2024 ᠣᠨ ᠤ ︽ᠮᠥᠰᠥ ᠴᠠᠰᠤᠨ ᠤ ᠬᠠᠶᠢᠷ᠎ᠠ︾ ᠶᠢᠨ ᠬᠥᠳᠡᠯᠭᠡᠭᠡᠨ ᠤ ᠤᠯᠠᠷᠢᠯ ᠤᠨ ᠤᠯᠠᠭᠠᠨᠴᠠᠪ ᠤᠨ ᠭᠠᠯᠲᠤ ᠠᠭᠤᠯᠠ ᠶᠢᠨ ᠬᠡᠷᠡᠯ ᠵᠢᠷᠤᠭ ᠤᠨ ᠤᠷᠤᠯᠳᠤᠭᠠᠨ ᠤ ᠦᠵᠡᠰᠬᠦᠯᠡᠩ ᠤᠨ ᠡᠬᠡ ᠪᠢᠴᠢᠭ ᠡᠯᠰᠡᠬᠦ ᠮᠡᠳᠡᠭᠳᠡᠯ
ᠨᠡᠶᠢᠲᠡᠯᠡᠭᠰᠡᠨ ᠴᠠᠭ᠄
2023/12/18
   ᠤᠯᠠᠭᠠᠨᠴᠠᠪ ᠨᠢ ᠰᠣᠶᠣᠯ ᠵᠢᠭᠤᠯᠴᠢᠯᠠᠯ ᠤᠨ ᠨᠡᠷᠡᠲᠦ ᠲᠡᠮᠳᠡᠭ ᠢ ᠤᠯᠠᠮ ᠨᠢᠭᠡ ᠠᠯᠬᠤᠮ ᠬᠦᠨᠵᠡᠭᠡᠶᠢᠷᠡᠭᠦᠯᠵᠦ᠂ ᠵᠤᠭᠠᠴᠠᠯ ᠤᠨ ᠡᠬᠢ ᠪᠠᠶᠠᠯᠢᠭ ᠤᠨ ᠠᠯᠳᠠᠷᠰᠢᠯ ᠢᠶᠠᠨ ᠳᠡᠭᠡᠭᠰᠢᠯᠡᠭᠦᠯᠵᠦ᠂ ᠤᠯᠠᠭᠠᠨᠴᠠᠪ ᠤᠨ ᠭᠠᠯᠲᠤ ᠠᠭᠤᠯᠠ ᠶᠢᠨ ᠡᠪᠦᠯ ᠤᠨ ᠤᠯᠠᠷᠢᠯ ᠤᠨ ᠥᠪᠡᠷᠮᠢᠴᠡ ᠦᠵᠡᠮᠵᠢ ᠪᠠᠨ ᠢᠯᠡᠷᠡᠭᠦᠯᠵᠦ᠂ ᠤᠯᠠᠭᠠᠨᠴᠠᠪ ᠬᠤᠳᠠ ᠶᠢᠨ ᠡᠪᠦᠯ ᠤᠨ ᠤᠯᠠᠷᠢᠯ ᠤᠨ ᠵᠤᠭᠠᠴᠠᠯ ᠤᠨ ᠴᠢᠨᠠᠷ ᠴᠢᠨᠰᠠᠭ᠎ᠠ ᠪᠣᠯᠣᠨ ᠰᠣᠶᠣᠯ ᠤᠨ ᠠᠭᠤᠯᠤᠭᠳᠠᠬᠤᠨ ᠢ ᠳᠡᠭᠡᠭᠰᠢᠯᠡᠭᠦᠯᠬᠦ ᠶᠢᠨ ᠲᠦᠯᠦᠭᠡ᠂ ᠠᠩᠬᠠᠳᠤᠭᠠᠷ ᠬᠤᠭᠤᠴᠠᠭᠠᠨ ᠤ ᠪᠦᠬᠦ ᠤᠯᠤᠰ ᠤᠨ︽ᠮᠦᠩᠬᠦᠨ ᠡᠪᠦᠯ ᠢᠶᠠᠷ ᠭᠠᠯᠲᠤ ᠠᠭᠤᠯᠠᠳᠤ ᠲᠠᠯ᠎ᠠ ᠨᠤᠲᠤᠭ ᠤᠨ ᠭᠠᠶᠢᠬᠠᠮᠰᠢᠭᠲᠤ ᠦᠵᠡᠮᠵᠢ ᠶᠢ ᠬᠠᠶᠢᠬᠤ︾ᠭᠡᠷᠡᠯ ᠵᠢᠷᠤᠭ ᠤᠨ ᠤᠷᠤᠯᠳᠤᠭᠠᠨ ᠤ ᠦᠵᠡᠰᠬᠦᠯᠡᠩ ᠢ ᠣᠨᠴᠠᠭᠠᠶᠢᠯᠠᠨ ᠡᠷᠬᠢᠯᠡᠵᠦ᠂ ᠪᠦᠬᠦ ᠨᠡᠶᠢᠭᠡᠮ ᠠᠴᠠ ᠭᠡᠷᠡᠯ ᠵᠢᠷᠤᠭ ᠤᠨ ᠪᠦᠲᠦᠭᠡᠯ ᠡᠯᠰᠡᠵᠦ ᠪᠠᠶᠢᠨ᠎ᠠ᠃ ᠨᠢᠭᠡ᠂ ᠵᠣᠬᠢᠶᠠᠨ ᠪᠠᠶᠢᠭᠤᠯᠬᠤ ᠪᠠᠶᠢᠭᠤᠯᠤᠮᠵᠢ ︵ᠨᠢᠭᠡ︶ ᠭᠤᠣᠯᠯᠠᠨ ᠡᠷᠭᠢᠯᠡᠬᠦ ᠨᠢᠭᠡᠴᠢ     ᠤᠯᠠᠭᠠᠨᠴᠠᠪ ᠬᠤᠲᠠ ᠶᠢᠨ ᠠᠷᠠᠳ ᠤᠨ ᠵᠠᠰᠠᠭ ᠤᠨ ᠣᠷᠳᠣᠨ ︵ᠬᠤᠶᠠᠷ︶ ᠳᠠᠭᠠᠭᠠᠴᠢᠯᠠᠨ ᠭᠦᠢᠴᠡᠳᠬᠡᠬᠦ ᠨᠢᠭᠡᠴᠢ     ᠤᠯᠠᠭᠠᠨᠴᠠᠪ ᠬᠤᠲᠠ ᠶᠢᠨ ᠰᠣᠶᠣᠯ ᠵᠢᠭᠤᠯᠴᠢᠯᠠᠯ ᠪᠡᠶ᠎ᠡ ᠶᠢᠨ ᠲᠠᠮᠢᠷ ᠤᠨ ᠲᠣᠪᠴᠢᠶ᠎ᠠ     ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠠᠷᠠᠳ ᠤᠨ ᠵᠠᠰᠠᠭ ᠤᠨ ᠤᠷᠳᠤᠨ ︵ᠭᠤᠷᠪᠠ︶ ᠬᠠᠮᠵᠢᠨ ᠭᠦᠢᠴᠡᠳᠬᠡᠬᠦ ᠨᠢᠭᠡᠴᠢ     ᠳᠤᠮᠳᠠᠳᠤ ᠤᠯᠤᠰ ᠤᠨ ᠡᠪ ᠬᠠᠮᠲᠤ ᠨᠠᠮ ᠤᠨ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠨᠠᠮ ᠤᠨ ᠬᠤᠷᠢᠶᠠᠨ ᠤ ᠤᠬᠠᠭᠤᠯᠬᠤ ᠬᠡᠯᠲᠡᠰ     ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠰᠣᠶᠣᠯ ᠪᠠ ᠵᠢᠭᠤᠯᠴᠢᠯᠠᠯ ᠤᠨ ᠲᠣᠪᠴᠢᠶ᠎ᠠ     ᠤᠯᠠᠭᠠᠨᠴᠠᠪ ᠬᠤᠲᠠ ᠶᠢᠨ ᠤᠷᠠᠨ ᠵᠢᠷᠤᠭ ᠤᠨ ᠣᠷᠳᠣᠨ ︵ᠤᠷᠠᠨ ᠪᠢᠴᠢᠯᠭᠡ ᠤᠷᠠᠨ ᠵᠢᠷᠤᠭ ᠤᠨ ᠬᠦᠷᠢᠶᠡᠯᠡᠩ     ᠤᠯᠠᠭᠠᠨᠴᠠᠪ ᠬᠤᠲᠠ ᠶᠢᠨ ᠭᠡᠷᠡᠯ ᠵᠢᠷᠤᠭᠴᠢᠳ ᠤᠨ ᠨᠡᠶᠢᠭᠡᠮᠯᠢᠭ     ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠭᠡᠷᠡᠯ ᠵᠢᠷᠤᠭᠴᠢᠳ ᠤᠨ ᠨᠡᠶᠢᠭᠡᠮᠯᠢᠭ ᠬᠤᠶᠠᠷ᠂ ᠡᠬᠡ ᠪᠢᠴᠢᠭ ᠡᠯᠰᠡᠬᠦ ᠴᠠᠭ     2023 ᠣᠨ ᠤ 12 ᠰᠠᠷ᠎ᠠ ᠶᠢᠨ 15 ᠤ ᠡᠳᠦᠷ ᠠᠴᠠ 2024 ᠣᠨ ᠤ 2 ᠰᠠᠷ᠎ᠠ ᠶᠢᠨ 26 ᠤ ᠡᠳᠦᠷ ᠪᠤᠯᠳᠠᠯ᠎ᠠ᠃ᠭᠤᠷᠪᠠ᠂ ᠤᠷᠤᠯᠳᠤᠭᠠᠨ ᠳᠤ ᠣᠷᠣᠯᠴᠠᠬᠤ ᠪᠦᠲᠦᠭᠡᠯ ᠤᠨ ᠱᠠᠭᠠᠷᠳᠠᠯᠭ᠎ᠠ      ᠤᠷᠤᠯᠳᠤᠭᠠᠨ ᠳᠤ ᠤᠷᠤᠯᠴᠠᠬᠤ ᠪᠦᠲᠦᠭᠡᠯ ᠨᠢ 2023 ᠣᠨ ᠠᠴᠠ 2024 ᠣᠨ ᠤ ᠡᠪᠦᠯ ᠤᠨ ᠤᠯᠠᠷᠢᠯ ᠤᠨ ᠪᠣᠳᠠᠲᠤ ᠦᠵᠡᠮᠵᠢ ᠶᠢ ᠰᠡᠭᠦᠳᠡᠷᠯᠡᠨ ᠦᠢᠯᠡᠳᠦᠭᠰᠡᠨ ᠪᠦᠲᠦᠭᠡᠯ ᠪᠠᠶᠢᠵᠤ᠂ ᠤᠯᠠᠭᠠᠨᠴᠠᠪ ᠤᠨ ᠭᠠᠯᠲᠤ ᠠᠭᠤᠯᠠ ᠶᠢᠨ ᠰᠦᠷᠯᠢᠭ ᠰᠠᠶᠢᠬᠠᠨ᠂ ᠴᠠᠰᠤᠲᠤ ᠲᠠᠯ᠎ᠠ ᠶᠢᠨ ᠥᠷᠭᠡᠨ ᠠᠭᠤᠳᠠᠮ ᠢ ᠠᠮᠢᠳᠤᠯᠢᠭ ᠢᠶᠠᠷ ᠲᠤᠰᠬᠠᠪᠠᠯ ᠵᠣᠬᠢᠨ᠎ᠠ᠃ ᠤᠯᠠᠭᠠᠨᠴᠠᠪ ᠤᠨ ᠭᠠᠯᠲᠤ ᠠᠭᠤᠯᠠ ᠵᠢᠴᠢ ᠲᠡᠭᠦᠨ ᠤ ᠬᠠᠮᠢᠶ᠎ᠠ ᠪᠦᠬᠦᠢ ᠭᠠᠵᠠᠷ ᠤᠨ  ᠪᠠᠶᠢᠳᠠᠯ ᠢᠶᠠᠷ ᠦᠨᠳᠦᠰᠦᠨ ᠬᠥᠭ ᠠᠶᠠᠰ ᠪᠠ ᠵᠣᠬᠢᠶᠠᠨ ᠪᠦᠲᠦᠭᠡᠬᠦ ᠡᠯᠧᠮᠧᠨ᠋ᠲ ᠪᠣᠯᠭᠠᠵᠤ᠂ ᠤᠯᠠᠭᠠᠨᠴᠠᠪ ᠤᠨ ᠭᠠᠯᠲᠤ ᠠᠭᠤᠯᠠᠨ ᠳᠤ ᠣᠨᠴᠠ ᠪᠠᠶᠢᠳᠠᠭ ᠬᠥᠮᠥᠨ ᠨᠡᠶᠢᠭᠡᠮ ᠤᠨ ᠭᠠᠵᠠᠷ ᠵᠦᠢ ᠶᠢᠨ ᠳᠦᠷᠰᠦ ᠪᠠᠶᠢᠳᠠᠯ ᠵᠢᠴᠢ ᠲᠣᠰ ᠭᠠᠵᠠᠷ ᠣᠷᠣᠨ ᠤ ᠠᠷᠠᠳ ᠲᠦᠮᠡᠨ ᠤ ᠦᠢᠯᠡᠳᠪᠦᠷᠢᠯᠡᠯ ᠠᠮᠢᠳᠤᠷᠠᠯ ᠤᠨ ᠪᠠᠶᠢᠳᠠᠯ ᠢ ᠲᠤᠰᠬᠠᠵᠤ᠂ ᠤᠯᠠᠭᠠᠨᠴᠠᠪ ᠤᠨ ᠭᠠᠯᠲᠤ ᠠᠭᠤᠯᠠ ᠶᠢᠨ ᠠᠯᠳᠠᠷᠰᠢᠯ ᠪᠠ ᠢᠷᠠᠭᠤ ᠠᠯᠳᠠᠷ ᠤᠨ ᠬᠡᠮᠵᠢᠶ᠎ᠡ ᠶᠢ ᠳᠡᠭᠡᠭᠰᠢᠯᠡᠭᠦᠯᠦᠨ᠎ᠡ᠃ ᠳᠥᠷᠪᠡ᠂ ᠡᠬᠡ ᠪᠢᠴᠢᠭ ᠶᠠᠪᠤᠭᠤᠯᠬᠤ ᠱᠠᠭᠠᠷᠳᠠᠯᠭ᠎ᠠ (ᠨᠢᠭᠡ) ᠭᠡᠷᠡᠯ ᠵᠢᠷᠤᠭ ᠤᠨ ᠪᠦᠲᠦᠭᠡᠯ      ᠬᠡᠷᠡᠯ ᠵᠢᠷᠤᠭ ᠨᠢ JPG ᠬᠡᠯᠪᠡᠷᠢ ᠪᠠᠶᠢᠬᠤ ᠶᠢ ᠱᠠᠭᠠᠷᠳᠠᠨ᠎ᠠ᠂ ᠬᠠᠷ᠎ᠠ ᠴᠠᠭᠠᠨ᠂ ᠪᠤᠳᠤᠭ ᠲᠠᠢ᠂ ᠳᠠᠩ ᠰᠡᠭᠦᠳᠡᠷ᠂ ᠳᠤᠭᠤᠶᠢᠯᠠᠩ ᠰᠡᠬᠦᠳᠡᠷ ᠪᠦᠷ ᠪᠣᠯᠣᠨ᠎ᠠ᠂ ᠪᠦᠲᠦᠭᠡᠯ ᠤᠨ ᠶᠡᠭᠡ ᠪᠠᠭ᠎ᠠ ᠨᠢ 5MB   ᠠᠴᠠ 10MB ᠪᠠᠶᠢᠵᠤ ᠪᠣᠯᠣᠨ᠎ᠠ᠃ ᠳᠤᠭᠤᠶᠢᠯᠠᠩ ᠰᠡᠭᠦᠳᠡᠷ ᠤᠨ 3 ︱ 6 ᠵᠢᠷᠤᠭ   ᠢ ᠨᠢᠭᠡ ᠪᠦᠲᠦᠭᠡᠯ ᠪᠣᠯᠭᠠᠵᠤ᠂ ᠳᠤᠭᠤᠶᠢᠯᠠᠩ ᠰᠡᠭᠦᠳᠡᠷ ᠢ ᠵᠢᠷᠤᠭ ᠤᠨ ᠳᠠᠷᠠᠭᠠᠯᠠᠯ ᠢᠶᠠᠷ ᠳ᠋ᠤᠭᠠᠷᠯᠠᠵᠤ᠂ ᠵᠣᠬᠢᠶᠠᠭᠴᠢ ᠨᠢᠭᠡᠪᠦᠷᠢ ᠶᠢ 6 ︵ᠳᠤᠭᠤᠶᠢᠯᠠᠩ︶ ᠪᠦᠲᠦᠭᠡᠯ  ᠢᠶᠠᠷ ᠬᠢᠵᠠᠭᠠᠷᠯᠠᠨ᠎ᠠ᠃ ︵ᠬᠤᠶᠠᠷ︶ ᠭᠡᠷᠡᠯ ᠵᠢᠷᠤᠭ ᠤᠨ ᠬᠡᠪ ᠨᠠᠮᠪᠠ     ᠤᠷᠠᠯᠢᠭ ᠤᠨ ᠲᠥᠷᠥᠯ ᠤᠨ ᠪᠦᠲᠦᠭᠡᠯ   ᠢ ᠰᠡᠭᠦᠯᠴᠢ   ᠶᠢᠨ ᠬᠤᠭᠤᠴᠠᠭᠠᠨ ᠳᠤ ᠵᠣᠬᠢᠬᠤ ᠬᠡᠮᠵᠢᠶ᠎ᠡ ᠪᠠᠷ ᠪᠣᠯᠪᠠᠰᠤᠷᠠᠭᠤᠯᠤᠨ ᠦᠢᠯᠡᠳᠬᠦ ᠶᠢ ᠵᠥᠪᠰᠢᠶᠡᠷᠡᠨ᠎ᠡ᠂ ᠭᠡᠪᠡᠴᠦ ᠮᠥᠰᠥ ᠴᠠᠰᠤᠨ ᠤ ᠦᠵᠡᠮᠵᠢ ᠶᠢ ᠡᠷᠬᠡᠪᠰᠢ ᠦᠨᠡᠨ ᠪᠣᠳᠠᠲᠠᠢ ᠪᠠᠷ ᠰᠡᠭᠦᠳᠡᠷᠯᠡᠬᠦ ᠬᠡᠷᠡᠭᠲᠡᠢ᠂ ᠵᠦᠢᠵᠦ ᠵᠠᠯᠭᠠᠬᠤ ᠪᠤᠶᠤ ᠳᠠᠪᠬᠤᠴᠠᠭᠤᠯᠵᠤ ᠪᠣᠯᠬᠤ ᠦᠭᠡᠢ᠂ ᠪᠠᠶᠢᠭᠠᠯᠢ ᠪᠠ ᠬᠡᠷᠡᠭ ᠪᠣᠳᠠᠰ ᠤᠨ ᠵᠢᠮ᠎ᠡ ᠶᠣᠰᠣ ᠠᠴᠠ ᠵᠥᠷᠢᠴᠡᠵᠦ ᠪᠣᠯᠬᠤ ᠦᠭᠡᠢ︔ ᠪᠣᠳᠠᠲᠤ ᠲᠡᠮᠳᠡᠭᠯᠡᠯ ᠤᠨ ᠲᠥᠷᠥᠯ ᠤᠨ ᠪᠦᠲᠦᠭᠡᠯ   ᠢ ᠡᠷᠬᠡᠪᠰᠢ ᠦᠨᠡᠨ ᠪᠣᠳᠠᠲᠠᠢ ᠪᠠᠷ ᠰᠡᠭᠦᠳᠡᠷᠯᠡᠬᠦ ᠶᠢ ᠱᠠᠭᠠᠷᠳᠠᠵᠤ᠂ ᠵᠦᠢᠵᠦ ᠵᠠᠯᠭᠠᠬᠤ ᠪᠤᠶᠤ ᠳᠠᠪᠬᠤᠴᠠᠭᠤᠯᠵᠤ ᠪᠣᠯᠬᠤ ᠦᠭᠡᠢ᠂ ᠪᠠᠶᠢᠭᠠᠯᠢ ᠪᠠ ᠬᠡᠷᠡᠭ ᠪᠣᠳᠠᠰ ᠤᠨ ᠵᠢᠮ᠎ᠡ ᠶᠣᠰᠣ ᠠᠴᠠ ᠵᠥᠷᠢᠴᠡᠵᠦ ᠪᠣᠯᠬᠤ ᠦᠭᠡᠢ᠂ ᠵᠥᠪᠬᠡᠨ ᠵᠣᠬᠢᠰᠲᠠᠢ ᠡᠰᠬᠡᠵᠦ ᠵᠠᠰᠠᠬᠤ᠂ ᠬᠡᠷᠡᠯ   ᠢ ᠨᠢ ᠲᠣᠬᠢᠷᠠᠭᠤᠯᠬᠤ ᠪᠤᠶᠤ ᠥᠩᠭᠡ   ᠶᠢ ᠨᠢ ᠲᠣᠬᠢᠷᠠᠭᠤᠯᠵᠤ ᠪᠤᠯᠤᠨ᠎ᠠ᠃ (ᠭᠤᠷᠪᠠ) ᠡᠬᠡ ᠪᠢᠴᠢᠭ ᠶᠠᠪᠤᠭᠤᠯᠬᠤ ᠪᠦᠲᠦᠭᠡᠯ     ᠪᠣᠶ ᠪᠦᠬᠦᠢ ᠮᠡᠳᠡᠭᠦᠯᠦᠨ ᠬᠦᠷᠭᠡᠭᠰᠡᠨ ᠪᠦᠲᠦᠭᠡᠯ ᠨᠢ ᠴᠥᠮ ᠭᠤᠣᠯ ᠰᠡᠳᠦᠪ ᠢᠶᠠᠷ ᠢᠯᠡ ᠲᠣᠳᠣ᠂ ᠠᠭᠤᠯᠭ᠎ᠠ ᠪᠠᠷ ᠡᠷᠡᠭᠦᠯ ᠴᠢᠭᠢᠷᠠᠭ᠂ ᠦᠵᠡᠯ ᠰᠠᠨᠠᠭᠠᠴᠢ ᠴᠢᠨᠠᠷ ᠢ ᠠᠭᠤᠯᠵᠤ᠂ ᠤᠷᠠᠯᠢᠭᠴᠢ ᠴᠢᠨᠠᠷ ᠢ ᠴᠢᠬᠤᠯᠠᠴᠢᠯᠠᠬᠤ ᠬᠡᠷᠡᠭᠲᠡᠢ᠃ ᠪᠦᠲᠦᠭᠡᠯ ᠤᠨ ᠠᠭᠤᠯᠭ᠎ᠠ ᠨᠢ ᠨᠡᠶᠢᠭᠡᠮ ᠵᠢᠷᠤᠮ ᠤᠨ ᠭᠤᠣᠯᠯᠠᠬᠤ ᠦᠷᠳᠡᠭ ᠤᠨ ᠦᠵᠡᠯᠲᠡ ᠲᠠᠢ ᠨᠡᠶᠢᠴᠡᠭᠰᠡᠨ ᠪᠠᠶᠢᠬᠤ ᠬᠡᠷᠡᠭᠲᠡᠢ᠂ ᠬᠠᠤᠯᠢ ᠴᠠᠭᠠᠵᠠ ᠬᠠᠤᠯᠢ ᠲᠣᠭᠲᠠᠭᠠᠯ ᠢ ᠵᠥᠷᠢᠴᠡᠵᠦ ᠪᠣᠯᠬᠤ ᠦᠭᠡᠢ᠂ ᠤᠯᠤᠰ ᠤᠨ ᠨᠢᠭᠤᠴᠠ᠂ ᠠᠵᠢᠯ ᠤᠨ ᠨᠢᠭᠤᠴᠠ ᠳᠤ ᠬᠤᠯᠪᠣᠭᠳᠠᠵᠤ ᠪᠣᠯᠬᠤ ᠦᠭᠡᠢ᠂ ᠨᠡᠶᠢᠲᠡ ᠶᠢᠨ ᠡᠮᠬᠢ ᠵᠢᠷᠤᠮ ᠪᠠ ᠰᠠᠶᠢᠨ ᠰᠠᠶᠢᠬᠠᠨ ᠬᠡᠪ ᠵᠠᠩᠰᠢᠯ᠂ ᠶᠣᠰᠣ ᠮᠣᠷᠠᠯ ᠤᠨ ᠵᠢᠷᠤᠮᠵᠢᠯ ᠢ ᠵᠥᠷᠢᠴᠡᠵᠦ ᠪᠣᠯᠬᠤ ᠦᠭᠡᠢ᠂ ᠤᠯᠠᠨ ᠨᠡᠶᠢᠲᠡ ᠶᠢ ᠪᠤᠷᠤᠭᠤ ᠳᠡᠰᠢ ᠬᠦᠲᠦᠯᠵᠦ ᠪᠣᠯᠬᠤ ᠦᠭᠡᠢ᠂ ᠬᠤᠯᠠᠭᠠᠶᠢᠯᠠᠨ ᠬᠠᠭᠤᠯᠵᠤ ᠪᠣᠯᠬᠤ ᠦᠭᠡᠢ᠂ ᠱᠠᠯᠢᠭ ᠵᠠᠪᠬᠠᠢ᠂ ᠬᠦᠴᠦᠷᠬᠡᠭᠯᠡᠯ᠂ ᠠᠷᠠᠰᠤᠲᠠᠨ ᠬᠢᠭᠡᠳ ᠱᠠᠰᠢᠨ ᠰᠤᠷᠲᠠᠬᠤᠨ ᠤ ᠭᠠᠳᠠᠭᠤᠷᠴᠢᠯᠠᠯ᠂ ᠹᠧᠣᠳᠠᠯ ᠤᠨ ᠮᠤᠬᠤᠷ ᠪᠢᠰᠢᠷᠡᠯ ᠵᠡᠷᠭᠡ ᠤᠯᠤᠰ ᠤᠨ ᠬᠠᠤᠯᠢ ᠴᠠᠭᠠᠵᠠ ᠬᠠᠤᠯᠢ ᠲᠣᠭᠲᠠᠭᠠᠯ ᠳᠤ ᠲᠣᠳᠣᠷᠬᠠᠢ ᠵᠠᠷᠯᠢᠭᠳᠠᠨ ᠴᠠᠭᠠᠵᠠᠯᠠᠭᠰᠠᠨ ᠠᠭᠤᠯᠭ᠎ᠠ ᠶᠢ ᠠᠭᠤᠯᠵᠤ ᠪᠣᠯᠬᠤ ᠦᠭᠡᠢ᠃ ᠲᠠᠪᠤ᠂ ᠰᠢᠯᠭᠠᠷᠠᠭᠤᠯᠬᠤ᠂ ᠱᠠᠩᠨᠠᠬᠤ ᠠᠷᠭ᠎ᠠ ︵ᠨᠢᠭᠡ︶ ᠰᠢᠯᠭᠠᠷᠠᠭᠤᠯᠬᠤ ᠴᠠᠭ᠄ 2024 ᠣᠨ ᠤ 3 ᠰᠠᠷ᠎ᠠ ᠶᠢᠨ 1 ᠤ ᠡᠳᠦᠷ  ᠰᠢᠯᠭᠠᠷᠠᠭᠤᠯᠤᠯᠳᠠ ᠳᠤ ᠤᠷᠤᠭᠰᠠᠨ ᠨᠡᠷᠡᠰ ᠢ ᠨᠡᠶᠢᠲᠡᠯᠡᠨ᠎ᠡ᠃ ︵ᠬᠤᠶᠠᠷ︶ ᠱᠠᠩᠨᠠᠬᠤ ᠠᠷᠭ᠎ᠠ᠄ ᠪᠦᠲᠦᠭᠡᠯ ᠤᠨ ᠰᠢᠯᠭᠠᠷᠠᠭᠤᠯᠤᠯᠲᠠ ᠳᠤ ᠤᠯᠠᠭᠠᠨᠴᠠᠪ ᠤᠨ ᠭᠠᠯᠲᠤ ᠠᠭᠤᠯᠠ ᠶᠢᠨ ᠡᠪᠦᠯ ᠤᠨ ᠤᠯᠠᠷᠢᠯ ᠤᠨ ᠬᠡᠷᠡᠯ ᠵᠢᠷᠤᠭ ᠤᠨ ᠤᠷᠤᠯᠳᠤᠭᠠᠨ ᠤ ᠵᠣᠬᠢᠶᠠᠨ ᠪᠠᠶᠢᠭᠤᠯᠬᠤ ᠺᠣᠮᠢᠰ ᠠᠴᠠ ᠡᠬᠡ ᠪᠢᠴᠢᠭ ᠶᠠᠪᠤᠭᠤᠯᠬᠤ ᠱᠠᠭᠠᠷᠳᠠᠯᠭ᠎ᠠ ᠶᠣᠰᠣᠭᠠᠷ ᠡᠯᠰᠡᠭᠰᠡᠨ ᠪᠣᠶ ᠪᠦᠬᠦᠢ ᠪᠦᠲᠦᠭᠡᠯ ᠳᠤ ᠬᠤᠪᠢ ᠥᠭᠴᠦ᠂ ᠬᠠᠮᠤᠭ ᠡᠴᠦᠰ ᠲᠤ ᠲᠦᠷᠦᠭᠦᠸ 6 ᠶᠢ ᠰᠢᠯᠭᠠᠷᠠᠭᠤᠯᠤᠨ᠎ᠠ᠃ ᠨᠢᠭᠡᠳᠦᠭᠡᠷ ᠳᠡᠰ ᠤᠨ ᠱᠠᠩᠨᠠᠯ ᠳᠤ 1 ᠬᠦᠮᠦᠨ᠂ ᠱᠠᠩᠨᠠᠯ ᠤᠨ ᠮᠥᠩᠭᠦ 20000 ᠲᠥᠭᠦᠷᠢᠭ᠃ ᠬᠤᠶᠠᠳᠤᠭᠠᠷ ᠳᠡᠰ ᠤᠨ ᠱᠠᠩᠨᠠᠯ ᠳᠤ 2 ᠬᠦᠮᠦᠨ᠂ ᠱᠠᠩᠨᠠᠯ ᠤᠨ ᠮᠥᠩᠭᠦ 10000 ᠲᠥᠭᠦᠷᠢᠭ᠃ ᠭᠤᠷᠪᠠᠳᠤᠭᠠᠷ ᠳᠡᠰ ᠤᠨ ᠱᠠᠩᠨᠠᠯ ᠳᠤ 3 ᠬᠦᠮᠦᠨ᠂ ᠱᠠᠩᠨᠠᠯ ᠤᠨ ᠮᠥᠩᠭᠦ 5000 ᠲᠥᠭᠦᠷᠢᠭ ᠪᠠᠶᠢᠵᠤ᠂ ᠪᠠᠰᠠ ᠢᠷᠠᠭᠤ ᠠᠯᠳᠠᠷ ᠤᠨ ᠦᠨᠡᠮᠯᠡᠯ ᠣᠯᠭᠤᠨ᠎ᠠ︔ ᠥᠷᠭᠡᠨ ᠣᠯᠠᠨ ᠬᠡᠷᠡᠯ ᠵᠢᠷᠤᠭ ᠲᠠᠲᠠᠬᠤ ᠪᠠᠭ᠋ᠠᠳᠠᠳ ᠲᠣᠰ ᠤᠳᠠᠭᠠᠨ ᠤ ᠠᠵᠢᠯᠯᠠᠭ᠎ᠠ ᠳᠤ ᠢᠳᠡᠪᠬᠢᠲᠡᠢ ᠣᠷᠣᠯᠴᠠᠬᠤ ᠶᠢ ᠬᠦᠬᠢᠬᠦᠯᠬᠦ ᠶᠢᠨ ᠲᠥᠯᠥᠭᠡ᠂ ᠲᠤᠰᠬᠠᠶᠢᠯᠠᠨ ᠰᠢᠯᠭᠠᠷᠠᠭᠤᠯᠤᠯᠳᠠ ᠶᠢᠨ ᠬᠦᠷᠢᠶ᠎ᠡ ᠴᠠᠷᠠᠭ᠎ᠠ ᠳᠤ ᠤᠷᠤᠭᠰᠠᠨ 100 ᠬᠦᠮᠦᠨ ᠳᠤ 500 ᠲᠥᠭᠦᠷᠢᠭ ᠤᠨ ᠱᠠᠩᠨᠠᠯ ᠤᠨ ᠮᠥᠩᠭᠦ ᠭᠠᠷᠭᠠᠭᠰᠠᠨ ᠪᠥᠭᠡᠳ ᠢᠷᠠᠭᠤ ᠠᠯᠳᠠᠷ ᠤᠨ ᠦᠨᠡᠮᠯᠡᠯ ᠣᠯᠭᠤᠵᠤ᠂ ᠱᠠᠩᠨᠠᠯ ᠤᠨ ᠮᠥᠩᠭᠦ ᠶᠢᠨ ᠵᠣᠭᠤᠰ ᠤᠨ ᠲᠤᠭ᠎ᠠ ᠨᠢ ᠴᠥᠮ ᠭᠠᠶᠢᠯᠢ ᠲᠤᠰᠢᠶᠠᠬᠤ ᠠᠴᠠ ᠡᠮᠦᠨ᠎ᠡ ᠪᠠᠶᠢᠵᠤ᠂ ᠬᠤᠪᠢ ᠬᠥᠮᠥᠨ ᠤ ᠠᠰᠢᠭ ᠣᠷᠣᠯᠭ᠎ᠠ ᠶᠢᠨ ᠭᠠᠶᠢᠯᠢ ᠶᠢ ᠭᠤᠣᠯᠯᠠᠨ ᠡᠷᠭᠢᠯᠡᠭᠰᠡᠨ ᠲᠠᠯ᠎ᠠ ᠠᠴᠠ ᠣᠷᠣᠯᠠᠨ ᠰᠠᠭᠤᠯᠭᠠᠵᠤ ᠣᠷᠣᠯᠠᠨ ᠲᠤᠰᠢᠶᠠᠨ᠎ᠠ᠃ ᠵᠢᠷᠭᠤᠭ᠎ᠠ᠂ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ  ᠵᠢᠴᠢ ᠬᠡᠪᠯᠡᠯ ᠤᠨ ᠡᠷᠭᠡ     ᠦᠵᠡᠰᠬᠦᠯᠡᠩ ᠳᠤ ᠣᠷᠣᠯᠴᠠᠭᠰᠠᠨ ᠪᠦᠲᠦᠭᠡᠯ ᠪᠦᠬᠦᠠ ᠨᠢ ᠡᠷᠬᠡᠪᠰᠢ ᠦᠵᠡᠰᠬᠦᠯᠡᠩ ᠳᠤ ᠣᠷᠣᠯᠴᠠᠭᠰᠠᠳ ᠤᠨ ᠥᠪᠡᠷ ᠤᠨ ᠬᠢᠨᠢ ᠪᠦᠲᠦᠭᠡᠯ ᠪᠠᠶᠢᠬᠤ ᠬᠡᠷᠡᠭᠲᠡᠢ᠂ ᠡᠷᠬᠡᠪᠰᠢ ᠪᠦᠲᠦᠭᠡᠯ ᠤᠨ ᠵᠣᠬᠢᠶᠠᠯ ᠪᠦᠲᠦᠭᠡᠯ ᠤᠨ ᠡᠷᠬᠡ ᠶᠢ ᠬᠠᠤᠯᠢ ᠶᠣᠰᠣᠭᠠᠷ ᠪᠡᠶ᠎ᠡ ᠪᠠᠨ ᠳᠠᠭᠠᠭᠠᠵᠤ ᠡᠵᠡᠮᠰᠢᠬᠦ ᠬᠡᠷᠡᠭᠲᠡᠢ᠃ ᠪᠤᠰᠤᠳ ᠤᠨ ᠵᠣᠬᠢᠶᠠᠯ ᠪᠦᠲᠦᠭᠡᠯ ᠤᠨ ᠡᠷᠬᠡ᠂ ᠬᠡᠪᠯᠡᠯ ᠤᠨ ᠡᠷᠬᠡ᠂ ᠬᠦᠷᠦᠭ ᠲᠦᠷᠢ ᠶᠢᠨ ᠡᠷᠬᠡ᠂ ᠨᠡᠷ᠎ᠡ ᠲᠦᠷᠦ ᠶᠢᠨ ᠡᠷᠬᠡ ᠵᠡᠷᠭᠡ ᠮᠡᠳᠡᠯᠭᠡ ᠶᠢᠨ ᠪᠦᠲᠦᠭᠡᠭᠳᠡᠬᠦᠨ ᠤ ᠡᠷᠬᠡ ᠳᠤ ᠬᠠᠯᠳᠠᠬᠤ ᠶᠢ ᠴᠢᠩᠭ᠎ᠠ ᠴᠠᠭᠠᠵᠠᠯᠠᠨ᠎ᠠ᠂ ᠬᠡᠷᠪᠡ ᠬᠠᠭᠤᠯᠬᠤ᠂ ᠡᠷᠬᠡ ᠳᠤ ᠬᠠᠯᠳᠠᠬᠤ ᠵᠡᠷᠭᠡ ᠳᠤ ᠬᠤᠯᠪᠣᠭᠳᠠᠭᠰᠠᠨ ᠦᠢᠯᠡ ᠠᠵᠢᠯᠯᠠᠭ᠎ᠠ ᠲᠠᠢ ᠪᠠᠶᠢᠪᠠᠯ᠂ ᠰᠣᠩᠭᠤᠭᠤᠯᠢ ᠳᠤ ᠣᠷᠣᠯᠴᠠᠬᠤ ᠬᠢᠷᠢ ᠬᠡᠮ ᠢ ᠨᠢ ᠬᠠᠰᠤᠨ᠎ᠠ᠂ ᠡᠭᠦᠨ ᠠᠴᠠ ᠪᠣᠯᠤᠭᠰᠠᠨ ᠠᠯᠢᠪᠠ ᠬᠠᠷᠢᠭᠤᠴᠠᠯᠭ᠎ᠠ ᠶᠢ ᠤᠷᠤᠯᠳᠤᠭᠠᠨ ᠳᠤ ᠣᠷᠣᠯᠴᠠᠭᠰᠠᠳ ᠡᠭᠦᠷᠭᠡᠯᠡᠨ᠎ᠡ᠂ ᠡᠭᠦᠨ ᠳᠤ ᠭᠤᠣᠯᠯᠠᠨ ᠡᠷᠬᠢᠯᠡᠭᠰᠡᠨ ᠨᠢᠭᠡᠴᠢ ᠶᠢᠨ ᠱᠠᠩᠨᠠᠯ ᠬᠥᠬᠢᠭᠦᠯᠦᠯ ᠢ ᠪᠤᠴᠠᠭᠠᠬᠤ ᠵᠢᠴᠢ ᠤᠴᠠᠷᠠᠭᠤᠯᠤᠭᠰᠠᠨ ᠪᠤᠰᠤᠳ ᠬᠤᠬᠢᠷᠠᠯ ᠳᠤ ᠬᠢᠵᠠᠭᠠᠷᠯᠠᠭᠳᠠᠬᠤ ᠦᠭᠡᠢ᠃ ᠰᠣᠩᠭᠤᠭᠳᠠᠭᠰᠠᠨ ᠪᠦᠲᠦᠭᠡᠯ ᠪᠦᠬᠦᠨ ᠤ ᠵᠣᠬᠢᠶᠠᠯ ᠪᠦᠲᠦᠭᠡᠯ ᠤᠨ ᠡᠷᠬᠡ᠂ ᠵᠠᠰᠠᠪᠤᠷᠢ ᠣᠷᠣᠭᠤᠯᠬᠤ ᠡᠷᠬᠡ ᠵᠢᠴᠢ ᠬᠡᠷᠡᠭᠯᠡᠬᠦ ᠡᠷᠬᠡ ᠨᠢ ᠤᠯᠠᠭᠠᠨᠴᠠᠪ ᠬᠤᠲᠠ ᠶᠢᠨ ᠰᠣᠶᠣᠯ ᠵᠢᠭᠤᠯᠴᠢᠯᠠᠯ ᠪᠡᠶ᠎ᠡ ᠶᠢᠨ ᠲᠠᠮᠢᠷ ᠤᠨ ᠲᠣᠪᠴᠢᠶ᠎ᠠ ᠳᠤ ᠥᠮᠴᠢᠯᠡᠭᠳᠡᠵᠦ᠂ ᠵᠣᠬᠢᠶᠠᠭᠴᠢ ᠲᠡᠭᠦᠨ ᠤ ᠨᠡᠷ᠎ᠡ ᠪᠢᠴᠢᠬᠦ ᠡᠷᠬᠡ ᠶᠢ ᠦᠯᠡᠳᠡᠭᠡᠨ᠎ᠡ᠃ ᠲᠤᠯᠤᠭ᠎ᠠ᠂ ᠡᠯᠰᠡᠬᠦ ᠠᠷᠭ᠎ᠠ     ᠲᠤᠰ ᠤᠳᠠᠭᠠᠨ ᠤ ᠭᠡᠷᠡᠯ ᠵᠢᠷᠤᠭ ᠤᠨ ᠦᠵᠡᠭᠦᠯᠦᠯᠭᠡ ᠶᠢᠨ ᠡᠬᠡ ᠪᠢᠴᠢᠭ ᠢᠯᠡᠭᠡᠬᠦ ᠰᠢᠤᠳᠠᠨ ᠬᠠᠶᠢᠷᠴᠠᠭ᠄ shy4881140@163.com1790197927@qq.comᠲᠣᠰ ᠤᠳᠠᠭᠠᠨ ᠤ ᠬᠡᠷᠡᠯ ᠵᠢᠷᠤᠭ ᠤᠨ ᠦᠵᠡᠭᠦᠯᠦᠯᠭᠡ ᠳᠤ ᠵᠥᠪᠬᠡᠨ ᠡᠯᠧᠺᠲᠷᠣᠨ ᠪᠢᠴᠢᠭ ᠮᠠᠲ᠋ᠧᠷᠢᠶᠠᠯ ᠢ ᠭᠥᠯᠢᠶᠡᠨ ᠠᠪᠴᠤ᠂ ᠬᠡᠷᠡᠯ ᠵᠢᠷᠤᠭ ᠨᠢᠭᠡᠪᠦᠷᠢ ᠳᠤ ᠴᠣᠷ ᠤᠨ ᠭᠠᠭᠴᠠ ᠭᠠᠷᠴᠠᠭ ᠪᠠᠶᠢᠬᠤ ᠬᠡᠷᠡᠭᠲᠡᠢ᠂ ︽ᠭᠠᠷᠴᠠᠭᠯᠠᠭᠰᠠᠨ ᠦᠭᠡᠢ︾ ᠪᠤᠶᠤ ︽ᠭᠠᠷᠴᠠᠭ ᠦᠭᠡᠢ︾ ᠪᠦᠲᠦᠭᠡᠯ ᠢ ᠭᠥᠯᠢᠶᠡᠵᠦ ᠠᠪᠬᠤ ᠦᠭᠡᠢ᠂ ᠲᠤᠭᠤᠶᠢᠯᠠᠩ ᠤᠨ ᠬᠡᠷᠡᠯ ᠵᠢᠷᠤᠭ ᠲᠠᠬᠢ ᠪᠣᠶ ᠪᠦᠬᠦᠢ ᠬᠡᠷᠡᠯ ᠵᠢᠷᠤᠭ ᠲᠤ ᠴᠥᠮ ᠴᠣᠷ ᠤᠨ ᠭᠠᠭᠴᠠ ᠭᠠᠷᠴᠠᠭ ᠪᠠᠶᠢᠬᠤ ᠬᠡᠷᠡᠭᠲᠡᠢ᠃ ᠵᠢᠷᠤᠭ ᠳᠡᠭᠡᠷ᠎ᠡ ᠭᠠᠷᠴᠠᠭ ᠪᠠ ᠵᠣᠬᠢᠶᠠᠭᠴᠢ ᠲᠠᠢ ᠬᠠᠮᠢᠶ᠎ᠠ ᠪᠦᠬᠦᠢ ᠶᠠᠮᠠᠷ ᠴᠤ ᠮᠡᠳᠡᠭᠡ ᠵᠠᠩᠭᠢ ᠭᠠᠷᠬᠤ ᠶᠢ ᠵᠥᠪᠰᠢᠶᠡᠷᠡᠬᠦ ᠦᠭᠡᠢ᠃ ᠡᠬᠡ ᠪᠢᠴᠢᠭ ᠲᠤ ᠢᠯᠡᠭᠡᠬᠦ ᠪᠦᠲᠦᠭᠡᠯ ᠳᠤ ᠡᠷᠬᠡᠪᠰᠢ ︽ᠣᠪᠣᠭ ᠨᠡᠷ᠎ᠡ + ᠪᠦᠲᠦᠭᠡᠯ ᠤᠨ ᠨᠡᠷᠡᠶᠢᠳᠦᠯ + ᠰᠡᠭᠦᠳᠡᠷᠯᠡᠭᠰᠡᠨ ᠭᠠᠵᠠᠷ + ᠬᠠᠷᠢᠯᠴᠠᠬᠤ ᠤᠲᠠᠰᠤ ᠵᠢᠴᠢ ᠨᠠᠷᠢᠨ ᠨᠢᠭᠲᠠ ᠰᠢᠤᠳᠠᠨ ᠬᠠᠶ᠋ᠢᠭ︾ ᠢ ᠲᠣᠳᠣᠷᠬᠠᠶᠢᠯᠠᠬᠤ ᠬᠡᠷᠡᠭᠲᠡᠢ᠂ ᠰᠢᠤᠳᠠᠨ ᠤ ᠵᠦᠢᠯ ᠤᠨ ᠭᠠᠷᠴᠠᠭ ᠲᠤ ︽2024 ᠣᠨ ᠤ ︿ᠮᠥᠰᠥ ᠴᠠᠰᠤᠨ ᠤ ᠬᠠᠶᠢᠷ᠎ᠠ﹀ ᠶᠢᠨ ᠬᠥᠳᠡᠯᠭᠡᠭᠡᠨ ᠤ ᠤᠯᠠᠷᠢᠯ ᠤᠨ ᠤᠯᠠᠭᠠᠨᠴᠠᠪ ᠤᠨ ᠭᠠᠯᠲᠤ ᠠᠭᠤᠯᠠ ᠶᠢᠨ ᠬᠡᠷᠡᠯ ᠵᠢᠷᠤᠭ ᠤᠨ ᠤᠷᠤᠯᠳᠤᠭᠠᠨ﹀ ᠭᠡᠬᠦ ᠥᠰᠥᠭ ᠢ ᠪᠢᠴᠢᠭᠡᠷᠡᠢ᠃ ᠨᠠᠢᠮᠠ᠂  ᠲᠤᠰᠬᠠᠢ ᠳᠤᠳᠤᠷᠬᠠᠶᠢᠯᠠᠯᠳᠠ     ᠲᠣᠰ ᠤᠳᠠᠭᠠᠨ ᠤ ᠬᠡᠷᠡᠯ ᠵᠢᠷᠤᠭ ᠤᠨ ᠦᠵᠡᠭᠦᠯᠦᠯᠭᠡ ᠳᠤ ᠣᠷᠣᠯᠴᠠᠬᠤ ᠰᠦᠢᠳᠬᠡᠯ ᠬᠤᠷᠢᠶᠠᠬᠤ ᠦᠭᠡᠢ᠂ ᠡᠬᠡ ᠪᠢᠴᠢᠭ ᠢ ᠪᠤᠴᠠᠭᠠᠬᠤ ᠦᠭᠡᠢ᠃ ᠬᠠᠮᠤᠭ ᠡᠴᠦᠰ ᠤᠨ ᠲᠠᠶᠢᠯᠪᠤᠷᠢᠯᠠᠬᠤ ᠡᠷᠬᠡ ᠨᠢ ᠭᠤᠣᠯᠯᠠᠨ ᠡᠷᠬᠢᠯᠡᠬᠦ ᠲᠠᠯ᠎ᠠ ᠳᠤ ᠥᠮᠴᠢᠯᠡᠭᠳᠡᠨ᠎ᠡ᠂ ᠡᠬᠡ ᠪᠢᠴᠢᠭ ᠢᠯᠡᠭᠡᠬᠦ ᠳᠤ ᠬᠦᠷᠪᠡᠯ ᠪᠦᠬᠦ ᠲᠣᠭᠲᠠᠭᠠᠯ ᠢ ᠵᠥᠪᠰᠢᠶᠡᠷᠡᠭᠰᠡᠨ ᠢᠶᠠᠷ ᠪᠤᠳᠤᠬᠤ ᠶᠢᠨ ᠬᠠᠮᠲᠤ ᠵᠢᠷᠤᠮᠯᠠᠭᠰᠠᠨ ᠢᠶᠠᠷ ᠪᠤᠳᠤᠨ᠎ᠠ᠃ ᠡᠬᠡ ᠪᠢᠴᠢᠭ ᠢᠯᠡᠭᠡᠬᠦ ᠯᠠᠪᠯᠠᠯᠲᠠ ᠶᠢᠨ ᠤᠲᠠᠰᠤ᠄     ᠬᠠᠷᠢᠯᠴᠠᠬᠤ ᠬᠥᠮᠥᠨ᠄ ᠯᠢᠦ ᠰᠢᠶᠣᠣ ᠫᠧᠩ 17519425100     ᠬᠠᠷᠢᠯᠴᠠᠬᠤ ᠬᠥᠮᠥᠨ᠄ ᠰᠢᠩ ᠵᠢᠶᠦ᠋ᠨ ᠹᠧᠩ 13500645838                    2024 ᠣᠨ ᠤ ︽ᠮᠥᠰᠥ ᠴᠠᠰᠤᠨ ᠤ ᠬᠠᠶᠢᠷ᠎ᠠ︾ ᠲᠠᠮᠢᠷ ᠤᠨ ᠴᠤᠭᠯᠠᠭᠠᠨ ᠤ ᠤᠯᠠᠷᠢᠯ                    ᠤᠯᠠᠭᠠᠨᠴᠠᠪ ᠤᠨ ᠭᠠᠯᠲᠤ ᠠᠭᠤᠯᠠ ᠶᠢᠨ ᠭᠡᠷᠡᠯ ᠵᠢᠷᠤᠭ ᠤᠨ ᠤᠷᠤᠯᠳᠤᠭᠠᠨ ᠤ ᠵᠣᠬᠢᠶᠠᠨ ᠪᠠᠶᠢᠭᠤᠯᠬᠤ ᠺᠣᠮᠢᠰ                                                  2023 ᠣᠨ ᠤ 12 ᠰᠠᠷ᠎ᠠ ᠶᠢᠨ 15
 
ᠢᠷᠡᠯᠲᠡ᠄ ᠣᠯᠠᠭᠠᠨᠴᠠᠪ ᠬᠤᠲᠠ ᠶᠢᠨ ᠠᠷᠠᠳ ᠤᠨ ᠵᠠᠰᠠᠭ ᠤᠨ ᠤᠷᠳᠤᠨ ᠤ ᠬᠢᠳᠠᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2