ᠴᠠᠭ ᠣᠷᠣᠨ ᠵᠠᠢ ᠳᠠᠪᠠᠵᠤ ᠠᠭᠤᠯᠵᠠᠵᠤ ᠴᠤᠭᠯᠠᠷᠠᠪᠠ
ᠨᠡᠶᠢᠲᠡᠯᠡᠭᠰᠡᠨ ᠴᠠᠭ᠄
2024/11/28
   
     11 ᠰᠠᠷ᠎ᠠ ᠶᠢᠨ 24 ᠤ ᠡᠳᠦᠷ᠂ ᠬᠠᠩ ᠴᠢᠶᠤᠤ ᠶᠦᠨ ᠳᠡᠭᠦᠦ ᠵᠢᠯᠠᠭᠠᠮᠵᠢ ᠬᠠᠮᠲᠤ ᠪᠠᠷ ︽ᠲᠠᠯ᠎ᠠ ᠨᠤᠲᠤᠭ ᠤᠨ ᠡᠵᠢ︾ ᠲᠦᠬᠢᠮ᠎ᠡ ᠡᠵᠢ ᠶᠢᠨ ᠭᠡᠷ ᠲᠤ ᠬᠦᠷᠴᠦ ᠪᠣᠯᠭᠤᠭᠠᠨ ᠦᠵᠡᠪᠡ᠃  
   11 ᠰᠠᠷ᠎ᠠ ᠶᠢᠨ 23 ᠤ ᠡᠳᠦᠷ᠂ ᠬᠠᠩ ᠴᠢᠶᠣᠤ ᠶᠦᠨ ᠪᠦᠬᠦ ᠭᠡᠷ ᠤᠨ 7 ᠬᠥᠮᠦᠨ ᠳᠠᠭᠠᠭᠤᠯᠤᠨ 1500 ᠭᠠᠷᠤᠶ ᠺᠢᠯᠣᠮᠧᠲᠷ ᠤᠨ ᠭᠠᠳᠠᠨᠠᠬᠢ ᠳᠥᠷᠪᠡᠳ ᠬᠤᠰᠢᠭᠤᠨ ᠳᠤ ᠬᠦᠷᠴᠡᠶ᠃    11 ᠰᠠᠷ᠎ᠠ ᠶᠢᠨ 23 ᠤ ᠡᠳᠦᠷ᠂ ᠵᠢᠶᠠᠩᠰᠦ ᠶᠢᠨ ᠨᠠᠨᠵᠢᠩ ᠳᠤ ᠰᠠᠭᠤᠵᠤ᠂ ᠡᠨᠡ ᠵᠢᠯ ᠨᠢᠭᠡᠨᠲᠡ 70 ᠨᠠᠰᠤᠲᠠᠶ ᠬᠠᠩ ᠴᠢᠶᠣᠤ ᠶᠦᠨ ᠬᠥᠭᠰᠢᠨ ᠲᠠᠢ᠂ ᠬᠦᠤ᠂ ᠬᠦᠤ ᠪᠡᠷᠢ᠂ ᠥᠬᠢᠨ᠂ ᠦᠬᠢᠨ ᠬᠦᠷᠭᠡᠨ ᠵᠢᠴᠢ ᠣᠮᠪᠣᠯᠣ ᠪᠠᠨ ᠳᠠᠭᠠᠭᠤᠯᠵᠤ᠂ ᠪᠥᠬᠦ ᠬᠡᠷ ᠢᠶᠠᠷ ᠢᠶᠠᠨ 7 ᠬᠥᠮᠦᠨ ᠠᠮᠠ ᠲᠠᠢ᠂ ᠬᠠᠮᠲᠤ ᠪᠠᠷ 1500 ᠭᠠᠷᠤᠶ ᠺᠢᠯᠣᠮᠧᠲᠷ ᠤᠨ ᠭᠠᠳᠠᠨᠠᠬᠢ ᠳᠥᠷᠪᠡᠳ ᠬᠤᠰᠢᠭᠤᠨ ᠳᠤ ᠬᠦᠷᠴᠦ᠂ ︽ᠠᠴᠢᠲᠠᠨ︾ ᠲᠦᠬᠢᠮ᠎ᠡ ᠶᠢ ᠪᠣᠯᠭᠤᠭᠠᠨ ᠦᠵᠡᠪᠡ᠃    64 ᠵᠢᠯ ᠤᠨ ᠡᠮᠦᠨ᠎ᠡ᠂ ᠬᠠᠩ ᠴᠢᠶᠣᠣ ᠶᠦᠨ ᠤ 3 ᠨᠠᠰᠤᠲᠠᠢ ᠳᠡᠭᠦᠦ ᠱᠠᠩᠬᠠᠢ ᠳᠤ ᠣᠴᠢᠬᠤ ᠭᠠᠯᠲᠤ ᠲᠡᠷᠭᠡᠨ ᠳᠡᠭᠡᠷ᠎ᠡ ᠵᠣᠯ ᠪᠤᠰᠤ ᠪᠠᠷ ᠠᠯᠳᠠᠵᠠᠢ᠃ ᠰᠡᠭᠦᠯᠡᠷ ᠨᠢ ᠤᠯᠵᠤ ᠮᠡᠳᠡᠭᠰᠡᠨ ᠨᠢ᠂ ᠳᠡᠬᠦᠦ ︽ᠦᠪᠦᠷ ᠮᠤᠩᠭᠤᠯ ᠳᠤ ᠤᠴᠢᠭᠰᠠᠨ ᠭᠤᠷᠪᠠᠨ ᠮᠢᠩᠭᠠᠨ ᠦᠨᠦᠴᠢᠨ ᠬᠡᠤᠬᠡᠳ︾ ᠤᠨ ᠨᠢᠭᠡᠨ ᠦᠨᠦᠴᠢᠨ ᠬᠡᠤᠭᠡᠳ ᠪᠤᠯᠵᠦ᠂ ᠪᠣᠰᠣᠳ 27 