【 ᠠᠷᠪᠠᠨ ᠳᠥᠷᠪᠡᠳᠤᠭᠡᠷ ᠬᠤᠭᠤᠴᠠᠭᠠᠨ ᠤ ᠪᠦᠬᠦ ᠤᠯᠤᠰ ᠤᠨ ᠡᠪᠤᠯ ᠤᠨ ᠤᠯᠠᠷᠢᠯ ᠤᠨ ᠳᠠᠮᠢᠷ ᠤᠨ ᠴᠤᠭᠯᠠᠭᠠᠨ ᠢ ᠪᠠᠶᠠᠷᠯᠠᠨ ᠤᠭᠲᠤᠨ᠎ᠠ 】 ᠯᠢᠶᠡᠩᠴᠧᠩ ᠤᠨ ᠴᠠᠰᠤᠨ ᠳᠤ ᠭᠤᠯᠭᠤᠬᠤ ᠲᠠᠯᠠᠪᠠᠶ 2023 ︱2024 ᠣᠨ ᠤ ᠰᠢᠨ᠎ᠡ ᠴᠠᠰᠤᠨ ᠤ ᠤᠯᠠᠷᠢᠯ ᠡᠬᠢᠯᠡᠪᠡ
ᠨᠡᠶᠢᠲᠡᠯᠡᠭᠰᠡᠨ ᠴᠠᠭ᠄
2023/12/1
    11 ᠰᠠᠷ᠎ᠠ ᠶᠢᠨ 30 ᠤ ᠡᠳᠦᠷ᠂ ᠯᠢᠶᠡᠩᠴᠧᠩ ᠤᠨ ᠴᠠᠰᠤᠨ ᠳᠤ ᠭᠤᠯᠭᠤᠬᠤ ᠲᠠᠯᠠᠪᠠᠶ 2023 ︱ 2024 ᠣᠨ ᠤ ᠴᠠᠰᠤᠨ ᠤ ᠤᠯᠠᠷᠢᠯ ᠤᠨ ᠠᠩᠬᠠᠨ ᠤ ᠡᠳᠦᠷ ᠤᠨ ᠡᠵᠡᠩᠨᠡᠯᠲᠡ ᠪᠠᠨ ᠡᠬᠢᠯᠡᠭᠦᠯᠵᠦ᠂ ᠴᠠᠰᠤᠨ ᠳᠤ ᠭᠤᠯᠭᠤᠬᠤ ᠳᠤᠷᠠᠲᠠᠢ ᠬᠥᠮᠥᠰ ᠴᠠᠰᠤᠨ ᠤ ᠲᠠᠯᠠᠪᠠᠶ ᠳᠤ ᠬᠦᠷᠦᠯᠴᠡᠨ ᠢᠷᠡᠵᠦ᠂  ᠴᠠᠰᠤᠨ ᠳᠤ ᠭᠤᠯᠭᠤᠬᠤ ᠪᠠᠶᠠᠷ ᠪᠠᠶᠠᠰᠤᠯ ᠢ ᠡᠳ᠋ᠯᠡᠵᠦ ᠪᠠᠶᠢᠭ᠎ᠠ ᠨᠢ᠃     ᠣᠶᠢᠯᠠᠭᠠᠭᠰᠠᠨ ᠢᠶᠠᠷ᠂ 40 ᠲᠦᠮᠡᠨ ᠲᠡᠭᠰᠢ ᠳᠥᠷᠪᠡᠯᠵᠢᠨ ᠮᠧᠲᠷ ᠲᠠᠯᠠᠪᠠᠶ ᠪᠦᠬᠦᠢ ᠯᠢᠶᠡᠩᠴᠧᠩ ᠤᠨ ᠴᠠᠰᠤᠨ ᠳᠤ ᠭᠤᠯᠭᠤᠬᠤ ᠲᠠᠯᠠᠪᠠᠶ ᠨᠢᠭᠡᠨᠲᠡ 3 ᠠᠩᠬ᠎ᠠ ᠵᠡᠷᠭᠡ ᠶᠢᠨ ᠵᠠᠮ᠂ 2 ᠳᠤᠮᠳᠠ ᠵᠡᠷᠭᠡ ᠶᠢᠨ ᠵᠠᠮ ᠢ ᠪᠠᠶᠢᠭᠤᠯᠵᠤ᠂ ᠡᠳᠦᠷ ᠪᠦᠷᠢ 1500 ᠴᠠᠰᠤᠨ ᠳᠤ ᠭᠤᠯᠭᠤᠬᠤ ᠠᠵᠢᠯᠲᠠᠨ ᠢ ᠭᠥᠯᠢᠶᠡᠨ ᠠᠪᠴᠤ ᠪᠣᠯᠣᠨ᠎ᠠ᠃ ᠴᠠᠰᠤᠨ ᠤ ᠬᠡᠷᠡᠭᠰᠡᠯ ᠤᠨ ᠶᠡᠭᠡ ᠲᠢᠩᠬᠢᠮ ᠳᠤ᠂ ᠲᠥᠷᠥᠯ ᠵᠦᠢᠯ ᠢᠶᠠᠷ ᠪᠠᠶᠠᠯᠢᠭ 3000 ᠭᠠᠷᠤᠢ ᠢᠵᠢ ᠴᠠᠰᠤᠨ ᠤ ᠬᠡᠷᠡᠭᠰᠡᠯ ᠴᠦ ᠪᠡᠯᠡᠨ ᠪᠣᠯᠵᠤ᠂ ᠴᠠᠰᠤᠨ ᠤ ᠲᠠᠯᠠᠪᠠᠶ ᠨᠢ ᠴᠠᠰᠤᠨ ᠤ ᠬᠡᠷᠡᠭᠰᠡᠯ ᠢ ᠲᠦᠷᠢᠶᠡᠰᠦᠯᠡᠬᠦ᠂ ᠪᠢᠯᠧᠲ ᠬᠤᠳᠠᠯᠳᠤᠬᠤ᠂ ᠵᠣᠴᠢᠳ ᠲᠤ ᠦᠢᠯᠡᠴᠢᠯᠡᠬᠦ᠂ ᠬᠤᠭᠤᠯᠠ ᠤᠮᠳᠠ᠂ ᠬᠤᠨᠣᠵᠤ ᠬᠡᠪᠲᠡᠬᠦ ᠵᠡᠷᠭᠡ ᠨᠢᠭᠡ ᠯᠡ ᠥᠷᠲᠡᠭᠡᠨ ᠤ ᠮᠠᠶ᠋ᠢᠭ ᠤᠨ ᠪᠥᠬᠦ ᠲᠠᠯ᠎ᠠ ᠶᠢᠨ ᠦᠢᠯᠡᠴᠢᠯᠡᠭᠡ ᠬᠠᠩᠭᠠᠬᠤ ᠪᠣᠯᠣᠨ᠎ᠠ᠃     ᠡᠭᠦᠨ ᠤ ᠵᠡᠷᠭᠡ ᠳᠤ᠂ 2024 ᠣᠨ ᠤ 2 ᠰᠠᠷ᠎ᠠ ᠶᠢᠨ 17 ᠤ ᠡᠳᠦᠷ ᠠᠴᠠ 2 ᠰᠠᠷ᠎ᠠ ᠶᠢᠨ 27 ᠤ ᠡᠳᠦᠷ ᠪᠣᠯᠲᠠᠯ᠎ᠠ᠂ ᠯᠢᠶᠡᠩᠴᠧᠩ ᠤᠨ ᠴᠠᠰᠤᠨ ᠳᠤ ᠭᠤᠯᠭᠤᠬᠤ ᠲᠠᠯᠠᠪᠠᠶ ᠳᠤ ︽ᠠᠷᠪᠠᠨ ᠳᠥᠷᠪᠡᠳᠤᠭᠡᠷ ᠬᠤᠭᠤᠴᠠᠭᠠᠨ ᠤ ᠪᠦᠬᠦ ᠤᠯᠤᠰ ᠤᠨ ᠡᠪᠤᠯ ᠤᠨ ᠤᠯᠠᠷᠢᠯ ᠤᠨ ᠳᠠᠮᠢᠷ ᠤᠨ ᠴᠤᠭᠯᠠᠭᠠᠨ︾ ᠤ ᠡᠪᠦᠯ ᠤᠨ ᠤᠯᠠᠷᠢᠯ ᠤᠨ ᠬᠤᠶᠠᠷ ᠵᠦᠢᠯ ᠤᠨ ᠤᠷᠤᠯᠳᠤᠭᠠᠨ᠂ ᠬᠡᠭᠡᠷ᠎ᠡ ᠶᠢᠨ ᠴᠠᠰᠤᠨ ᠳᠤ ᠭᠤᠯᠭᠤᠬᠤ᠂ ᠰᠠᠭᠠᠳ ᠳᠠᠪᠠᠭ᠋ᠤ 3 ᠶᠡᠭᠡ ᠲᠥᠷᠥᠯ ᠤᠨ 38 ᠪᠠᠭ᠎ᠠ ᠲᠥᠷᠥᠯ ᠤᠨ ᠤᠷᠤᠯᠳᠤᠭᠠᠨ ᠵᠡᠷᠭᠡ ᠣᠯᠠᠨ ᠲᠠᠯᠠᠪᠤᠷ ᠤᠨ ᠴᠢᠬᠤᠯᠠ ᠴᠠᠰᠤᠨ ᠳᠤ ᠭᠤᠯᠭᠤᠬᠤ ᠰᠢᠷᠢᠰ ᠤᠷᠤᠯᠳᠤᠭᠠᠨ ᠤ ᠠᠵᠢᠯᠯᠠᠭ᠎ᠠ ᠶᠢ ᠳᠠᠭᠠᠭᠠᠴᠢᠯᠠᠨ ᠡᠷᠭᠢᠯᠡᠬᠦ ᠪᠠᠷ ᠪᠣᠶ᠃                              ᠤᠷᠴᠢᠭᠤᠯᠤᠭᠴᠢ᠄ ᠬᠦᠰᠡᠯ                              ᠬᠢᠨᠠᠭᠴᠢ᠄ ᠠᠷᠢᠭᠤᠨ
 
ᠢᠷᠡᠯᠲᠡ᠄ ᠤᠯᠠᠭᠠᠨᠴᠠᠪ ᠬᠤᠳᠠ ᠶᠢᠨ ᠵᠠᠰᠠᠭ ᠤᠨ ᠤᠷᠳᠤᠨ ᠤ ᠬᠢᠳᠡᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2