ᠤᠯᠠᠭᠠᠨᠴᠠᠪ ᠤᠨ 150 ᠲᠦᠮᠡᠨ ᠺᠢᠯᠣᠸᠠᠲ ᠤᠨ ᠲᠣᠮᠣ ᠬᠡᠯᠪᠡᠷᠢ ᠶᠢᠨ ᠰᠠᠯᠬᠢᠨ ᠬᠦᠴᠦᠨ ᠢᠶᠠᠷ ᠴᠠᠬᠢᠯᠭᠠᠨ ᠭᠠᠷᠭᠠᠬᠤ ᠬᠡᠷᠡᠯ ᠸᠣᠯᠲ ᠤᠨ ᠰᠠᠭᠤᠷᠢᠨ ᠭᠠᠵᠠᠷ ᠤᠨ ᠲᠥᠷᠥᠯ ᠵᠦᠢᠯ ᠠᠩᠬ᠎ᠠ ᠤᠳᠠᠭ᠎ᠠ ᠲᠡᠭᠦᠰ ᠠᠮᠵᠢᠯᠲᠠ ᠣᠯᠪᠠ
ᠨᠡᠶᠢᠲᠡᠯᠡᠭᠰᠡᠨ ᠴᠠᠭ᠄
2023/9/14
    9 ᠰᠠᠷ᠎ᠠ ᠶᠢᠨ 12 ᠤᠨ ᠡᠳᠦᠷ᠂ ᠯᠢᠶᠡᠩᠴᠧᠩ ᠰᠢᠶᠠᠨ ᠳᠤ ᠪᠠᠶᠢᠭᠤᠯᠤᠭᠰᠠᠨ 150 ᠲᠦᠮᠡᠨ ᠺᠢᠯᠣᠸᠠᠲ ᠤᠨ ᠲᠣᠮᠣ ᠬᠡᠯᠪᠡᠷᠢ ᠶᠢᠨ ᠰᠠᠯᠬᠢᠨ ᠬᠦᠴᠦᠨ ᠤ ᠴᠠᠬᠢᠯᠭᠠᠨ ᠤ ᠬᠡᠷᠡᠯ ᠸᠣᠯᠲ ᠤᠨ ᠰᠠᠭᠤᠷᠢᠨ ᠭᠠᠵᠠᠷ ᠤᠨ ᠲᠥᠷᠥᠯ ᠵᠦᠢᠯ ᠤᠨ ᠨᠢᠭᠡᠳᠦᠭᠡᠷ᠂ ᠬᠤᠶᠠᠳᠤᠭᠠᠷ᠂ ᠭᠤᠷᠪᠠᠳᠤᠭᠠᠷ ᠬᠡᠰᠡᠭ ᠤᠨ ᠠᠩᠬᠠᠳᠠᠭᠴᠢ ᠰᠠᠯᠬᠢᠨ ᠬᠦᠴᠦᠨ ᠤ ᠮᠠᠰᠢᠨ ᠢ ᠠᠮᠵᠢᠯᠲᠠ ᠲᠠᠢ ᠪᠠᠷ ᠳᠡᠭᠦᠵᠢᠯᠡᠨ ᠤᠭᠰᠠᠷᠠᠭᠰᠠᠨ ᠨᠢ ᠤᠯᠠᠭᠠᠨᠴᠠᠪ ᠤᠨ 150 ᠲᠦᠮᠡᠨ ᠺᠢᠯᠣᠸᠠᠲ ᠤᠨ ᠲᠣᠮᠣ ᠬᠡᠯᠪᠡᠷᠢ ᠶᠢᠨ ᠰᠠᠯᠬᠢᠨ ᠬᠦᠴᠦᠨ ᠤ ᠴᠠᠬᠢᠯᠭᠠᠨ ᠤ ᠬᠡᠷᠡᠯ ᠸᠣᠯᠲ ᠤᠨ ᠰᠠᠭᠤᠷᠢᠨ ᠭᠠᠵᠠᠷ ᠤᠨ ᠲᠥᠷᠥᠯ ᠵᠦᠢᠯ ᠤᠨ ᠠᠩᠬᠠᠨ ᠤ ᠤᠨᠠᠯᠲᠠ ᠶᠢ ᠠᠮᠵᠢᠯᠲᠠ ᠲᠠᠢ ᠪᠡᠶᠡᠯᠡᠭᠦᠯᠦᠭᠰᠡᠨ ᠢ ᠬᠠᠷᠠᠭᠤᠯᠵᠤ᠂ 2023 ᠣᠨ ᠤ ᠡᠴᠦᠰ ᠲᠤ ᠠᠩᠬᠠᠨ ᠤ ᠪᠦᠯᠦᠭ ᠮᠠᠰᠢᠨ ᠴᠣᠭᠴᠠᠯᠠᠪᠤᠷᠢ ᠶᠢᠨ ᠲᠣᠣᠷ ᠲᠤ ᠨᠡᠶᠢᠯᠡᠭᠦᠯᠦᠨ ᠴᠠᠬᠢᠯᠭᠠᠨ ᠭᠠᠷᠭᠠᠬᠤ ᠳᠤ ᠪᠠᠲᠤ ᠪᠠᠬᠢ ᠰᠠᠭᠤᠷᠢ ᠶᠢ ᠲᠠᠯᠪᠢᠭᠰᠠᠨ ᠪᠠᠶᠢᠨ᠎ᠠ᠃     150 ᠲᠦᠮᠡᠨ ᠺᠢᠯᠣᠸᠠᠲ ᠤᠨ ᠲᠣᠮᠣ ᠬᠡᠯᠪᠡᠷᠢ ᠶᠢᠨ ᠰᠠᠯᠬᠢᠨ ᠬᠦᠴᠦᠨ ᠤ ᠴᠠᠬᠢᠯᠭᠠᠨ ᠤ ᠬᠡᠷᠡᠯ ᠸᠣᠯᠲ ᠤᠨ ᠰᠠᠭᠤᠷᠢᠨ ᠭᠠᠵᠠᠷ ᠤᠨ ᠲᠥᠷᠥᠯ ᠵᠦᠢᠯ ᠢ ᠤᠯᠠᠭᠠᠨᠴᠠᠪ ᠬᠤᠲᠠ ᠶᠢᠨ ᠯᠢᠶᠡᠩᠴᠧᠩ ᠰᠢᠶᠠᠨ ᠤ ᠪᠠᠷᠠᠭᠤᠨ ᠡᠮᠦᠨ᠎ᠡ ᠣᠷᠣᠨ ᠳᠤ ᠪᠠᠶᠢᠷᠢᠯᠠᠭᠤᠯᠵᠤ᠂ 225 ᠰᠠᠯᠬᠢᠨ ᠬᠦᠴᠦᠨ ᠤ ᠴᠠᠬᠢᠯᠭᠠᠨ ᠭᠠᠷᠭᠠᠬᠤ ᠮᠠᠰᠢᠨ ᠴᠣᠭᠴᠠᠯᠠᠪᠤᠷᠢ ᠶᠢ ᠤᠭᠰᠠᠷᠠᠵᠤ᠂ ᠲᠠᠯᠠᠪᠠᠶ ᠶᠢᠨ ᠲᠣᠭᠤᠷᠢᠭ ᠲᠤ 220 ᠺᠢᠯᠣᠸᠠᠲ ᠤᠨ ᠬᠦᠴᠦᠳᠡᠯ ᠳᠡᠭᠡᠭᠰᠢᠯᠡᠭᠦᠯᠬᠦ ᠥᠷᠲᠡᠭᠡ ᠶᠢ 3 ᠢᠵᠢ ᠪᠦᠷᠢᠳᠦᠭᠦᠯᠦᠨ ᠪᠠᠶᠢᠭᠤᠯᠵᠤ᠂ ᠬᠦᠴᠦᠳᠡᠯ ᠳᠡᠭᠡᠭᠰᠢᠯᠡᠭᠦᠯᠬᠦ ᠥᠷᠲᠡᠭᠡ ᠪᠦᠷᠢ ᠳᠤ 250MVA ᠭᠤᠣᠯ ᠬᠦᠴᠦᠳᠡᠯ ᠥᠭᠡᠷᠡᠴᠢᠯᠡᠭᠴᠢ ᠶᠢ 2 ᠲᠣᠬᠢᠷᠠᠭᠤᠯᠵᠤ᠂ 3 ᠬᠦᠴᠦᠳᠡᠯ ᠳᠡᠭᠡᠭᠰᠢᠯᠡᠭᠦᠯᠬᠦ ᠥᠷᠲᠡᠭᠡ ᠶᠢ 3 ᠤᠳᠠᠭ᠎ᠠ 220KV ᠱᠤᠭᠤᠮ ᠢᠶᠠᠷ ᠳᠠᠮᠵᠢᠭᠤᠯᠤᠨ ᠳᠠᠭ᠎ᠠ ᠶᠢᠨ ᠨᠠᠭᠤᠷ ᠤᠨ ᠴᠠᠬᠢᠯᠭᠠᠨ ᠤ ᠦᠢᠯᠡᠳᠪᠦᠷᠢ ᠶᠢᠨ 500KV ᠬᠦᠴᠦᠳᠡᠯ ᠳᠡᠭᠡᠭᠰᠢᠯᠡᠭᠦᠯᠬᠦ ᠥᠷᠲᠡᠭᠡ ᠳᠤ ᠬᠦᠷᠭᠡᠵᠦ᠂ ᠳᠠᠭ᠎ᠠ ᠶᠢᠨ ᠨᠠᠭᠤᠷ ᠤᠨ ᠴᠠᠬᠢᠯᠭᠠᠨ ᠤ ᠦᠢᠯᠡᠳᠪᠦᠷᠢ ᠶᠢᠨ 500KV ᠬᠦᠴᠦᠳᠡᠯ ᠳᠡᠭᠡᠭᠰᠢᠯᠡᠭᠦᠯᠬᠦ ᠥᠷᠲᠡᠭᠡ ᠳᠤ 2 ᠬᠦᠴᠦᠳᠡᠯ ᠳᠡᠭᠡᠭᠰᠢᠯᠡᠭᠦᠯᠬᠦ ᠬᠦᠴᠦᠳᠡᠯ ᠥᠭᠡᠷᠡᠴᠢᠯᠡᠨ᠎ᠡ᠃ ᠲᠦᠷᠦᠯ ᠵᠦᠢᠯ ᠤᠨ ᠴᠠᠬᠢᠯᠭᠠᠨ ᠬᠦᠴᠦᠨ ᠢ ︽ᠳᠠᠭ᠎ᠠ ᠶᠢᠨ ᠨᠠᠭᠤᠷ ︱ ᠸᠠᠨ ᠴᠢᠤᠸᠠᠨ ︱ ᠱᠦᠨ ᠢ︾ ᠶᠢᠨ 500kV ᠴᠠᠬᠢᠯᠭᠠᠨ ᠬᠦᠷᠭᠡᠬᠦ ᠱᠤᠭᠤᠮ ᠢᠶᠠᠷ ᠳᠠᠮᠵᠢᠭᠤᠯᠤᠨ ᠪᠡᠭᠡᠵᠢᠩ ᠲᠢᠶᠠᠨᠵᠢᠨ ᠡᡁᠧᠪᠸᠢ ᠣᠷᠣᠨ ᠳᠤ ᠬᠦᠷᠭᠡᠵᠦ ᠰᠢᠩᠭᠡᠬᠡᠨ ᠠᠪᠤᠨ᠎ᠠ᠃     ᠲᠥᠷᠥᠯ ᠵᠦᠢᠯ ᠪᠠᠶᠢᠭᠤᠯᠤᠭᠳᠠᠭᠰᠠᠨ ᠤ ᠳᠠᠷᠠᠭ᠎ᠠ᠂ ᠵᠢᠯ ᠳᠤ 36.28 ᠳ᠋ᠦᠩᠰᠢᠭᠤᠷ ᠺᠢᠯᠣᠸᠠᠲ ᠴᠠᠭ ᠤᠨ ᠪᠣᠬᠢᠷᠲᠤᠯ ᠦᠭᠡᠢ ᠴᠠᠬᠢᠯᠭᠠᠨ ᠡᠨᠧᠷᠭᠢ ᠦᠢᠯᠡᠳᠪᠦᠷᠢᠯᠡᠵᠦ᠂ ᠵᠢᠯ ᠪᠦᠷᠢ ᠲᠤᠬᠠᠢ ᠶᠢᠨ ᠭᠠᠵᠠᠷ ᠲᠤ 1.67 ᠳ᠋ᠦᠩᠰᠢᠭᠤᠷ ᠲᠥᠭᠦᠷᠢᠭ ᠤᠨ ᠭᠠᠶᠢᠯᠢ ᠶᠢᠨ ᠣᠷᠣᠯᠭ᠎ᠠ ᠶᠢ ᠡᠭᠦᠳᠴᠦ ᠥᠭᠭᠦᠨ᠎ᠡ︔ ᠵᠢᠯ ᠳᠤ ᠪᠠᠷᠢᠮᠵᠢᠶᠠᠲᠤ ᠨᠡᠭᠦᠷᠡᠰᠦ ᠶᠢ 125.57 ᠲᠦᠮᠡᠨ ᠲᠣᠨ ᠠᠷᠪᠢᠯᠠᠵᠤ᠂ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠤᠨ ᠭᠠᠳᠠᠭᠰᠢᠯᠠᠭᠤᠯᠤᠯᠲᠠ ᠶᠢ 304.69 ᠲᠦᠮᠡᠨ ᠲᠣᠨ ᠪᠠᠭᠠᠰᠬᠠᠵᠤ᠂ ᠬᠦᠬᠦᠷ ᠤᠨ ᠳᠠᠪᠬᠤᠷ ᠢᠰᠦᠯ ᠤᠨ ᠭᠠᠳᠠᠭᠰᠢᠯᠠᠭᠤᠯᠤᠯᠲᠠ ᠶᠢ 2.21 ᠲᠦᠮᠡᠨ ᠲᠣᠨ᠂ ᠠᠽᠣᠲ ᠤᠨ ᠢᠰᠦᠮᠡᠭ ᠤᠨ ᠭᠠᠳᠠᠭᠰᠢᠯᠠᠭᠤᠯᠤᠯᠲᠠ ᠶᠢ 3.32 ᠲᠦᠮᠡᠨ ᠲᠣᠨ ᠪᠠᠭᠠᠰᠬᠠᠵᠤ᠂ ᠯᠢᠶᠡᠩᠴᠧᠩ ᠰᠢᠶᠠᠨ ᠤ ︽ᠴᠡᠪᠡᠷ ᠡᠨᠧᠷᠭᠢ ᠶᠢᠨ ᠭᠠᠷᠭᠠᠯᠲᠠ ᠶᠢᠨ ᠵᠢᠱᠢᠶ᠎ᠡ ᠦᠵᠡᠭᠦᠯᠬᠦ ᠰᠢᠶᠠᠨ︾ ᠢ ᠪᠠᠶᠢᠭᠤᠯᠬᠤ ᠳᠤ ᠬᠥᠰᠢᠶ᠎ᠡ ᠳᠤᠷᠠᠰᠬᠠᠯ ᠤᠨ ᠴᠢᠨᠠᠷᠲᠠᠢ ᠠᠴᠢ ᠬᠤᠯᠪᠣᠭᠳᠠᠯ ᠲᠠᠢ ᠶᠤᠮ᠃                            ᠤᠷᠴᠢᠭᠤᠯᠤᠭᠴᠢ᠄ ᠬᠦᠰᠡᠯ                            ᠬᠢᠨᠠᠭᠴᠢ᠄ ᠠᠷᠢᠭᠤᠨ
 
ᠢᠷᠡᠯᠲᠡ᠄ ᠤᠯᠠᠭᠠᠨᠴᠠᠪ ᠬᠤᠳᠠ ᠶᠢᠨ ᠵᠠᠰᠠᠭ ᠤᠨ ᠤᠷᠳᠤᠨ ᠤ ᠬᠢᠳᠡᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2