| 2023 ᠣᠨ ᠳᠤ᠂ ᠳᠥᠷᠪᠡᠳ ᠬᠤᠰᠢᠭᠤᠨ ᠤ ᠲᠠᠷᠢᠮᠠᠯ ᠤᠨ ᠶᠡᠷᠦᠩᠬᠡᠢ ᠳᠠᠷᠢᠬᠤ ᠲᠠᠯᠠᠪᠠᠶ 189.6 ᠲᠦᠮᠡᠨ | ᠮᠦ ᠪᠠᠶᠢᠵᠤ᠂ ᠡᠭᠦᠨ ᠳᠤ ᠠᠮᠤ ᠪᠤᠳᠠᠭᠠᠨ ᠤ ᠲᠠᠷᠢᠮᠠᠯ 132 ᠲᠦᠮᠡᠨ ᠮᠦ ︵ᠲᠥᠮᠥᠰᠥ 60 ᠲᠦᠮᠡᠨ ᠮᠦ᠂ ᠡᠷᠳᠡᠨᠢ | ᠰᠢᠰᠢ 32.6 ᠲᠦᠮᠡᠨ ᠮᠦ᠂ ᠪᠤᠭᠤᠳᠠᠢ 15 ᠲᠦᠮᠡᠨ ᠮᠦ᠂ ᠪᠤᠰᠤᠳ ᠠᠮᠤ ᠪᠤᠳᠠᠭᠠᠨ ᠤ ᠲᠥᠷᠥᠯ 23.4 | ᠲᠦᠮᠡᠨ ᠮᠦ᠂ ᠪᠤᠷᠴᠠᠭ ᠤᠨ ᠲᠥᠷᠥᠯ 1 ᠲᠦᠮᠡᠨ ᠮᠦ︶᠂ ᠠᠵᠤ ᠠᠬᠤᠢ ᠶᠢᠨ ᠲᠠᠷᠢᠮᠠᠯ 57.6 ᠲᠦᠮᠡᠨ ᠮᠦ ︵ | ᠲᠣᠰᠣᠯᠢᠭ ᠲᠠᠷᠢᠮᠠᠯ 36 ᠲᠦᠮᠡᠨ ᠮᠦ᠂ ᠰᠢᠬᠢᠷ ᠯᠤᠤᠪᠠᠩ 4.5 ᠲᠦᠮᠡᠨ ᠮᠦ᠂ ᠵᠢᠮᠢᠰ ᠨᠣᠭᠤᠭ᠎ᠠ 4.3 ᠲᠦᠮᠡᠨ | ᠮᠦ᠂ ᠬᠢᠲᠠᠳ ᠡᠮ ᠤᠨ ᠮᠠᠲ᠋ᠧᠷᠢᠶᠠᠯ 0.3 ᠲᠦᠮᠡᠨ ᠮᠦ᠂ ᠲᠡᠵᠢᠭᠡᠯ ᠡᠪᠡᠰᠦ 12.5 ᠲᠦᠮᠡᠨ ᠮᠦ︶ ᠪᠠᠶᠢᠨ᠎ᠠ᠃ | ᠠᠭᠠᠷ ᠤᠨ ᠳᠤᠯᠠᠭᠠᠨ ᠤ ᠳᠡᠭᠡᠭᠰᠢᠯᠡᠬᠦ ᠶᠢ ᠳᠠᠭᠠᠯᠳᠤᠨ᠂ ᠲᠠᠷᠢᠮᠠᠯ ᠤᠨ ᠡᠷᠦᠬᠡ ᠠᠰᠢᠭᠲᠠᠢ ᠲᠣᠬᠢᠶᠠᠯ ᠢ ᠠᠮᠵᠢᠨ᠂ | ᠴᠢᠭᠢᠭ ᠢ ᠵᠠᠪᠳᠤᠨ ᠳᠠᠷᠢᠬᠤ ᠳᠤ ᠲᠣᠬᠢᠷᠠᠮᠵᠢᠲᠠᠢ ᠲᠠᠷᠢᠮᠠᠯ ᠢ ᠳᠠᠷᠢᠪᠡ᠃ ᠣᠲᠣ ᠪᠣᠯᠲᠠᠯ᠎ᠠ᠂ ᠠᠮᠤ ᠪᠤᠳᠠᠭ᠎ᠠ ᠳᠠᠷᠢᠬᠤ | ᠠᠵᠢᠯ ᠢ ᠨᠢᠭᠡᠨᠲᠡ 53.52 ᠲᠦᠮᠡᠨ ᠮᠦ ᠪᠡᠶᠡᠯᠡᠭᠦᠯᠵᠦ᠂ ᠲᠥᠯᠥᠪᠯᠡᠭᠰᠡᠨ ᠡᠭᠦᠷᠭᠡ ᠶᠢᠨ 40.55% ᠶᠢ ᠡᠵᠡᠯᠡᠪᠡ | ᠃ ᠡᠭᠦᠨ ᠳᠤ᠂ ᠡᠷᠳᠡᠨᠢ ᠰᠢᠰᠢ 11 ᠲᠦᠮᠡᠨ ᠮᠦ᠂ ᠪᠤᠭᠤᠳᠠᠢ 15 ᠲᠦᠮᠡᠨ ᠮᠦ᠂ ᠰᠢᠷ᠎ᠠ ᠪᠤᠷᠴᠠᠭ 0.02 | ᠲᠦᠮᠡᠨ ᠮᠦ᠂ ᠲᠥᠮᠥᠰᠥ 27 ᠲᠦᠮᠡᠨ ᠮᠦ᠂ ᠨᠣᠬᠠᠢ ᠶᠢᠨ ᠬᠤᠰᠢᠭᠤ 0.5 ᠲᠦᠮᠡᠨ ᠮᠦ ᠳᠠᠷᠢᠪᠡ᠃ | | ᠤᠷᠴᠢᠭᠤᠯᠤᠭᠴᠢ᠄ ᠬᠦᠰᠡᠯ | ᠬᠢᠨᠠᠭᠴᠢ᠄ ᠠᠷᠢᠭᠤᠨ |