠨ ᠬᠠᠷᠢᠭᠤᠴᠠᠯᠭ᠎ᠠ ᠮᠥᠨ᠃ ᠬᠡᠦᠬᠡᠳ ᠤᠨ ᠸᠠᠺᠼᠢᠨ ᠤ ᠲᠠᠷᠢᠯᠭ᠎ᠠ ᠬᠢᠬᠦ ᠪᠣᠯ ᠡᠪᠡᠳᠴᠢᠨ ᠡᠮᠭᠡᠭ ᠢ ᠰᠡᠷᠭᠡᠶᠢᠯᠡᠬᠦ ᠪᠦᠲᠦᠮᠵᠢᠲᠡᠶ ᠠᠷᠭ᠎ᠠ ᠪᠠᠷᠢᠯ ᠮᠥᠨ᠂ ᠲᠡᠷᠡ ᠨᠢ ᠡᠭᠡᠯᠢᠯᠡᠭᠡ ᠶᠢᠨ ᠬᠠᠯᠬᠠᠪᠴᠢ ᠶᠢ ᠪᠠᠶᠢᠭᠤᠯᠵᠤ ᠴᠢᠳᠠᠬᠤ ᠪᠠᠷ ᠪᠠᠷᠠᠬᠤ ᠥᠬᠡᠶ᠂ ᠪᠠᠰᠠ ᠡᠪᠡᠳᠴᠢᠯᠡᠬᠦ ᠲᠣᠬᠢᠶᠠᠯᠳᠤᠮᠵᠢ ᠶᠢ ᠢᠯᠡᠳᠲᠡ ᠪᠠᠭᠤᠷᠠᠭᠤᠯᠵᠤ᠂ ᠬᠡᠤᠬᠡᠳ ᠤᠨ ᠡᠷᠡᠭᠦᠯ ᠢᠶᠠᠷ ᠦᠰᠦᠨ ᠪᠤᠶᠢᠵᠢᠬᠤ ᠶᠢ ᠪᠠᠲᠤᠯᠠᠬᠤ ᠪᠣᠯᠤᠨ᠎ᠠ᠃ ᠰᠠᠨᠠᠭᠠᠴᠢᠯᠠᠭ᠎ᠠ ᠠᠴᠠ ᠪᠠᠨ ᠸᠠᠺᠼᠢᠨ ᠤ ᠲᠠᠷᠢᠯᠭ᠎ᠠ ᠬᠢᠬᠦ ᠨᠢ ᠡᠯ᠎ᠡ ᠨᠠᠰᠤᠨ ᠤ ᠦᠶ᠎ᠡ ᠶᠢᠨ ᠬᠠᠯᠳᠠᠪᠤᠷᠢᠲᠤ ᠡᠪᠡᠳᠴᠢᠨ ᠤ ᠡᠪᠡᠳᠴᠢᠯᠡᠬᠦ ᠨᠣᠷᠮ᠎ᠠ ᠪᠠ ᠡᠪᠡᠳᠴᠢᠨ ᠡᠮᠭᠡᠭ ᠤᠨ ᠳᠠᠷᠤᠭᠠᠰᠤ ᠶᠢ ᠪᠠᠭᠠᠰᠬᠠᠵᠤ᠂ ᠪᠥᠬᠦ ᠠᠮᠢ ᠨᠠᠰᠤᠨ ᠤ ᠦᠶᠡᠯᠡᠯ ᠤᠨ ᠬᠤᠭᠤᠴᠠᠭᠠᠨ ᠤ ᠡᠷᠡᠭᠦᠯ ᠮᠡᠨᠳᠦ ᠶᠢᠨ ᠬᠠᠮᠠᠭᠠᠯᠠᠯᠲᠠ ᠶᠢ ᠣᠯᠵᠤ ᠪᠣᠯᠤᠨ᠎ᠠ᠃    ᠯᠢᠶᠠᠩᠴᠧᠩ ᠰᠢᠶᠠᠨ ᠤ ᠡᠬᠡ ᠨᠢᠯᠬᠠᠰ ᠤᠨ ᠡᠷᠡᠭᠦᠯ ᠮᠡᠨᠳᠦ ᠶᠢ ᠬᠠᠮᠠᠭᠠᠯᠠᠬᠤ ᠲᠥᠯᠥᠪᠯᠡᠭᠡᠲᠦ ᠦᠷᠡᠵᠢᠯ ᠤᠨ ᠦᠢᠯᠡᠴᠢᠯᠡᠭᠡᠨ ᠤ ᠲᠥᠪ ᠪᠠᠰᠠ 6 ᠰᠠᠷ᠎ᠠ ᠵᠢᠴᠢ ᠲᠡᠭᠦᠨ ᠠᠴᠠ ᠳᠡᠭᠡᠭᠰᠢᠬᠢ ᠨᠢᠯᠬ᠎ᠠ ᠬᠡᠤᠬᠡᠳ ᠲᠤ ᠵᠠᠰᠠᠭ ᠤᠨ ᠣᠷᠳᠣᠨ ᠠᠴᠠ ᠰᠦᠢᠳᠬᠡᠯ ᠬᠤᠷᠢᠶᠠᠬᠤ ᠥᠬᠡᠶ ︽ᠰᠢᠮ᠎ᠡ ᠲᠡᠵᠢᠭᠡᠯ ᠤᠨ ᠪᠠᠭᠯᠠᠭ᠎ᠠ︾ ᠬᠠᠩᠭᠠᠨ᠎ᠠ᠂ ︽ᠰᠢᠮ᠎ᠡ ᠲᠡᠵᠢᠭᠡᠯ ᠤᠨ ᠪᠠᠭᠯᠠᠭ᠎ᠠ︾ ᠳᠤ ᠣᠯᠠᠨ ᠵᠦᠢᠯ ᠤᠨ ᠸᠢᠲ᠋ᠠᠮᠢᠨ ᠡᠯᠪᠡᠭ ᠠᠭᠤᠯᠤᠭᠳᠠᠵᠤ᠂ ᠨᠢᠯᠬ᠎ᠠ ᠬᠡᠤᠬᠡᠳ ᠲᠤ ᠰᠢᠮ᠎ᠡ ᠲᠡᠵᠢᠭᠡᠯ ᠮᠠᠭᠤ ᠪᠠᠶᠢᠳᠠᠯ ᠢᠯᠡᠷᠡᠬᠦ ᠶᠢ ᠰᠡᠷᠭᠡᠶᠢᠯᠡᠵᠦ ᠴᠢᠳᠠᠨ᠎ᠠ᠃ ᠣᠳᠣᠬᠠᠨ ᠪᠣᠯᠲᠠᠯ᠎ᠠ᠂ ᠯᠢᠶᠠᠩᠴᠧᠩ ᠰᠢᠶᠠᠨ ᠳᠤ ᠨᠡᠶᠢᠲᠡ 9369 ᠬᠥᠮᠦᠨ ᠤᠳᠠᠭ᠎ᠠ ᠬᠡᠤᠬᠡᠳ ᠲᠤ ᠳᠠᠷᠢᠯᠭ᠎ᠠ ᠳᠠᠷᠢᠵᠤ᠂ ᠬᠡᠤᠬᠡᠳ ᠲᠤ 9899 ᠤᠳᠠᠭ᠎ᠠ ᠰᠠᠭᠤᠷᠢ ᠲᠠᠷᠢᠯᠭ᠎ᠠ ᠬᠢᠵᠦ ᠥᠭᠴᠦ᠂ 1800 ᠬᠠᠶᠢᠷᠴᠠᠭ ᠤᠨ ᠰᠢᠮ᠎ᠡ ᠲᠡᠵᠢᠭᠡᠯ ᠤᠨ ᠪᠠᠭᠯᠠᠭ᠎ᠠ ᠲᠠᠷᠬᠠᠭᠠᠪᠠ᠃    ᠲᠠᠷᠠᠭᠠᠴᠢ ᠶᠢᠨ ᠠᠯᠬᠤᠮ ᠳᠤ᠂ ᠯᠢᠶᠠᠩᠴᠧᠩ ᠰᠢᠶᠠᠨ ᠸᠠᠺᠼᠢᠨ ᠤ ᠲᠠᠷᠢᠯᠭ᠎ᠠ ᠶᠢᠨ ᠤᠬᠠᠭᠤᠯᠭ᠎ᠠ ᠶᠢᠨ ᠠᠵᠢᠯ ᠢ ᠨᠡᠮᠡᠭᠳᠡᠭᠦᠯᠵᠦ᠂ ᠣᠯᠠᠨ ᠵᠦᠢᠯ ᠤᠨ ᠬᠡᠯᠪᠡᠷᠢ ᠶᠢᠨ ᠡᠷᠡᠭᠦᠯ ᠮᠡᠨᠳᠦ ᠶᠢᠨ ᠬᠥᠮᠦᠵᠢᠯ ᠤᠨ ᠲᠠᠶᠢᠯᠤᠮᠵᠢ ᠥᠷᠨᠢᠭᠦᠯᠵᠦ᠂ ᠣᠯᠠᠨ ᠲᠦᠮᠡᠨ ᠤ ᠲᠠᠷᠢᠯᠭ᠎ᠠ ᠶᠢᠨ ᠤᠬᠠᠮᠰᠠᠷ ᠢ ᠳᠡᠭᠡᠭᠰᠢᠯᠡᠭᠦᠯᠵᠦ᠂ ᠬᠡᠤᠬᠡᠳ ᠤᠨ ᠡᠷᠡᠭᠦᠯ ᠢᠶᠠᠷ ᠦᠰᠦᠨ ᠪᠤᠶᠢᠵᠢᠬᠤ ᠶᠢ ᠬᠠᠮᠠᠭᠠᠯᠠᠬᠤ ᠪᠣᠯᠤᠨ᠎ᠠ᠃                            ᠤᠷᠴᠢᠭᠤᠯᠤᠭᠴᠢ᠄ ᠬᠦᠰᠡᠯ                        ᠬᠢᠨᠠᠭᠴᠢ᠄ ᠠᠷᠢᠭᠤᠨ
 
ᠢᠷᠡᠯᠲᠡ᠄ ᠤᠯᠠᠭᠠᠨᠴᠠᠪ ᠬᠤᠳᠠ ᠶᠢᠨ ᠵᠠᠰᠠᠭ ᠤᠨ ᠤᠷᠳᠤᠨ ᠤ ᠬᠢᠳᠡᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2