ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠰᠤᠷᠤᠯᠴᠠᠵᠤ ᠤᠬᠠᠭᠤᠯᠤᠨ ᠲᠤᠭᠤᠰᠢᠯᠠᠭᠤᠯᠤᠶ᠎ᠠ᠄ ᠬᠤᠲᠠ ᠶᠢᠨ ᠨᠠᠮ ᠤᠨ ᠬᠤᠷᠢᠶᠠᠨ ᠤ ᠣᠨᠣᠯ ᠰᠤᠷᠤᠯᠴᠠᠬᠤ ᠭᠤᠣᠯ ᠳᠤᠭᠤᠶᠢᠯᠠᠩ ᠬᠠᠮᠲᠤ ᠶᠢᠨ ᠰᠤᠷᠤᠯᠴᠠᠯᠭ᠎ᠠ ᠬᠢᠵᠦ ᠪᠠᠶᠢᠴᠠᠭᠠᠨ ᠰᠤᠳᠤᠯᠤᠯᠲᠠ ᠶᠢ ᠰᠠᠶᠢᠲᠤᠷ ᠬᠢᠬᠦ ᠶᠢᠨ ᠲᠣᠭᠤᠷᠢᠨ ᠳᠤ ᠰᠤᠳᠤᠯᠤᠨ ᠶᠠᠷᠢᠯᠴᠠᠵᠤ ᠰᠣᠯᠢᠯᠴᠠᠭ᠎ᠠ ᠥᠷᠨᠢᠭᠦᠯᠪᠡ
ᠨᠡᠶᠢᠲᠡᠯᠡᠭᠰᠡᠨ ᠴᠠᠭ᠄
2023/5/17
     5 ᠰᠠᠷ᠎ᠠ ᠶᠢᠨ 15 ᠤ ᠡᠳᠦᠷ᠂ ᠬᠤᠳᠠ ᠶᠢᠨ ᠨᠠᠮ ᠤᠨ ᠬᠤᠷᠢᠶ᠎ᠠ ᠶᠢᠨ ᠤᠨᠤᠯ ᠰᠤᠷᠤᠯᠴᠠᠬᠤ ᠭᠤᠣᠯ ᠳᠤᠭᠤᠶᠢᠯᠠᠩ 2023 ᠣᠨ ᠤ ᠲᠠᠪᠤᠳᠤᠭᠠᠷ ᠤᠳᠠᠭ᠎ᠠ ᠶᠢᠨ ᠬᠠᠮᠲᠤ ᠶᠢᠨ ᠰᠤᠷᠤᠯᠴᠠᠯᠭ᠎ᠠ ᠬᠢᠵᠦ᠂ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠪᠣᠯᠣᠨ ᠶᠡᠷᠦᠩᠬᠡᠢ ᠱᠦᠵᠢ ᠰᠢ ᠶᠢᠨ ᠫᠢᠩ ᠤᠨ ᠪᠠᠶᠢᠴᠠᠭᠠᠨ ᠰᠤᠳᠤᠯᠤᠯᠲᠠ ᠶᠢᠨ ᠲᠤᠬᠠᠢ ᠴᠢᠬᠤᠯᠠ ᠥᠭᠦᠯᠡᠯᠲᠡ ᠶᠢ ᠰᠤᠷᠤᠯᠴᠠᠨ ᠲᠤᠭᠤᠰᠢᠯᠠᠭᠤᠯᠬᠤ ᠶᠢᠨ ᠲᠣᠭᠤᠷᠢᠨ ᠳᠤ ᠰᠤᠳᠤᠯᠤᠨ ᠶᠠᠷᠢᠯᠴᠠᠵᠤ ᠰᠣᠯᠢᠯᠴᠠᠭ᠎ᠠ ᠥᠷᠨᠢᠭᠦᠯᠪᠡ᠃ ᠬᠤᠲᠠ ᠶᠢᠨ ᠨᠠᠮ ᠤᠨ ᠬᠤᠷᠢᠶᠠᠨ ᠤ ᠱᠦᠵᠢ ᠰᠦᠢ ᠸᠧᠢ ᠵᠢᠶᠦ᠋ᠨ ᠬᠤᠷᠠᠯ ᠡᠷᠭᠢᠯᠡᠭᠰᠡᠨ ᠪᠥᠭᠡᠳ ᠶᠠᠷᠢᠶ᠎ᠠ ᠲᠠᠯᠪᠢᠵᠠᠢ᠃      ᠰᠦᠢ ᠸᠧᠢ ᠵᠢᠶᠦ᠋ᠨ᠂ ᠪᠠᠶᠢᠴᠠᠭᠠᠨ ᠰᠤᠳᠤᠯᠤᠯᠲᠠ ᠬᠢᠬᠦ ᠪᠣᠯ ᠤᠴᠢᠷ ᠶᠠᠪᠤᠳᠠᠯ ᠢ ᠪᠣᠳᠣᠯᠬᠢᠯᠠᠬᠤ ᠶᠢᠨ ᠰᠠᠭᠤᠷᠢ᠂ ᠤᠴᠢᠷ ᠶᠠᠪᠤᠳᠠᠯ ᠢ ᠪᠦᠲᠦᠭᠡᠬᠦ ᠶᠢᠨ ᠶᠣᠰᠣ ᠮᠥᠨ᠃ ᠪᠢᠳᠡ ᠶᠡᠷᠦᠩᠬᠡᠢ ᠱᠦᠵᠢ ᠰᠢ ᠶᠢᠨ ᠫᠢᠩ ᠤᠨ ᠪᠠᠶᠢᠴᠠᠭᠠᠨ ᠰᠤᠳᠤᠯᠤᠯᠲᠠ ᠶᠢᠨ ᠲᠤᠬᠠᠢ ᠴᠢᠬᠤᠯᠠ ᠥᠭᠦᠯᠡᠯᠲᠡ ᠶᠢ ᠭᠦᠨᠵᠡᠭᠡᠢ ᠰᠤᠷᠤᠯᠴᠠᠨ ᠣᠶᠢᠯᠠᠭᠠᠵᠤ᠂ ︽ᠲᠠᠪᠤᠨ ᠶᠡᠭᠡ ᠡᠭᠦᠷᠭᠡ︾ ᠶᠢ ᠨᠠᠶᠢᠳᠠᠪᠤᠷᠢᠵᠢᠭᠤᠯᠬᠤ ᠪᠠ ︽ᠵᠢᠱᠢᠶᠡᠴᠢ ᠥᠪᠡᠷᠲᠡᠭᠡᠨ ᠵᠠᠰᠠᠬᠤ ᠣᠷᠣᠨ︾ ᠢ ᠪᠦᠬᠦ ᠲᠠᠯ᠎ᠠ ᠪᠠᠷ ᠪᠦᠲᠦᠭᠡᠨ ᠪᠠᠶᠢᠭᠤᠯᠬᠤ ᠬᠤᠶᠠᠷ ᠶᠡᠭᠡ ᠶᠠᠪᠤᠳᠠᠯ ᠳᠤ ᠠᠩᠬᠠᠷᠤᠯ ᠢᠶᠠᠨ ᠲᠥᠪᠯᠡᠷᠡᠭᠦᠯᠵᠦ᠂ ᠪᠠᠶᠢᠴᠠᠭᠠᠨ ᠰᠤᠳᠤᠯᠤᠯᠲᠠ ᠶᠢᠨ ᠵᠢᠩᠬᠢᠨᠢ ᠴᠢᠷᠮᠠᠶᠢᠯᠭ᠎ᠠ ᠶᠢ ᠭᠦᠢᠴᠡᠳ ᠰᠠᠶᠢᠲᠤᠷ ᠬᠢᠵᠦ᠂ ᠴᠢᠨᠠᠷ ᠰᠠᠶᠢᠲᠠᠢ ᠪᠠᠶᠢᠴᠠᠭᠠᠨ ᠰᠤᠳᠤᠯᠤᠯᠲᠠ ᠪᠠᠷ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠬᠡᠷᠡᠭᠲᠡᠢ ᠭᠡᠵᠦ ᠬᠡᠯᠡᠪᠡ᠃      ᠰᠦᠢ ᠸᠧᠢ ᠵᠢᠶᠦ᠋ᠨ᠂ ᠪᠠᠶᠢᠴᠠᠭᠠᠨ ᠰᠤᠳᠤᠯᠤᠯᠲᠠ ᠶᠢᠨ ︽ᠤᠯᠠᠮᠵᠢᠯᠠᠯᠲᠤ ᠡᠷᠳᠡᠨᠢ︾ ᠶᠢ ᠰᠠᠶᠢᠲᠤᠷ ᠬᠡᠷᠡᠭᠯᠡᠵᠦ᠂ ᠡᠭᠦᠷᠭᠡ ᠬᠠᠷᠢᠭᠤᠴᠠᠯᠭ᠎ᠠ ᠪᠠᠨ ᠪᠡᠶᠡᠯᠡᠭᠦᠯᠬᠦ᠂ ᠠᠶᠤᠯ ᠲᠦᠭᠰᠢᠭᠦᠷᠢ ᠥᠷᠢᠰᠦᠯᠳᠦᠭᠡᠨ ᠢ ᠠᠷᠭᠠᠴᠠᠬᠤ ᠪᠠᠷ ᠭᠤᠣᠯᠳᠠᠭᠤᠯᠵᠤ᠂ ᠠᠵᠢᠯ ᠤᠨ ᠰᠤᠷᠲᠠᠯ ᠢᠶᠠᠨ ᠰᠠᠶᠢᠵᠢᠷᠠᠭᠤᠯᠵᠤ᠂ ᠪᠠᠶᠢᠴᠠᠭᠠᠨ ᠰᠤᠳᠤᠯᠤᠯᠲᠠ ᠪᠠᠷ ᠳᠠᠮᠵᠢᠨ ᠠᠷᠭ᠎ᠠ ᠪᠠᠨ ᠲᠣᠳᠣᠷᠬᠠᠶᠢᠯᠠᠵᠤ᠂ ᠠᠷᠭ᠎ᠠ ᠵᠠᠮ ᠢᠶᠠᠨ ᠡᠷᠢᠵᠦ᠂ ᠦᠷ᠎ᠡ ᠪᠦᠲᠦᠮᠵᠢ ᠪᠠᠨ ᠳᠡᠭᠡᠭᠰᠢᠯᠡᠭᠦᠯᠵᠦ᠂ ᠲᠠᠰᠤᠷᠠᠯᠲᠠ ᠦᠭᠡᠢ ᠠᠰᠠᠭᠤᠳᠠᠯ ᠢ ᠢᠯᠡᠷᠡᠭᠦᠯᠬᠦ᠂ ᠠᠰᠠᠭᠤᠳᠠᠯ ᠢ ᠰᠢᠢᠳᠪᠦᠷᠢᠯᠡᠬᠦ ᠳᠤᠮᠳᠠ ᠠᠵᠢᠯ ᠦᠢᠯᠡᠰ ᠤᠨ ᠬᠥᠭᠵᠢᠯᠲᠡ ᠶᠢ ᠨᠡᠩ ᠰᠠᠶᠢᠲᠤᠷ ᠠᠬᠢᠭᠤᠯᠬᠤ ᠬᠡᠷᠡᠭᠲᠡᠢ᠃ ᠪᠠᠶᠢᠴᠠᠭᠠᠨ ᠰᠤᠳᠤᠯᠤᠯᠲᠠ ᠶᠢᠨ ︽ᠦᠨᠳᠦᠰᠦᠨ ᠪᠣᠯᠪᠠᠰᠤᠷᠠᠯ︾ ᠢ ᠰᠠᠶᠢᠲᠤᠷ ᠪᠣᠯᠪᠠᠰᠤᠷᠠᠭᠤᠯᠵᠤ᠂ ᠠᠷᠠᠳ ᠲᠦᠮᠡᠨ ᠢ ᠳᠡᠭᠡᠳᠦᠯᠡᠬᠦ᠂ ᠠᠰᠠᠭᠤᠳᠠᠯ ᠢᠶᠠᠷ ᠤᠳᠤᠷᠢᠳᠤᠮᠵᠢ ᠪᠣᠯᠭᠠᠬᠤ᠂ ᠲᠥᠪ ᠭᠤᠣᠯᠴᠢ ᠪᠠᠷ ᠰᠢᠨ᠎ᠡ ᠶᠢ ᠡᠭᠦᠳᠬᠦ᠂ ᠰᠢᠰᠲ᠋ᠧᠮ ᠲᠠᠢ ᠰᠡᠳᠬᠢᠬᠦ ᠶᠢ ᠪᠠᠷᠢᠮᠲᠠᠯᠠᠵᠤ ᠂ ᠪᠠᠶᠢᠳᠠᠯ ᠢ ᠦᠨᠡᠨᠬᠦ ᠲᠣᠳᠣᠷᠬᠠᠢ ᠣᠶᠢᠯᠠᠭᠠᠵᠤ᠂ ᠠᠰᠠᠭᠤᠳᠠᠯ ᠢ ᠣᠨᠣᠪᠴᠢᠲᠠᠢ ᠡᠷᠢᠵᠦ᠂ ᠠᠷᠭᠠᠴᠠᠬᠤ ᠪᠣᠳᠣᠯᠭ᠎ᠠ ᠶᠢ ᠪᠣᠳᠠᠲᠠᠢ ᠳᠤᠷᠠᠳᠴᠤ᠂ ᠡᠯ᠎ᠡ ᠵᠦᠢᠯ ᠤᠨ ᠠᠵᠢᠯ ᠤᠨ ᠲᠠᠬᠢᠨ ᠰᠢᠨ᠎ᠡ ᠳᠡᠭᠲᠡᠷ ᠲᠤ ᠭᠠᠷᠬᠤ ᠶᠢ ᠠᠬᠢᠭᠤᠯᠬᠤ ᠬᠡᠷᠡᠭᠲᠡᠢ᠃ ᠪᠠᠶᠢᠴᠠᠭᠠᠨ ᠰᠤᠳᠤᠯᠤᠯᠲᠠ ᠶᠢᠨ ︽ᠳᠤᠮᠳᠠᠬᠢ ᠲᠦᠭᠵᠢᠷᠡᠯ︾ ᠢ ᠲᠠᠶᠢᠯᠵᠤ᠂ ᠬᠡᠯᠪᠡᠷᠢᠴᠢ ᠦᠵᠡᠯ᠂ ᠨᠣᠶᠠᠨᠴᠢ ᠰᠤᠷᠲᠠᠯ ᠢ ᠡᠷᠡᠰ ᠡᠰᠡᠷᠭᠦᠴᠡᠨ ᠰᠡᠷᠭᠡᠶᠢᠯᠡᠵᠦ᠂ ᠮᠣᠷᠢᠨ ᠳᠠᠪᠬᠢᠭ᠎ᠠ ᠪᠠᠷ ᠴᠡᠴᠡᠭ ᠰᠣᠨᠢᠷᠬᠠᠬᠤ ᠶᠢ ᠡᠷᠡᠰ ᠬᠤᠷᠢᠭᠯᠠᠵᠤ᠂ ᠦᠨᠳᠦᠰᠦᠨ ᠱᠠᠲᠤᠨ ᠤ ᠳᠠᠷᠤᠭᠠᠰᠤ ᠶᠢ ᠬᠦᠨᠳᠦᠷᠡᠭᠦᠯᠵᠦ ᠪᠣᠯᠬᠤ ᠦᠭᠡᠢ᠂ ᠴᠡᠭ ᠢᠶᠠᠷ ᠨᠡᠶᠢᠳᠡᠮ ᠢ ᠣᠷᠣᠯᠠᠭᠤᠯᠬᠤ᠂ ᠥᠷᠥᠭᠡᠰᠦᠨ ᠲᠠᠯ᠎ᠠ ᠪᠠᠷ ᠪᠦᠬᠦ ᠲᠠᠯ᠎ᠠ ᠶᠢ ᠬᠤᠷᠢᠶᠠᠩᠭᠤᠶᠢᠯᠠᠬᠤ ᠶᠢ ᠰᠡᠷᠭᠡᠶᠢᠯᠡᠵᠦ᠂ ᠪᠠᠶᠢᠴᠠᠭᠠᠨ ᠰᠤᠳᠤᠯᠤᠯᠲᠠ ᠶᠢᠨ ᠦᠨᠡᠨ ᠠᠴᠠ ᠵᠥᠪ ᠢ ᠡᠷᠢᠬᠦ᠂ ᠦᠨᠡᠨ ᠢ ᠪᠠᠷᠢᠮᠲᠠᠯᠠᠨ ᠪᠣᠳᠠᠲᠠᠢ ᠶᠢ ᠡᠷᠬᠢᠮᠯᠡᠬᠦ ᠶᠢ ᠪᠠᠲᠤᠯᠠᠬᠤ ᠬᠡᠷᠡᠭᠲᠡᠢ ᠭᠡᠵᠦ ᠬᠡᠯᠡᠪᠡ                                                 ᠣᠷᠴᠢᠭᠤᠯᠤᠭᠴᠢ᠄ ᠭᠤᠸ᠎ᠠ                                                 ᠬᠢᠨᠠᠭᠴᠢ᠄ ᠠᠷᠢᠭᠤᠨ
 
ᠢᠷᠡᠯᠲᠡ᠄ ᠤᠯᠠᠭᠠᠨᠴᠠᠪ ᠬᠤᠳᠠ ᠶᠢᠨ ᠠᠷᠠᠳ ᠤᠨ ᠵᠠᠰᠠᠭ ᠤᠨ ᠤᠷᠳᠤᠨ ᠤ ᠬᠢᠳᠠᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2