ᠯᠢᠶᠡᠩᠴᠧᠩ ᠰᠢᠶᠠᠨ ᠤ 10 ᠲᠦᠮᠡᠨ ᠮᠦ ᠰᠢᠰᠢ ᠡᠯᠪᠡᠭ ᠬᠤᠷᠢᠶᠠᠯᠲᠠ ᠣᠯᠪᠠ
ᠨᠡᠶᠢᠲᠡᠯᠡᠭᠰᠡᠨ ᠴᠠᠭ᠄
2023/10/18
    10 ᠰᠠᠷ᠎ᠠ ᠶᠢᠨ ᠡᠬᠢ ᠪᠠᠷ᠂ ᠯᠢᠶᠡᠩᠴᠧᠩ ᠰᠢᠶᠠᠨ ᠤ ᠡᠯ᠎ᠡ ᠰᠢᠶᠠᠩ ᠪᠠᠯᠭᠠᠰᠤᠨ ᠤ ᠲᠠᠷᠢᠮᠠᠯ ᠤᠨ ᠡᠷᠦᠬᠡ ᠲᠤᠩᠭᠠᠯᠠᠭ ᠰᠠᠶᠢᠬᠠᠨ ᠡᠳᠦᠷ ᠳᠡᠭᠡᠷ᠎ᠡ ᠨᠢ ᠪᠣᠯᠪᠠᠰᠤᠷᠠᠭᠰᠠᠨ ᠰᠢᠰᠢ ᠪᠠᠨ ᠠᠮᠵᠢᠨ ᠬᠤᠷᠢᠶᠠᠵᠤ᠂ ᠲᠠᠷᠢᠶᠠᠨ ᠭᠠᠵᠠᠷ ᠲᠤ ᠡᠯᠪᠡᠭ ᠬᠤᠷᠢᠶᠠᠯᠲᠠ ᠣᠯᠪᠠ᠃ ᠯᠢᠶᠡᠩᠴᠧᠩ ᠰᠢᠶᠠᠨ ᠤ ᠡᠯ᠎ᠡ ᠰᠢᠶᠠᠩ ᠪᠠᠯᠭᠠᠰᠤᠨ ᠤ ᠰᠢᠰᠢ ᠶᠢᠨ ᠲᠠᠷᠢᠮᠠᠯ ᠤᠨ ᠰᠠᠭᠤᠷᠢᠨ ᠳᠤ᠂ ᠪᠥᠭᠡᠮ ᠪᠥᠭᠡᠮ ᠭᠠᠯ ᠤᠯᠠᠭᠠᠨ ᠰᠢᠰᠢ ᠶᠢᠨ ᠲᠦᠷᠦᠭᠦᠦ ᠰᠠᠯᠬᠢᠨ ᠤ ᠠᠶ᠎ᠠ ᠪᠠᠷ ᠨᠠᠶᠢᠭᠤᠵᠤ᠂ ᠡᠯᠪᠡᠭ ᠬᠤᠷᠢᠶᠠᠯᠲᠠ ᠣᠯᠬᠤ ᠡᠷᠡᠮᠡᠯᠵᠡᠯ ᠲᠠᠢ ᠪᠠᠶᠢᠨ᠎ᠠ᠃ ᠤᠯᠠᠨ ᠲᠣᠮᠣ ᠬᠡᠯᠪᠡᠷᠢ ᠶᠢᠨ ᠰᠢᠰᠢ ᠶᠢᠨ ᠬᠠᠳᠤᠵᠤ ᠬᠤᠷᠢᠶᠠᠬᠤ ᠮᠠᠰᠢᠨ ᠲᠠᠷᠢᠶᠠᠨ ᠳᠤ ᠨᠠᠰᠢ ᠴᠠᠰᠢ ᠰᠦᠯᠵᠢᠯᠳᠦᠵᠦ᠂ ᠨᠢᠭᠡ ᠰᠠᠭᠤᠷᠢ ᠰᠢᠰᠢ ᠶᠢ ᠲᠦᠷᠦᠭᠦᠦ ᠲᠠᠢ ᠨᠢ ᠬᠤᠮᠢᠵᠤ᠂ ᠬᠠᠳᠤᠵᠤ ᠬᠤᠷᠢᠶᠠᠬᠤ᠂ ᠲᠦᠷᠦᠭᠦᠦ ᠲᠡᠭᠦᠬᠦ᠂ ᠰᠠᠯᠭᠠᠬᠤ᠂ ᠬᠡᠮᠬᠡᠬᠦ᠂ ᠲᠡᠷᠭᠡᠨ ᠳᠤ ᠲᠡᠭᠡᠭᠡᠵᠤ᠂ ᠵᠢᠷᠭᠤᠳᠤᠭᠠᠷ ᠰᠤᠮᠤ ᠪᠠᠯᠭᠠᠰᠤᠨ ᠤ ᠬᠥᠳᠡᠭᠡ ᠲᠣᠰᠬᠤᠨ ᠤ ᠲᠠᠷᠢᠵᠦ ᠲᠡᠵᠢᠭᠡᠬᠦ ᠲᠤᠰᠬᠠᠢ ᠬᠤᠷᠰᠢᠶ᠎ᠠ  ᠳᠤ ᠬᠤᠳᠠᠯᠳᠤᠨ ᠠᠪᠴᠢᠷᠠᠭᠰᠠᠨ ᠰᠢᠰᠢ ᠥᠩᠭᠡ ᠪᠠᠷ ᠰᠠᠶᠢᠨ᠂ ᠶᠠᠰᠤ ᠴᠢᠨᠠᠷ ᠢᠶᠠᠷ ᠰᠠᠶᠢᠨ ᠪᠠᠶᠢᠳᠠᠭ᠃ ᠡᠨᠡ ᠵᠢᠯ ᠤᠨ ᠨᠡᠷᠡᠨ ᠤ ᠲᠤᠰᠤᠯᠲᠠ ᠭᠦᠢᠴᠡᠳ ᠪᠣᠯᠬᠤᠷ᠂ ᠰᠢᠰᠢ ᠶᠢᠨ ᠡᠯᠪᠡᠭ ᠬᠤᠷᠢᠶᠠᠯᠲᠠ ᠳᠤ ᠠᠰᠢᠭᠲᠠᠢ ᠨᠥᠬᠦᠴᠡᠯ ᠢ ᠬᠠᠩᠭᠠᠵᠤ᠂ ᠤᠨᠠᠯᠲᠠ ᠨᠢ ᠴᠦ ᠶᠡᠭᠡ ᠪᠠᠷ ᠳᠡᠭᠡᠭᠰᠢᠯᠡᠭᠰᠡᠨ ᠪᠠᠶᠢᠨ᠎ᠠ᠃     10 ᠰᠠᠷ᠎ᠠ ᠶᠢᠨ 15 ᠤ ᠡᠳᠦᠷ ᠪᠣᠯᠲᠠᠯ᠎ᠠ ᠨᠢᠭᠡᠨᠲᠡ ᠭᠤᠷᠪᠠᠨ ᠮᠢᠩᠭ᠎ᠠ ᠭᠠᠷᠤᠢ ᠮᠦ ᠬᠠᠳᠤᠵᠤ ᠬᠤᠷᠢᠶᠠᠵᠠᠢ᠃ ᠡᠯᠳᠡᠪ ᠠᠮᠤ ᠶᠢᠨ ᠣᠨᠴᠠᠯᠢᠭᠲᠤ ᠲᠠᠷᠢᠮᠠᠯ ᠤᠨ ᠠᠵᠤ ᠦᠢᠯᠡᠰ ᠨᠢ ᠤᠯᠠᠨ ᠲᠦᠮᠡᠨ ᠤ ᠣᠷᠣᠯᠭ᠎ᠠ ᠶᠢ ᠨᠡᠮᠡᠭᠳᠡᠭᠦᠯᠬᠦ ᠠᠷᠭ᠎ᠠ ᠵᠠᠮ ᠢ ᠥᠷᠭᠡᠳᠬᠡᠵᠦ᠂ ᠲᠠᠷᠢᠶᠠᠯᠠᠩ ᠤᠨ ᠦᠷ᠎ᠡ ᠠᠰᠢᠭ ᠢ ᠨᠡᠮᠡᠭᠳᠡᠭᠦᠯᠬᠦ᠂ ᠲᠠᠷᠢᠶᠠᠴᠢᠳ ᠤᠨ ᠣᠷᠣᠯᠭ᠎ᠠ ᠶᠢ ᠨᠡᠮᠡᠭᠳᠡᠭᠦᠯᠬᠦ ᠳᠤ ᠬᠦᠴᠦᠨ ᠨᠡᠮᠡᠷᠢᠯᠡᠪᠡ᠃ ᠯᠢᠶᠡᠩᠴᠧᠩ ᠰᠢᠶᠠᠨ ᠤ ᠲᠠᠷᠢᠶᠠᠯᠠᠩ ᠮᠠᠯ ᠠᠵᠤ ᠠᠬᠤᠢ ᠪᠠ ᠰᠢᠨᠵᠢᠯᠡᠬᠦ ᠤᠬᠠᠭᠠᠨ ᠮᠡᠷᠭᠡᠵᠢᠯ ᠤᠨ ᠲᠣᠪᠴᠢᠶ᠎ᠠ ᠠᠴᠠ ᠲᠠᠷᠢᠶᠠᠯᠠᠩ ᠤᠨ ᠮᠡᠷᠭᠡᠵᠢᠯ ᠤᠨ ᠠᠵᠢᠯᠲᠠᠨ ᠢ ᠵᠣᠬᠢᠶᠠᠨ ᠪᠠᠶᠢᠭᠤᠯᠤᠨ ᠲᠠᠷᠢᠶᠠᠴᠢᠨ ᠡᠷᠦᠬᠡ ᠳᠤ ᠮᠡᠷᠭᠡᠵᠢᠯ ᠤᠨ ᠵᠢᠯᠣᠭᠤᠳᠤᠯᠭ᠎ᠠ ᠬᠢᠵᠦ᠂ ᠮᠡᠷᠭᠡᠵᠢᠯ ᠤᠨ ᠳᠡᠮᠵᠢᠯᠭᠡ ᠬᠠᠩᠭᠠᠵᠤ᠂ ᠰᠢᠨ᠎ᠡ ᠡᠭᠦᠯᠳᠡᠷ᠂ ᠰᠢᠨ᠎ᠡ ᠮᠡᠷᠭᠡᠵᠢᠯ᠂ ᠰᠢᠨ᠎ᠡ ᠠᠷᠭ᠎ᠠ ᠶᠢ ᠲᠠᠷᠢᠶᠠᠨ ᠭᠠᠵᠠᠷ ᠲᠤ ᠬᠦᠷᠭᠡᠵᠦ᠂ ᠰᠢᠰᠢ ᠶᠢᠨ ᠤᠨᠠᠯᠲᠠ ᠶᠢ ᠨᠡᠮᠡᠭᠳᠡᠭᠦᠯᠵᠦ ᠦᠷ᠎ᠡ ᠠᠰᠢᠭ ᠢ ᠨᠡᠮᠡᠭᠳᠡᠭᠦᠯᠬᠦ ᠳᠤ ᠪᠠᠲᠤᠯᠠᠭ᠎ᠠ ᠬᠠᠩᠭᠠᠭᠰᠠᠨ ᠪᠠᠶᠢᠨ᠎ᠠ᠃ 2023 ᠣᠨ ᠳᠤ ᠯᠢᠶᠡᠩᠴᠧᠩ ᠰᠢᠶᠠᠨ ᠤ ᠰᠢᠰᠢ ᠳᠠᠷᠢᠬᠤ ᠲᠠᠯᠠᠪᠠᠶ 4.86 ᠲᠦᠮᠡᠨ ᠮᠦ ᠳᠤ ᠬᠦᠷᠴᠦ᠂ ᠵᠢᠱᠢᠯᠲᠡ ᠪᠠᠷ ᠤᠨᠠᠯᠲᠠ ᠨᠢ 2.6 ᠲᠦᠮᠡᠨ ᠲᠣᠨ ᠳᠤ ᠬᠦᠷᠴᠦ᠂ ᠮᠦ ᠪᠦᠷᠢ ᠶᠢᠨ ᠳᠤᠮᠳᠠᠴᠢ ᠤᠨᠠᠯᠲᠠ ᠨᠢ 500 ᠵᠢᠩ ᠣᠷᠴᠢᠮ ᠪᠠᠶᠢᠵᠤ᠂ ᠤᠨᠠᠯᠲᠠ ᠨᠢ ᠲᠦᠷᠦᠭᠦᠸ ᠵᠢᠯ ᠤᠨ ᠬᠢ ᠠᠴᠠ 11% ᠪᠠᠷ ᠨᠡᠮᠡᠭᠳᠡᠬᠦ ᠪᠣᠯᠣᠨ᠎ᠠ᠃                               ᠤᠷᠴᠢᠭᠤᠯᠤᠭᠴᠢ᠄ ᠬᠦᠰᠡᠯ                               ᠬᠢᠨᠠᠭᠴᠢ᠄ ᠠᠷᠢᠭᠤᠨ
 
ᠢᠷᠡᠯᠲᠡ᠄ ᠤᠯᠠᠭᠠᠨᠴᠠᠪ ᠬᠤᠳᠠ ᠶᠢᠨ ᠵᠠᠰᠠᠭ ᠤᠨ ᠤᠷᠳᠤᠨ ᠤ ᠬᠢᠳᠡᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2