ᠦᠨᠦᠴᠢᠨ ᠬᠡᠤᠭᠡᠳ ᠲᠠᠢ ᠬᠠᠮᠳᠤ ᠲᠦᠷᠪᠡᠳ ᠬᠤᠰᠢᠭᠤᠨ ᠤ ᠡᠷᠡᠭᠦᠯᠵᠢᠯ ᠤᠨ ᠦᠷᠳᠡᠭᠡᠨ ᠳᠤ ᠬᠦᠷᠭᠡᠭᠳᠡᠵᠡᠢ᠃ ᠲᠤᠬᠠᠶ ᠶᠢᠨ ᠦᠶ᠎ᠡ ᠳᠤ 19 ᠨᠠᠰᠤᠲᠠᠶ ᠲᠦᠬᠢᠮ᠎ᠠ 28 ᠥᠨᠥᠴᠢᠨ ᠬᠡᠦᠬᠡᠳ ᠢ ᠬᠠᠷᠠᠭᠠᠯᠵᠠᠬᠤ ᠡᠭᠦᠷᠭᠡ ᠶᠢ ᠰᠠᠨᠠᠭᠠᠴᠢᠯᠠᠭ᠎ᠠ ᠠᠴᠠ ᠪᠠᠨ ᠡᠭᠦᠷᠭᠡᠯᠡᠵᠡᠶ᠃ ᠬᠠᠩ ᠴᠢᠶᠤᠤ ᠶᠦᠨ ᠤ ᠳᠡᠭᠦᠦ ︵ᠵᠢᠯᠠᠭᠠᠮᠵᠢ ᠭᠡᠳᠡᠭ︶ ᠪᠣᠯ 28 ᠥᠨᠥᠴᠢᠨ ᠬᠡᠦᠬᠡᠳ ᠤᠨ ᠳᠣᠲᠣᠷ᠎ᠠ ᠬᠠᠮᠤᠭ ᠤᠨ ᠰᠡᠭᠦᠯ ᠤᠨ ᠨᠢᠭᠡ ᠲᠡᠵᠢᠭᠡᠪᠦᠷᠢ ᠬᠥᠮᠥᠨ ᠶᠤᠮ᠂ ᠮᠥᠨ ᠲᠦᠬᠢᠮ᠎ᠡ ᠶᠢᠨ ᠬᠠᠮᠲᠤ ᠠᠮᠢᠳᠤᠷᠠᠭᠰᠠᠨ ᠬᠠᠮᠤᠭ ᠤᠨ ᠤᠷᠲᠤ ᠥᠨᠥᠴᠢᠨ ᠬᠡᠦᠬᠡᠳ ᠪᠣᠯᠣᠨ᠎ᠠ᠃    ᠲᠦᠷᠦᠭᠦᠬᠡᠨ᠂ 67 ᠨᠠᠰᠤᠲᠠᠶ ᠵᠢᠯᠠᠭᠠᠮᠵᠢ ᠰᠢᠯᠢ ᠶᠢᠨ ᠭᠤᠣᠯ ᠠᠶᠢᠮᠠᠭ ᠤᠨ ᠳᠣᠲᠣᠭᠠᠳᠤ ᠶᠢ ᠬᠠᠮᠠᠭᠠᠯᠠᠬᠤ ᠲᠣᠪᠴᠢᠶᠠᠨ ᠤ ᠬᠠᠪᠰᠤᠷᠤᠯᠭ᠎ᠠ ᠪᠠᠷ ᠵᠢᠶᠠᠩᠰᠦ ᠳᠤ ᠪᠠᠶᠢᠭᠰᠠᠨ ᠣᠶᠢᠷ᠎ᠠ ᠰᠠᠳᠤᠨ ᠢᠶᠠᠨ ᠣᠯᠵᠤ᠂ 11 ᠰᠠᠷ᠎ᠠ ᠶᠢᠨ 16 ᠳᠤ ᠭᠤᠷᠪᠠᠨ ᠥᠬᠢᠨ ᠢᠶᠠᠨ ᠳᠠᠭᠠᠭᠤᠯᠤᠨ ᠵᠢᠶᠠᠩᠰᠦ ᠶᠢᠨ ᠨᠠᠨᠵᠢᠩ ᠳᠤ ᠣᠶᠢᠷ᠎ᠠ ᠰᠠᠳᠤᠨ ᠢᠶᠠᠨ ᠲᠠᠨᠢᠪᠠ᠃                                               ᠲᠠᠩ ᠰᠢᠤᠸᠠᠨ ᠪᠥᠸᠧ ᠰᠡᠭᠦᠳᠡᠷᠯᠡᠪᠡ                        ᠤᠷᠴᠢᠭᠤᠯᠤᠭᠴᠢ᠄ ᠬᠦᠰᠡᠯ                        ᠬᠢᠨᠠᠭᠴᠢ᠄ ᠠᠷᠢᠭᠤᠨ
 
ᠢᠷᠡᠯᠲᠡ᠄ ᠤᠯᠠᠭᠠᠨᠴᠠᠪ ᠬᠤᠳᠠ ᠶᠢᠨ ᠵᠠᠰᠠᠭ ᠤᠨ ᠤᠷᠳᠤᠨ ᠤ ᠬᠢᠳᠡᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2