                                   
ᠨᠡᠶᠢᠲᠡᠯᠡᠭᠰᠡᠨ ᠴᠠᠭ᠄
2022/7/5
ᠨᠠᠮ ᠤᠨ ᠲᠥᠪ ᠬᠤᠷᠢᠶᠠᠨ ᠤ ᠶᠡᠷᠦᠩᠬᠡᠢ ᠱᠦᠵᠢ᠂ ᠤᠯᠤᠰ ᠤᠨ ᠲᠡᠷᠢᠭᠦᠯᠡᠭᠴᠢ᠂ ᠲᠥᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠲᠡᠷᠢᠭᠦᠯᠡᠭᠴᠢ ᠰᠢ ᠶᠢᠨ ᠫᠢᠩ 28 ᠤ ᠡᠳᠦᠷ ᠬᠤᠪᠸᠢ ᠮᠤᠵᠢ ᠶᠢᠨ ᠦᠬᠠᠨ ᠬᠤᠳᠠ ᠳᠤ ᠰᠢᠨᠵᠢᠯᠡᠨ ᠪᠠᠢᠴᠠᠭᠠᠬᠤ ᠳᠠᠭᠠᠨ ᠵᠢᠭᠠᠵᠤ ᠭᠠᠷᠭᠠᠬᠰᠠᠨ ᠨᠢ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠳᠠᠯ᠎ᠠ ᠪᠠᠷ ᠪᠡᠶ᠎ᠡ ᠪᠠᠨ ᠳᠠᠭᠠᠭᠠᠵᠤ ᠬᠦᠴᠦᠷᠬᠡᠭᠵᠢᠬᠦ ᠪᠣᠯ ᠤᠯᠤᠰ ᠤᠨ ᠬᠦᠴᠦᠷᠬᠡᠭᠵᠢᠯ ᠤᠨ ᠰᠠᠭᠤᠷᠢ᠂ ᠠᠮᠤᠷ ᠲᠦᠪᠰᠢᠨ ᠤ ᠴᠢᠬᠤᠯᠠ ᠵᠦᠢᠯ ᠪᠣᠯᠤᠨ᠎ᠠ᠃ ᠪᠢᠳᠡ ᠡᠷᠬᠡᠪᠰᠢ ᠰᠢᠨ᠎ᠡ ᠬᠥᠭᠵᠢᠯᠲᠡ ᠶᠢᠨ ᠣᠢᠯᠠᠭᠠᠭᠳᠠᠬᠤᠨ ᠢ ᠪᠦᠷᠢᠨ ᠪᠦᠲᠦᠨ᠂ ᠵᠦᠪ ᠣᠨᠣᠪᠴᠢᠲᠠᠢ᠂ ᠪᠦᠬᠦ ᠲᠠᠯ᠎ᠠ ᠪᠠᠷ ᠲᠤᠭᠤᠰᠢᠯᠠᠭᠤᠯᠤᠨ᠂ ᠰᠢᠨ᠎ᠡ ᠶᠢ ᠡᠭᠦᠳᠬᠦ ᠪᠠᠷ ᠬᠥᠭᠵᠢᠯᠲᠡ ᠶᠢᠨ ᠬᠥᠳᠡᠯᠭᠡᠭᠦᠷ ᠪᠣᠯᠭᠠᠬᠤ ᠪᠠᠢᠯᠳᠤᠬᠤ ᠪᠤᠳᠤᠯᠭ᠎ᠠ ᠶᠢ ᠭᠦᠨᠵᠡᠭᠡᠢ ᠬᠡᠷᠡᠭᠵᠢᠭᠦᠯᠵᠦ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠠᠮᠢᠨ ᠰᠤᠳᠠᠰᠤ ᠶᠢ ᠥᠪᠡᠷ ᠤᠨ ᠭᠠᠷ ᠲᠠᠭᠠᠨ ᠪᠠᠲᠤ ᠡᠵᠡᠮᠳᠡᠵᠥ᠂ ᠰᠢᠨᠵᠢᠯᠡᠬᠦ ᠤᠬᠠᠭᠠᠨ ᠳᠧᠭᠨᠢᠭ ᠮᠡᠷᠭᠡᠵᠢᠯ ᠤᠨ ᠳᠠᠯ᠎ᠠ ᠪᠠᠷ ᠪᠡᠶ᠎ᠡ ᠪᠠᠨ ᠳᠠᠭᠠᠭᠠᠵᠤ ᠬᠦᠴᠦᠷᠬᠡᠭᠵᠢᠭᠦ ᠳᠡᠬᠡᠷ᠎ᠡ ᠨᠡᠩ ᠶᠡᠭᠡ ᠠᠬᠢᠴᠠ ᠲᠠᠢ ᠪᠣᠯᠵᠤ᠂ ᠮᠠᠨ ᠤ ᠤᠯᠤᠰ ᠤᠨ ᠬᠥᠭᠵᠢᠯᠲᠡ ᠶᠢᠨ ᠦᠪᠡᠷᠮᠢᠴᠡ ᠴᠢᠨᠠᠷ᠂ ᠪᠡᠶ᠎ᠡ ᠪᠠᠨ ᠳᠠᠭᠠᠭᠠᠬᠤ ᠴᠢᠨᠠᠷ᠂ ᠠᠮᠤᠷ ᠲᠦᠪᠰᠢᠨ ᠴᠢᠨᠠᠷ ᠢ ᠲᠠᠰᠤᠷᠠᠯᠳᠠ ᠦᠭᠡᠢ ᠳᠡᠭᠡᠭᠰᠢᠯᠡᠭᠦᠯᠵᠥ᠂ ᠨᠡᠩ ᠤᠯᠠᠨ ᠰᠢᠨ᠎ᠡ ᠮᠡᠷᠭᠡᠵᠢᠯ ᠰᠢᠨ᠎ᠡ ᠠᠵᠤ ᠦᠢᠯᠡᠰ ᠢ ᠪᠤᠢ ᠪᠣᠯᠭᠠᠵᠤ᠂ ᠠᠵᠤ ᠠᠬᠤᠢ ᠶᠢᠨ ᠬᠥᠭᠵᠢᠯᠲᠡ ᠶᠢᠨ ᠰᠢᠨ᠎ᠡ ᠬᠦᠷᠢᠶ᠎ᠡ ᠰᠢᠨ᠎ᠡ ᠤᠷᠤᠯᠳᠤᠭᠠᠨ ᠤ ᠵᠠᠮ ᠢ ᠨᠡᠭᠡᠭᠡᠵᠦ᠂ ᠤᠯᠠᠨ ᠤᠯᠤᠰ ᠤᠨ ᠥᠷᠢᠰᠥᠯᠳᠦᠭᠡᠨ ᠤ ᠰᠢᠨ᠎ᠡ ᠳᠠᠪᠠᠭᠤᠯᠢᠭ ᠢ ᠪᠤᠢ ᠪᠣᠯᠭᠠᠬᠤ ᠬᠡᠷᠡᠭᠲᠡᠢ ᠬᠡᠵᠥ ᠴᠢᠬᠤᠯᠠᠴᠢᠯᠠᠪᠠ᠃      28 ᠤ ᠡᠳᠦᠷ ᠤᠨ ᠦᠳᠡ ᠶᠢᠨ ᠬᠤᠢᠨ᠎ᠠ᠂ ᠰᠢ ᠶᠢᠨ ᠫᠢᠩ ᠬᠤᠪᠸᠢ ᠮᠤᠵᠢ ᠶᠢᠨ ᠨᠠᠮ ᠤᠨ ᠬᠤᠷᠢᠶᠠᠨ ᠤ ᠱᠦᠵᠢ ᠸᠠᠩ ᠮᠧᠩ ᠬᠤᠢ᠂ ᠮᠤᠵᠢ ᠶᠢᠨ ᠳᠠᠷᠤᠭ᠎ᠠ ᠸᠠᠩ ᠵᠦᠩ ᠯᠢᠨ ᠤ ᠪᠠᠷ᠎ᠠ ᠪᠤᠯᠤᠯᠭ᠎ᠠ ᠲᠠᠢ ᠪᠠᠷ ᠦᠬᠠᠨ ᠤ ᠠᠵᠤ ᠠᠬᠤᠢᠯᠠᠯ᠂ ᠨᠡᠢᠭᠡᠮ ᠲᠣᠭᠤᠷᠢᠭ ᠲᠤ ᠭᠦᠨᠵᠡᠭᠡᠢᠷᠡᠨ ᠪᠠᠢᠴᠠᠭᠠᠨ ᠰᠤᠳᠤᠯᠤᠯᠲᠠ ᠬᠢᠵᠡᠢ᠃      ᠰᠢ ᠶᠢᠨ ᠫᠢᠩ ᠡᠩ ᠲᠡᠷᠢᠭᠦᠨ ᠳᠤ ᠦᠬᠠᠨ ᠤ ᠬᠤᠸᠠ ᠬᠦᠩ ᠯᠠᠢᠰᠧᠷ ᠢᠨᠵᠧᠨᠧᠷᠢᠩ ᠤᠨ ᠬᠢᠵᠠᠭᠠᠷᠲᠤ ᠺᠣᠮᠫᠠᠨᠢ ᠳᠤ ᠰᠢᠨᠵᠢᠯᠡᠨ ᠪᠠᠢᠴᠠᠭᠠᠪᠠ᠃ ᠠᠵᠤ ᠠᠬᠤᠢᠯᠠᠯ ᠤᠨ ᠰᠤᠳᠤᠯᠤᠨ ᠨᠡᠭᠡᠭᠡᠭᠦ ᠶᠡᠷᠦᠩᠬᠡᠢᠯᠡᠭᠰᠡᠨ ᠲᠣᠮᠣ ᠠᠰᠠᠷ ᠲᠤ᠂ ᠰᠢ ᠶᠢᠨ ᠫᠢᠩ ᠬᠤᠪᠸᠢ ᠮᠤᠵᠢ ᠶᠢᠨ ᠬᠡᠷᠡᠯ ᠡᠯᠧᠺᠲᠷᠣᠨ ᠤ ᠮᠡᠳᠡᠭᠡ ᠵᠠᠩᠭᠢ ᠶᠢᠨ ᠠᠵᠤ ᠦᠶᠯᠡᠰ ᠤᠨ ᠬᠥᠭᠵᠢᠯᠲᠡ ᠵᠢᠴᠢ ᠭᠤᠤᠯᠯᠠᠬᠤ ᠮᠡᠷᠭᠡᠵᠢᠯ ᠤᠨ ᠪᠣᠭᠤᠮᠲᠠ ᠰᠢᠪᠲᠤᠯᠤᠬᠰᠠᠨ ᠪᠠᠢᠳᠠᠯ ᠤᠨ ᠲᠠᠨᠢᠯᠴᠠᠭᠤᠯᠭ᠎ᠠ ᠶᠢ ᠰᠣᠨᠣᠰᠴᠤ᠂ ᠴᠠᠬᠢᠮ ᠤᠨ ᠠᠵᠤ ᠦᠶᠯᠡᠰ ᠤᠨ ᠰᠢᠨ᠎ᠡ ᠶᠢ ᠡᠭᠦᠳᠦᠭᠰᠡᠨ ᠦᠷ᠎ᠡ ᠪᠦᠲᠦᠭᠡᠯ ᠤᠨ ᠦᠵᠡᠭᠦᠯᠭᠡ ᠶᠢ ᠨᠠᠷᠢᠨ ᠪᠤᠳᠠᠳᠠᠢ ᠪᠠᠢᠴᠠᠭᠠᠨ ᠦᠵᠡᠪᠡ᠃ ᠰᠢ ᠶᠢᠨ ᠫᠢᠩ᠂ ᠭᠡᠷᠡᠯ ᠡᠯᠧᠺᠲᠷᠣᠨ ᠤ ᠮᠡᠳᠡᠭᠡ ᠵᠠᠩᠭᠢ ᠶᠢᠨ ᠠᠵᠤ ᠦᠢᠯᠡᠰ ᠪᠣᠯ ᠬᠡᠷᠡᠭᠯᠡᠭᠡ ᠥᠷᠭᠡᠨ ᠪᠠᠢᠯᠳᠤᠬᠤ ᠪᠤᠳᠤᠯᠭ᠎ᠠ ᠶᠢᠨ ᠳᠡᠭᠡᠳᠦ ᠮᠡᠷᠭᠡᠵᠢᠯ ᠤᠨ ᠠᠵᠤ ᠦᠢᠯᠡᠰ ᠮᠥᠨ᠂ ᠪᠠᠰᠠ ᠴᠤ ᠮᠠᠨ ᠤ ᠤᠯᠤᠰ ᠤᠨ ᠤᠷᠢᠤᠨ ᠢᠶᠠᠷ ᠰᠢᠪᠲᠤᠯᠤᠯᠲᠠ ᠭᠠᠷᠭᠠᠬᠤ ᠨᠥᠬᠦᠴᠡᠯ ᠲᠠᠢ ᠳᠡᠭᠡᠳᠦ ᠮᠡᠷᠭᠡᠵᠢᠯ ᠤᠨ ᠠᠵᠤ ᠦᠢᠯᠡᠰ ᠮᠥᠨ᠃ ᠬᠤᠪᠧᠶ ᠮᠤᠵᠢ ᠶᠢᠨ ᠦᠬᠠᠨ ᠤ ᠳ᠋ᠦᠩ ᠬᠤ᠋ ᠰᠢᠨ᠎ᠡ ᠮᠡᠷᠭᠡᠵᠢᠯ ᠤᠨ ᠨᠡᠭᠡᠭᠡᠯᠲᠡ ᠶᠢᠨ ᠣᠷᠣᠨ ᠨᠢ ᠭᠡᠷᠡᠯ ᠡᠯᠧᠺᠲᠷᠣᠨ ᠮᠡᠳᠡᠭᠡ ᠵᠠᠩᠭᠢ ᠶᠢᠨ ᠠᠵᠤ ᠦᠶᠯᠡᠰ ᠤᠨ ᠬᠦᠷᠢᠶᠡᠨ ᠳᠤ ᠦᠪᠡᠷ ᠤᠨ ᠬᠡᠰᠡᠨ ᠥᠪᠡᠷᠮᠢᠴᠡ ᠣᠨᠴᠠᠯᠢᠭ ᠲᠠᠢ ᠶᠤᠮ᠃ ᠮᠡᠷᠭᠡᠵᠢᠯ ᠤᠨ ᠰᠤᠳᠤᠯᠤᠨ ᠨᠡᠭᠡᠭᠡᠯᠳᠡ ᠶᠢᠨ ᠪᠣᠭᠤᠮᠲᠠ ᠰᠢᠪᠲᠤᠯᠬᠤ ᠶᠢ ᠴᠢᠩᠭᠠᠳᠬᠠᠵᠤ᠂ ᠪᠡᠶ᠎ᠡ ᠪᠠᠨ ᠳᠠᠭᠠᠭᠠᠭᠰᠠᠨ ᠮᠡᠳᠡᠯᠭᠡ ᠶᠢᠨ ᠥᠮᠴᠢᠯᠡᠯ ᠤᠨ ᠡᠷᠬᠡ ᠲᠠᠢ ᠭᠤᠣᠯᠯᠠᠭᠴᠢ ᠮᠡᠷᠭᠡᠵᠢᠯ ᠢ ᠨᠡᠩ ᠤᠯᠠᠨ ᠡᠵᠡᠮᠰᠢᠵᠦ᠂ ᠲᠠᠰᠤᠷᠠᠯᠳᠠ ᠦᠭᠡᠢ ᠪᠠᠷ ᠰᠢᠨ᠎ᠡ ᠶᠢ ᠡᠭᠦᠳᠬᠦ ᠬᠡᠯᠬᠢᠶ᠎ᠡ ᠶᠢ ᠤᠷᠲᠤᠳᠬᠠᠵᠤ᠂ ᠠᠵᠤ ᠦᠢᠯᠡᠰ ᠤᠨ ᠬᠡᠯᠬᠢᠶ᠎ᠡ ᠶᠢ ᠲᠡᠭᠦᠯᠳᠡᠷᠵᠢᠭᠦᠯᠵᠦ᠂ ᠮᠠᠨ ᠤ ᠤᠯᠤᠰ ᠤᠨ ᠭᠡᠷᠡᠯ ᠡᠯᠧᠺᠲᠷᠣᠨ ᠮᠡᠳᠡᠭᠡ ᠵᠠᠩᠭᠢ ᠶᠢᠨ ᠠᠵᠤ ᠦᠢᠯᠡᠰ ᠤᠨ ᠲᠦᠷᠭᠡᠨ ᠬᠥᠭᠵᠢᠯᠲᠡ ᠶᠢ ᠠᠬᠢᠭᠤᠯᠬᠤ ᠳᠤ ᠨᠡᠩ ᠶᠡᠭᠡ ᠬᠤᠪᠢ ᠨᠡᠮᠡᠷᠢ ᠦᠵᠡᠭᠦᠯᠬᠦ ᠬᠡᠷᠡᠭᠲᠡᠢ᠃ ᠮᠠᠨ ᠤ ᠤᠯᠤᠰ ᠤᠨ ᠬᠥᠭᠵᠢᠨ ᠪᠤᠵᠠᠭᠠᠢᠷᠠᠬᠤ ᠶᠢ ᠳᠠᠭᠠᠯᠳᠤᠨ᠂ ︽ᠪᠣᠭᠤᠮᠢ ᠪᠤᠯᠵᠥ ᠪᠠᠢᠭ᠎ᠠ︾ ᠵᠠᠩᠭᠢᠯᠠᠭ᠎ᠠ ᠶᠢᠨ ᠭᠤᠣᠯᠯᠠᠬᠤ ᠮᠡᠷᠭᠡᠵᠢᠯ ᠢ ᠰᠢᠪᠲᠤᠯᠬᠤ ᠠᠵᠢᠯ ᠢ ᠥᠴᠦᠬᠡᠨ ᠴᠦ ᠤᠳᠠᠭᠠᠰᠢᠷᠠᠭᠤᠯᠵᠤ ᠪᠣᠯᠬᠤ ᠦᠭᠡᠢ᠂ ᠡᠷᠬᠡᠪᠰᠢ ᠠᠰᠠᠭᠤᠳᠠᠯ ᠢᠶᠠᠷ ᠤᠳᠤᠷᠢᠳᠤᠮᠵᠢ ᠪᠣᠯᠭᠠᠬᠤ ᠶᠢ ᠪᠠᠷᠢᠮᠲᠠᠯᠠᠵᠤ᠂ ᠰᠢᠨ᠎ᠡ ᠬᠡᠯᠪᠡᠷᠢ ᠶᠢᠨ ᠪᠦᠬᠦ ᠤᠯᠤᠰ ᠤᠨ ᠪᠠᠢᠭᠤᠯᠤᠮᠵᠢ ᠶᠢᠨ ᠳᠠᠪᠠᠭᠤᠯᠢᠭ ᠢ ᠪᠠᠳᠠᠷᠠᠭᠤᠯᠵᠤ᠂ ᠡᠷᠡᠮᠡᠬᠡᠢᠯᠡᠨ ᠤᠷᠤᠭᠰᠢᠯᠠᠵᠤ᠂ ᠱᠠᠯᠠᠮᠠᠭᠠᠢᠯᠠᠨ ᠨᠡᠬᠡᠵᠥ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠳᠠᠯ᠎ᠠ ᠪᠠᠷ ᠪᠡᠶ᠎ᠡ ᠪᠠᠨ ᠳᠠᠭᠠᠭᠠᠵᠤ ᠬᠦᠴᠦᠷᠬᠡᠭᠵᠢᠬᠦ ᠶᠢ ᠲᠦᠷᠭᠡᠳᠭᠡᠨ ᠪᠡᠶᠡᠯᠡᠭᠦᠯᠬᠦ ᠬᠡᠷᠡᠭᠲᠡᠢ ᠬᠡᠵᠥ ᠵᠢᠭᠠᠵᠥ ᠭᠠᠷᠭᠠᠪᠠ᠃      ᠰᠢ ᠶᠢᠨ ᠫᠢᠩ ᠤᠷᠢᠳ ᠬᠤᠵᠢᠳ ᠠᠵᠤ ᠠᠬᠤᠢᠯᠠᠯ ᠤᠨ ᠯᠠᠢᠰᠧᠷ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠣᠷᠳᠣᠨ᠂ ᠬᠠᠭᠠᠰ ᠳᠠᠮᠵᠢᠭᠤᠯᠤᠭᠴᠢ ᠬᠠᠪᠲᠠᠰᠤ ᠶᠢᠨ ᠯᠠᠢᠰᠧᠷ ᠣᠶᠤᠨᠴᠢ ᠲᠣᠨᠣᠭᠯᠠᠯ ᠤᠨ ᠦᠶᠯᠡᠳᠪᠦᠷᠢᠯᠡᠯ ᠤᠨ ᠲᠠᠰᠤᠭ ᠲᠤ ᠬᠦᠷᠴᠦ᠂ ᠯᠠᠢᠰᠧᠷ ᠮᠡᠷᠭᠡᠵᠢᠯ ᠤᠨ ᠠᠵᠤ ᠦᠶᠯᠡᠰ ᠤᠨ ᠬᠡᠷᠡᠭᠯᠡᠭᠡᠨ ᠤ ᠦᠵᠡᠭᠦᠯᠭᠡ ᠶᠢᠨ ᠪᠣᠳᠠᠰ ᠢ ᠪᠠᠢᠴᠠᠭᠠᠨ ᠦᠵᠡᠪᠡ᠃ ᠰᠢ ᠶᠢᠨ ᠫᠢᠩ᠂ ᠳᠡᠭᠡᠳᠦ ᠲᠡᠰ ᠤᠨ ᠦᠢᠯᠡᠳᠬᠦ ᠦᠢᠯᠡᠰ ᠪᠣᠯ ᠠᠵᠤ ᠠᠬᠤᠢ ᠶᠢᠨ ᠴᠢᠨᠠᠷ ᠰᠠᠢᠲᠠᠢ ᠬᠥᠭᠵᠢᠯᠲᠡ ᠶᠢᠨ ᠴᠢᠬᠤᠯᠠ ᠲᠤᠯᠭᠠᠭᠤᠷᠢᠯᠠᠯ ᠮᠥᠨ᠃ ᠮᠠᠨ ᠤ ᠤᠯᠤᠰ ᠤᠨ ᠦᠢᠯᠡᠳᠬᠦ ᠦᠢᠯᠡᠰ ᠤᠨ ᠬᠡᠯᠪᠡᠷᠢ ᠪᠠᠨ ᠬᠤᠪᠢᠷᠠᠭᠤᠯᠤᠨ ᠲᠡᠰ ᠳᠡᠪᠰᠢᠬᠦ ᠶᠢ ᠠᠬᠢᠭᠤᠯᠵᠤ᠂ ᠦᠢᠯᠡᠳᠬᠦ ᠦᠢᠯᠡᠰ ᠤᠨ ᠬᠦᠴᠦᠷᠬᠡᠭ ᠤᠯᠤᠰ ᠢ ᠪᠦᠳᠦᠭᠡᠨ ᠪᠠᠢᠭᠤᠯᠬᠤ ᠳᠤ ᠡᠷᠬᠡᠪᠰᠢ ᠮᠡᠷᠭᠡᠵᠢᠯ ᠤᠨ ᠰᠤᠳᠤᠯᠤᠨ ᠨᠡᠭᠡᠭᠡᠯᠳᠡ ᠶᠢ ᠴᠢᠩᠭᠠᠳᠬᠠᠵᠤ᠂ ᠤᠯᠤᠰ ᠤᠨ ᠦᠢᠯᠡᠳᠪᠦᠷᠢᠯᠡᠯ ᠤᠨ ᠣᠷᠣᠯᠠᠬᠤ ᠨᠤᠷᠮ᠎ᠠ ᠶᠢ ᠳᠡᠭᠡᠭᠰᠢᠯᠡᠭᠦᠯᠵᠦ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠠᠮᠢᠨ ᠰᠤᠳᠠᠰᠤ ᠶᠢ ᠥᠪᠡᠷ ᠤᠨ ᠭᠠᠷ ᠲᠠᠭᠠᠨ ᠡᠵᠡᠮᠳᠡᠪᠡᠯ ᠤᠯᠤᠰ ᠣᠷᠣᠨ ᠰᠠᠶ᠋ᠢ ᠵᠢᠩᠬᠢᠨᠢ ᠪᠠᠷ ᠬᠦᠴᠦᠷᠬᠡᠭᠵᠢᠵᠦ ᠴᠢᠳᠠᠨ᠎ᠠ ᠬᠡᠵᠥ ᠴᠢᠬᠤᠯᠠᠴᠢᠯᠠᠪᠠ᠃      ᠦᠢᠯᠡᠳᠪᠦᠷᠢᠯᠠᠯ ᠤᠨ ᠲᠠᠰᠤᠭ ᠤᠨ ᠠᠰᠠᠷ ᠤᠨ ᠡᠮᠦᠨ᠎ᠡ᠂ ᠰᠢ ᠶᠢᠨ ᠫᠢᠩ ᠠᠵᠤ ᠠᠬᠤᠢᠯᠠᠯ ᠤᠨ ᠠᠵᠢᠯᠳᠠᠨ ᠠᠵᠢᠯᠴᠢᠨ ᠲᠠᠢ ᠳᠣᠲᠣᠨᠣ ᠪᠠᠷ ᠶᠠᠷᠢᠯᠴᠠᠪᠠ᠃ ᠰᠢ ᠶᠢᠨ ᠫᠢᠩ᠂ ᠮᠠᠨ ᠤ ᠤᠯᠤᠰ ᠪᠣᠯ ᠳᠡᠯᠡᠬᠡᠢ ᠶᠢᠨ ᠬᠤᠶᠠᠳᠤᠭᠠᠷ ᠲᠤᠮᠤ ᠠᠵᠤ ᠠᠬᠤᠢ ᠶᠢᠨ ᠴᠣᠭᠴᠠ ᠪᠣᠯᠤᠨ᠎ᠠ᠂ ᠭᠡᠪᠡᠴᠦ ᠪᠠᠰᠠ ᠴᠥᠭᠡᠨ ᠪᠤᠰᠤ ᠳᠤᠲᠠᠭᠤᠳᠠᠯ ᠣᠷᠣᠰᠢᠵᠤ ᠪᠠᠢᠨ᠎ᠠ᠂ ᠵᠠᠷᠢᠮ ᠠᠵᠤ ᠦᠢᠯᠡᠰ ᠤᠨ ᠰᠠᠭᠤᠷᠢ ᠪᠠᠰᠠ ᠲᠡᠢᠮᠦ ᠪᠠᠲᠤ ᠪᠠᠬᠢ ᠪᠢᠰᠢ᠂ ᠴᠢᠨᠠᠭᠰᠢᠳᠠ ᠬᠥᠭᠵᠢᠭᠦᠯᠬᠦ ᠳᠤ ᠡᠷᠬᠡᠪᠰᠢ ᠰᠢᠨ᠎ᠡ ᠶᠢ ᠡᠭᠦᠳᠬᠦ ᠳᠤ ᠲᠦᠰᠢᠭᠯᠡᠬᠦ ᠬᠡᠷᠡᠭᠲᠡᠢ᠃ ᠨᠡᠢᠭᠡᠮ ᠵᠢᠷᠤᠮᠲᠤ ᠣᠳᠣᠬᠢᠴᠢᠯᠠᠭᠰᠠᠨ ᠤᠯᠤᠰ ᠢ ᠪᠦᠬᠦ ᠲᠠᠯ᠎ᠠ ᠪᠠᠷ ᠪᠦᠳᠦᠭᠡᠨ ᠪᠠᠢᠭᠤᠯᠵᠤ᠂ ᠬᠤᠶᠠᠳᠤᠭᠠᠷ ᠵᠠᠭᠤᠨ ᠵᠢᠯ ᠤᠨ ᠲᠡᠮᠡᠴᠡᠬᠦ ᠬᠠᠷᠠᠯᠲᠠ ᠶᠢ ᠪᠡᠶᠡᠯᠡᠭᠦᠯᠬᠦ ᠳᠤ ᠰᠢᠨ᠎ᠡ ᠶᠢ ᠡᠭᠦᠳᠬᠦ ᠪᠣᠯ ᠨᠢᠭᠡᠨ ᠰᠢᠢᠳᠪᠦᠷᠢᠯᠡᠭᠴᠢ ᠴᠢᠨᠠᠷᠲᠠᠢ ᠡᠯᠧᠮᠧᠨ᠋ᠲ ᠮᠥᠨ᠃ ᠨᠠᠮ ᠤᠨ ᠲᠥᠪ ᠬᠤᠷᠢᠶ᠎ᠠ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠰᠢᠨ᠎ᠡ ᠶᠢ ᠡᠭᠦᠳᠬᠦ ᠶᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ᠰᠢᠨᠵᠢᠯᠡᠬᠦ ᠤᠬᠠᠭᠠᠨ ᠰᠤᠷᠭᠠᠨ ᠬᠥᠮᠦᠵᠢᠯ ᠢᠶᠠᠷ ᠤᠯᠤᠰ ᠢᠶᠠᠨ ᠮᠠᠨᠳᠤᠭᠤᠯᠬᠤ ᠪᠠᠢᠯᠳᠤᠬᠤ ᠪᠣᠳᠣᠯᠭ᠎ᠠ ᠪᠠ ᠰᠢᠨ᠎ᠡ ᠶᠢ ᠡᠭᠦᠳᠬᠦ ᠪᠠᠷ ᠬᠦᠳᠡᠯᠭᠡᠬᠦᠷ ᠪᠤᠯᠭᠠᠬᠤ ᠬᠦᠭᠵᠢᠯᠳᠠ ᠶᠢᠨ ᠪᠠᠢᠯᠳᠤᠬᠤ ᠪᠣᠳᠣᠯᠭ᠎ᠠ ᠶᠢ ᠬᠡᠷᠡᠭᠵᠢᠭᠦᠯᠵᠦ ᠪᠠᠢᠨ᠎ᠠ᠃ ᠬᠡᠷᠪᠡ ᠮᠠᠨ ᠤ ᠬᠤᠳᠠ ᠨᠢᠭᠡ ᠪᠦᠷᠢ᠂ ᠳᠡᠭᠡᠳᠦ ᠰᠢᠨ᠎ᠡ ᠮᠡᠷᠭᠡᠵᠢᠯ ᠤᠨ ᠨᠡᠭᠡᠭᠡᠨ ᠬᠥᠭᠵᠢᠭᠦᠯᠦᠯᠲᠡ ᠶᠢᠨ ᠣᠷᠣᠨ ᠨᠢᠭᠡ ᠪᠦᠷᠢ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠠᠵᠤ ᠠᠬᠤᠢᠯᠠᠯ ᠨᠢᠭᠡ ᠪᠦᠷᠢ᠂ ᠰᠢᠨᠵᠢᠯᠡᠬᠦ ᠤᠬᠠᠭᠠᠨ ᠤ ᠰᠤᠳᠤᠯᠭᠠᠨ ᠤ ᠠᠵᠢᠯᠳᠠᠨ ᠨᠢᠭᠡ ᠪᠦᠷᠢ ᠴᠥᠮ ᠤᠯᠤᠰ ᠤᠨ ᠲᠣᠭᠲᠠᠭᠠᠭᠰᠠᠨ ᠬᠥᠭᠵᠢᠯᠲᠡ ᠶᠢᠨ ᠴᠢᠭᠯᠡᠯ ᠤᠨ ᠲᠤᠭᠤᠷᠢᠨ ᠳᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠰᠢᠨ᠎ᠡ ᠶᠢ ᠡᠭᠦᠳᠬᠦ ᠶᠢ ᠯᠠᠪᠳᠠᠭᠤᠨ ᠪᠠᠲᠤᠲᠠᠢ ᠪᠠᠷ ᠠᠬᠢᠭᠤᠯᠬᠤ ᠳᠤ ᠬᠦᠷᠪᠡᠯ᠂ ᠪᠢᠳᠡ ᠲᠣᠭᠲᠠᠭᠰᠠᠨ ᠬᠠᠷᠠᠯᠲᠠ ᠪᠠᠨ ᠯᠠᠪᠲᠠᠢ ᠪᠡᠶᠡᠯᠡᠭᠦᠯᠵᠦ ᠴᠢᠳᠠᠬᠤ ᠶᠤᠮ᠃ ᠮᠠᠨ ᠤ ᠡᠨᠡ ᠦᠶ᠎ᠡ ᠶᠢᠨ ᠬᠥᠮᠦᠰ ᠡᠷᠬᠡᠪᠰᠢ ᠡᠨᠡ ᠬᠦ ᠢᠷᠠᠭᠤ ᠠᠯᠳᠠᠷᠲᠤ ᠡᠭᠦᠷᠭᠡ ᠶᠢ ᠡᠭᠦᠷᠭᠡᠯᠡᠬᠦ ᠬᠡᠷᠡᠭᠲᠡᠢ᠃ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠰᠢᠨ᠎ᠡ ᠶᠢ ᠡᠭᠦᠳᠬᠦ ᠳᠤ ᠨᠢᠭᠡ ᠳᠤ ᠣᠷᠣᠭᠤᠯᠤᠯᠲᠠ ᠳᠤ ᠲᠦᠰᠢᠭᠯᠡᠵᠦ᠂ ᠬᠤᠶᠠᠷ ᠲᠤ ᠴᠢᠳᠠᠪᠤᠷᠢᠲᠠᠨ ᠳᠤ ᠲᠦᠰᠢᠭᠯᠡᠬᠦ ᠬᠡᠷᠡᠭᠲᠡᠢ᠃ ᠠᠳᠡ ᠴᠥᠭᠡᠨ ᠪᠤᠰᠤ ᠰᠢᠯᠢᠳᠡᠭ ᠴᠢᠳᠠᠪᠤᠷᠢᠲᠠᠨ ᠴᠤᠭᠯᠠᠷᠠᠭᠰᠠᠨ ᠢ ᠤᠯᠵᠤ ᠬᠠᠷᠠᠯ᠎ᠠ᠂ ᠣᠯᠠᠨ ᠢᠶᠠᠷ ᠢᠶᠠᠨ ᠪᠦᠷ ᠮᠠᠰᠢ ᠵᠠᠯᠠᠭᠤ᠂ ᠠᠮᠢᠵᠢᠷᠠᠯ ᠤᠨ ᠬᠦᠴᠦᠨ ᠢᠶᠠᠷ ᠪᠢᠯᠬᠠᠮ᠎ᠠ᠂ ᠪᠢ ᠮᠠᠰᠢ ᠪᠠᠶᠠᠷᠯᠠᠵᠤ ᠪᠠᠢᠨ᠎ᠠ᠃ ᠨᠠᠮ ᠤᠨ ᠲᠥᠪ ᠬᠤᠷᠢᠶ᠎ᠠ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠴᠢᠳᠠᠪᠤᠷᠢᠲᠠᠨ ᠤ ᠦᠰᠦᠨ ᠪᠣᠢᠵᠢᠯᠲᠠ ᠶᠢ ᠮᠠᠰᠢ ᠬᠠᠯᠠᠮᠵᠢᠯᠠᠵᠤ ᠪᠠᠢᠨ᠎ᠠ᠂ ᠡᠯ᠎ᠡ ᠱᠠᠲᠤᠨ ᠤ ᠨᠠᠮ ᠤᠨ ᠬᠤᠷᠢᠶ᠎ᠠ ᠪᠠ ᠵᠠᠰᠠᠭ ᠤᠨ ᠣᠷᠳᠣᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠰᠢᠨ᠎ᠡ ᠶᠢ ᠡᠭᠦᠳᠬᠦ ᠳᠤ ᠠᠰᠢᠭᠲᠠᠶ ᠪᠠᠢᠭᠤᠯᠤᠮᠵᠢ ᠲᠣᠭᠲᠠᠴᠠ ᠪᠠ ᠠᠵᠢᠯ ᠠᠮᠢᠳᠤᠷᠠᠯ ᠤᠨ ᠣᠷᠴᠢᠨ ᠨᠥᠬᠦᠴᠡᠯ ᠢ ᠠᠯᠢ ᠴᠢᠳᠠᠬᠤ ᠪᠠᠷ ᠡᠭᠦᠳᠴᠦ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠠᠵᠢᠯᠲᠠᠳ ᠢ ᠡᠬᠡ ᠣᠷᠣᠨ ᠪᠠ ᠠᠷᠠᠳ ᠲᠦᠮᠡᠨ ᠳᠡᠭᠡᠨ ᠬᠤᠪᠢ ᠨᠡᠮᠡᠷᠢ ᠦᠵᠡᠭᠦᠯᠬᠦ ᠪᠣᠯᠭᠠᠬᠤ ᠬᠡᠷᠡᠭᠲᠡᠶ᠃ ᠤᠯᠠᠨ ᠢᠶᠠᠷ ᠢᠶᠠᠨ ᠦᠷᠭᠦᠯᠵᠢᠯᠡᠨ ᠴᠢᠷᠮᠠᠢᠵᠤ᠂ ᠨᠡᠩ ᠶᠡᠭᠡ ᠠᠮᠵᠢᠯᠲᠠ ᠤᠯᠬᠤ ᠶᠢ ᠬᠦᠰᠡᠵᠦ ᠪᠠᠢᠨ᠎ᠠ ᠭᠡᠵᠤ ᠵᠢᠭᠠᠵᠤ ᠭᠠᠷᠭᠠᠪᠠ᠃      ᠰᠢ ᠶᠢᠨ ᠫᠢᠩ ᠲᠠᠷᠠᠭ᠎ᠠ ᠨᠢ ᠳ᠋ᠦᠩ ᠬᠣ᠋ ᠳᠡᠭᠡᠳᠦ ᠰᠢᠨ᠎ᠡ ᠮᠡᠷᠬᠡᠵᠢᠯ ᠤᠨ ᠲᠣᠭᠤᠷᠢᠭ ᠤᠨ ᠽᠦᠸᠧ ᠯᠢᠩ ᠵᠡᠭᠡᠯᠢ ᠭᠤᠳᠤᠮᠵᠢ ᠶᠢᠨ ᡁᠢ ᠶᠤᠸᠠᠨ ᠨᠡᠢᠭᠡᠮ ᠲᠣᠭᠤᠷᠢᠭ ᠲᠤ ᠰᠢᠨᠵᠢᠯᠡᠨ ᠪᠠᠢᠴᠠᠭᠠᠪᠠ᠃ ᠲᠤᠰ ᠨᠡᠢᠭᠡᠮ ᠲᠣᠭᠤᠷᠢᠭ ᠪᠣᠯ ᠤᠯᠤᠰ ᠤᠨ ᠥᠮᠴᠢᠯᠡᠯ ᠤᠨ ᠠᠵᠤ ᠠᠬᠤᠢᠯᠠᠯ ᠤᠨ ᠲᠦᠬᠦᠮ ᠪᠦᠳᠦᠴᠡᠳᠦ ᠣᠷᠣᠨ ᠰᠠᠭᠤᠴᠠ ᠶᠢ ᠥᠭᠡᠷᠡᠴᠢᠯᠡᠨ ᠪᠠᠢᠭᠤᠯᠵᠤ ᠲᠠᠬᠢᠨ ᠪᠠᠢᠭᠤᠯᠤᠬᠰᠡᠨ ᠰᠠᠭᠤᠭᠠᠯᠢ ᠠᠷᠠᠳ ᠤᠨ ᠲᠤᠭᠤᠷᠢᠭ ᠪᠠᠢᠵᠤ᠂ ᠰᠢᠨ᠎ᠡ ᠲᠢᠲᠢᠮᠯᠢᠭ ᠠᠭᠤᠰᠭᠢᠨ ᠦᠷᠪᠢᠰᠦᠯ ᠤᠨ ᠬᠢᠵᠢᠭ ᠤᠨ ᠪᠠᠢᠳᠠᠯ ᠭᠠᠷᠤᠭᠰᠠᠨ ᠤ ᠲᠠᠷᠠᠭ᠎ᠠ᠂ ᠲᠠᠪᠤᠨ ᠱᠠᠲᠤᠨ ᠤ ᠳᠠᠭᠠᠭᠠᠴᠢᠯᠠᠯᠲᠠ ᠶᠢᠨ ᠲᠦᠷᠢᠮ ᠢ ᠴᠢᠩᠭ᠎ᠠ ᠨᠠᠢᠳᠠᠪᠤᠷᠢᠵᠢᠭᠤᠯᠵᠤ᠂ ᠠᠵᠢᠯ ᠤᠨ ᠪᠠᠢᠷᠢᠨ ᠳᠠᠭᠠᠨ ᠪᠤᠴᠠᠵᠤ ᠠᠵᠢᠯ ᠢᠶᠠᠨ ᠰᠡᠷᠭᠦᠭᠡᠬᠦ ᠪᠠ ᠰᠡᠷᠭᠡᠢᠯᠡᠨ ᠡᠵᠡᠮᠳᠡᠬᠦ ᠬᠠᠮᠢᠶᠠᠷᠤᠯᠲᠠ ᠶᠢ ᠬᠠᠷᠢᠯᠴᠠᠨ ᠤᠶᠠᠯᠳᠤᠭᠤᠯᠤᠭᠰᠠᠨ ᠨᠡᠢᠭᠡᠮ ᠲᠣᠭᠤᠷᠢᠭ ᠤᠨ ᠲᠣᠭᠲᠠᠭᠤᠨ ᠪᠠᠲᠤᠯᠠᠭ᠎ᠠ ᠶᠢᠨ ᠰᠢᠰᠲ᠋ᠧᠮ ᠢ ᠪᠦᠷᠢᠯᠳᠦᠭᠦᠯᠵᠦ᠂ ᠰᠠᠭᠤᠭᠠᠯᠢ ᠠᠷᠠᠳ ᠤᠨ ᠠᠮᠢᠳᠤᠷᠠᠯ ᠤᠨ ᠠᠵᠢᠯ ᠤᠨ ᠬᠡᠪ ᠤᠨ ᠪᠠᠢᠳᠠᠯ ᠢ ᠰᠡᠷᠭᠦᠭᠡᠬᠦ ᠶᠢ ᠡᠮᠬᠢ ᠵᠢᠷᠤᠮ ᠲᠠᠢ ᠠᠬᠢᠭᠤᠯᠪᠠ᠃ ᠬᠤᠪᠸᠢ ᠮᠤᠵᠢ ᠶᠢᠨ ᠪᠠᠢᠩᠭᠤᠵᠢᠭᠤᠯᠤᠨ ᠬᠢᠵᠢᠭ ᠤᠨ ᠪᠠᠢᠳᠠᠯ ᠢ ᠰᠡᠷᠭᠡᠢᠯᠡᠨ ᠡᠵᠡᠮᠳᠡᠬᠦ ᠪᠠ ᠬᠢᠵᠢᠭ ᠤᠨ ᠳᠠᠷᠠᠭᠠᠬᠢ ᠨᠡᠢᠭᠡᠮ ᠲᠣᠭᠤᠷᠢᠭ ᠤᠨ ᠵᠠᠰᠠᠯᠲᠠ ᠶᠢᠨ ᠪᠠᠢᠳᠠᠯ ᠤᠨ ᠲᠠᠨᠢᠯᠴᠠᠭᠤᠯᠭ᠎ᠠ ᠶᠢ ᠰᠣᠨᠣᠰᠤᠭᠰᠠᠨ ᠤ ᠳᠠᠷᠠᠭ᠎ᠠ᠂ ᠰᠢ ᠶᠢᠨ ᠫᠢᠩ᠂ 2020 ᠣᠨ ᠤ ᠦᠬᠠᠨ ᠢ ᠬᠠᠮᠠᠭᠠᠯᠠᠬᠤ ᠳᠠᠢᠯᠠᠯᠳᠤᠭᠠᠨ ᠢᠯᠠᠯᠲᠠ ᠣᠯᠤᠭᠰᠠᠨ ᠠᠴᠠ ᠨᠠᠭᠠᠰᠢ᠂ ᠦᠬᠠᠨ ᠳᠤ ᠪᠠᠰᠠ ᠣᠯᠠᠨ ᠤᠳᠠᠭ᠎ᠠ ᠲᠥᠪᠯᠡᠷᠡᠯ ᠤᠨ ᠴᠢᠨᠠᠷᠲᠠᠶ ᠬᠢᠵᠢᠭ ᠤᠨ ᠪᠠᠢᠳᠠᠯ ᠲᠤᠯᠭᠠᠷᠠᠭᠰᠠᠨ ᠪᠣᠯᠪᠠᠴᠤ ᠮᠠᠰᠢ ᠲᠦᠷᠭᠡᠨ ᠡᠵᠡᠮᠳᠡᠵᠦ᠂ ᠶᠡᠭᠡ ᠬᠡᠪᠴᠢᠶ᠎ᠠ ᠪᠠᠷ ᠳᠠᠬᠢᠨ ᠳᠡᠯᠭᠡᠷᠡᠭᠰᠡᠨ ᠥᠬᠡᠶ᠃ ᠦᠬᠠᠨ ᠬᠤᠲᠠ ᠶᠢᠨ ᠬᠢᠨ ᠪᠠᠢᠡᠭᠭᠤᠵᠢᠭᠤᠯᠤᠨ ᠬᠢᠵᠢᠭ ᠤᠨ ᠪᠠᠢᠳᠠᠯ ᠢ ᠰᠡᠷᠭᠡᠢᠯᠡᠨ ᠡᠵᠡᠮᠳᠡᠬᠦ ᠠᠵᠢᠯ ᠢ ᠰᠠᠢᠨ ᠬᠢᠵᠡᠶ᠂ ᠲᠤᠷᠰᠢᠯᠭ᠎ᠠ ᠶᠢ ᠳ᠋ᠦᠩᠨᠡᠭᠦᠰᠢᠲᠡᠶ ᠶᠤᠮ᠃ ᠨᠠᠮ ᠤᠨ ᠲᠥᠪ ᠬᠤᠷᠢᠶᠠᠨ ᠤ ᠲᠣᠭᠲᠠᠭᠠᠭᠰᠠᠨ ᠬᠢᠵᠢᠭ ᠤᠨ ᠪᠠᠢᠳᠠᠯ ᠢ ᠰᠡᠷᠭᠡᠢᠯᠡᠨ ᠡᠵᠡᠮᠳᠡᠬᠦ ᠴᠢᠭᠯᠡᠯᠲᠡ ᠲᠦᠷᠦ ᠶᠢᠨ ᠪᠤᠳᠤᠯᠭ᠎ᠠ ᠪᠣᠯ ᠵᠥᠪ᠂ ᠪᠦᠲᠦᠮᠵᠢᠲᠡᠢ ᠶᠤᠮ᠂ ᠡᠷᠬᠡᠪᠰᠢ ᠡᠷᠡᠰ ᠭᠤᠢᠪᠢᠰᠢ ᠦᠭᠡᠢ ᠪᠠᠷ ᠪᠠᠷᠢᠮᠲᠠᠯᠠᠬᠤ ᠬᠡᠷᠡᠭᠲᠡᠢ ᠭᠡᠳᠡᠭ ᠢ ᠦᠢᠯᠡᠳᠦᠯᠭᠡ ᠭᠡᠷᠡᠴᠢᠯᠡᠵᠡᠢ ᠭᠡᠵᠤ ᠴᠢᠬᠤᠯᠠᠴᠢᠯᠠᠪᠠ᠃      ᠰᠢ ᠶᠢᠨ ᠫᠢᠩ ᠰᠠᠢᠨ ᠳᠤᠷ᠎ᠠ ᠶᠢᠨ ᠦᠶᠯᠡᠴᠢᠯᠡᠭᠡᠨ ᠤ ᠵᠣᠴᠢᠳ ᠤᠨ ᠲᠢᠩᠬᠢᠮ ᠳᠤ ᠬᠦᠷᠴᠦ᠂ ᠨᠡᠢᠭᠡᠮ ᠲᠣᠭᠤᠷᠢᠭ ᠤᠨ ᠠᠵᠢᠯᠲᠠᠨ᠂ ᠦᠨᠳᠦᠰᠦᠨ ᠱᠠᠲᠤᠨ ᠳᠤ ᠭᠦᠨᠵᠡᠭᠡᠢᠷᠡᠭᠰᠡᠨ ᠨᠠᠮ ᠤᠨ ᠭᠡᠰᠢᠭᠦᠨ ᠺᠠᠳ᠋ᠷ᠂ ᠰᠠᠢᠨ ᠳᠤᠷᠠᠴᠤᠳ ᠠᠴᠠ ᠦᠨᠳᠦᠰᠦᠨ ᠱᠠᠲᠤᠨ ᠤ ᠬᠢᠵᠢᠭ ᠤᠨ ᠪᠠᠢᠳᠠᠯ ᠢ ᠬᠤᠯᠪᠣᠭᠠᠯᠠᠨ ᠰᠡᠷᠭᠡᠢᠯᠡᠵᠦ ᠬᠤᠯᠪᠣᠭᠠᠯᠠᠨ ᠡᠵᠡᠮᠳᠡᠬᠦ ᠲᠣᠭᠲᠠᠴᠠ ᠶᠢᠨ ᠠᠵᠢᠯᠯᠠᠭᠠᠨ ᠤ ᠪᠠᠢᠳᠠᠯ ᠢ ᠣᠢᠯᠠᠭᠠᠵᠤ᠂ ᠲᠡᠳᠡᠨ ᠢ ᠰᠡᠷᠭᠡᠢᠯᠡᠨ ᠡᠵᠡᠮᠳᠡᠬᠦ ᠨᠢᠭᠡᠳᠦᠭᠡᠷ ᠹᠷᠣᠨᠲ ᠤᠨ ᠬᠠᠰᠢᠯᠭ᠎ᠠ ᠪᠠᠨ ᠪᠠᠬᠢᠯᠡᠵᠦ᠂ ᠰᠠᠭᠤᠭᠠᠯᠢ ᠠᠷᠠᠳ ᠲᠤ ᠰᠠᠨᠠᠭ᠎ᠠ ᠠᠮᠤᠷ ᠦᠯᠵᠠᠢ ᠪᠡᠯᠭᠡ ᠲᠠᠢ ᠠᠮᠢᠳᠤᠷᠠᠯ ᠤᠨ ᠣᠷᠴᠢᠨ ᠲᠣᠭᠤᠷᠢᠨ ᠢ ᠪᠣᠶ ᠪᠣᠯᠭᠠᠭᠠᠷᠠᠶ ᠭᠡᠵᠦ ᠵᠣᠷᠢᠭᠵᠢᠭᠤᠯᠪᠠ᠃ ᠰᠢ ᠶᠢᠨ ᠫᠢᠩ ᠨᠡᠢᠭᠡᠮ ᠲᠣᠭᠤᠷᠢᠭ ᠲᠤ ᠶᠠᠪᠤᠬᠤ ᠶᠢᠨ ᠳᠠᠭᠠᠤ ᠦᠵᠡᠵᠦ᠂ ᠨᠡᠢᠭᠡᠮ ᠲᠣᠭᠤᠷᠢᠭ ᠤᠨ ᠠᠷᠠᠳ ᠲᠤ ᠲᠥᠬᠦᠮ ᠦᠵᠡᠭᠦᠯᠬᠦ ᠪᠥᠭᠡᠮ ᠬᠦᠴᠢᠯ ᠤᠨ ᠥᠯᠢᠭᠡᠷ ᠠᠪᠬᠤ ᠵᠡᠷᠭᠡ ᠬᠢᠵᠢᠭ ᠤᠨ ᠪᠠᠢᠳᠠᠯ ᠢ ᠰᠡᠷᠭᠡᠢᠯᠡᠨ ᠡᠵᠡᠮᠳᠡᠬᠦ ᠶᠢ ᠪᠠᠢᠩᠭᠤᠵᠢᠭᠤᠯᠬᠤ ᠠᠷᠭ᠎ᠠ ᠬᠡᠮᠵᠢᠶ᠎ᠡ ᠶᠢ ᠨᠤᠲᠠᠯᠠᠵᠤ ᠪᠠᠢᠬᠤ ᠪᠠᠨ ᠢᠯᠡᠳᠭᠡᠪᠡ᠃ ᠰᠢ ᠶᠢᠨ ᠫᠢᠩ᠂ ᠬᠢᠵᠢᠭ ᠤᠨ ᠪᠠᠢᠳᠠᠯ ᠢ ᠠᠷᠭᠠᠴᠠᠭᠠᠬᠤ ᠲᠡᠮᠡᠴᠡᠯ ᠳᠤᠮᠳᠠ᠂ ᠪᠠᠴᠢᠮ ᠪᠠᠢᠳᠠᠯ ᠢ ᠠᠷᠭᠠᠴᠠᠭᠠᠬᠤ ᠰᠡᠷᠭᠡᠢᠯᠡᠨ ᠡᠵᠡᠮᠳᠡᠬᠦ ᠠᠵᠢᠯ ᠴᠤ ᠲᠡᠷᠡ᠂ ᠰᠡᠷᠭᠡᠢᠯᠡᠨ ᠡᠵᠡᠮᠳᠡᠬᠦ ᠶᠢ ᠪᠠᠢᠡᠭᠭᠤᠵᠢᠭᠤᠯᠬᠤ ᠠᠵᠢᠯ ᠴᠤ ᠲᠡᠷᠡ᠂ ᠨᠡᠢᠭᠡᠮ ᠲᠣᠭᠤᠷᠢᠭ ᠪᠦᠷ ᠮᠠᠰᠢ ᠴᠢᠬᠤᠯᠠ ᠦᠢᠯᠡᠳᠦᠯ ᠦᠵᠡᠭᠦᠯᠵᠡᠢ᠃ ᠶᠡᠷᠦᠩᠬᠡᠢ ᠳᠤᠨᠢ ᠠᠪᠴᠤ ᠬᠡᠯᠡᠪᠡᠯ᠂ ᠡᠷᠲᠡ ᠢᠯᠡᠷᠡᠭᠦᠯᠬᠦ᠂ ᠲᠦᠷᠭᠡᠨ ᠰᠢᠢᠳᠪᠦᠷᠢᠯᠡᠬᠦ ᠳᠤ ᠲᠦᠰᠢᠭᠯᠡᠬᠦ ᠬᠡᠷᠡᠭᠲᠡᠢ᠂ ᠥᠷᠭᠡᠨ ᠤᠯᠠᠨ ᠠᠷᠠᠳ ᠲᠦᠮᠡᠨ ᠤ ᠰᠡᠳᠭᠢᠯ ᠨᠢᠭᠡᠳᠦᠨ ᠬᠦᠴᠦ ᠪᠠᠨ ᠬᠠᠮᠲᠤᠳᠬᠠᠬᠤ ᠳᠤ ᠲᠦᠰᠢᠭᠯᠡᠬᠦ ᠬᠡᠷᠡᠭᠲᠡᠢ᠂ ᠨᠡᠢᠭᠡᠮ ᠲᠣᠭᠤᠷᠢᠭ ᠭᠡᠬᠦ ᠡᠨᠡ ᠬᠦ ᠴᠢᠬᠤᠯᠠ ᠰᠠᠭᠤᠷᠢ ᠳᠤ ᠲᠦᠰᠢᠭᠯᠡᠬᠦ ᠬᠡᠷᠡᠭᠲᠡᠢ᠃ ᠨᠡᠢᠭᠡᠮ ᠲᠣᠭᠤᠷᠢᠭ ᠤᠨ ᠰᠡᠷᠭᠡᠢᠯᠡᠨ ᠡᠵᠡᠮᠳᠡᠬᠦ ᠶᠢ ᠪᠠᠢᠡᠭᠭᠤᠵᠢᠭᠤᠯᠬᠤ ᠠᠷᠭ᠎ᠠ ᠬᠡᠮᠵᠢᠶ᠎ᠡ ᠶᠢ ᠲᠡᠭᠦᠯᠳᠡᠷᠵᠢᠭᠦᠯᠵᠦ᠂ ᠬᠢᠵᠢᠭ ᠤᠨ ᠪᠠᠢᠳᠠᠯ ᠢ ᠣᠯᠵᠤ ᠮᠡᠳᠡᠭᠰᠡᠨ ᠤ ᠳᠠᠷᠠᠭ᠎ᠠ ᠵᠠᠪᠠᠯ ᠡᠷᠡᠰ ᠰᠢᠭᠤᠷᠬᠠᠢ᠂ ᠲᠠᠲᠠᠭᠠᠯᠵᠠᠵᠤ ᠪᠣᠯᠬᠤ ᠦᠭᠡᠢ᠂ ᠰᠢᠨᠵᠢᠯᠡᠬᠦ ᠤᠬᠠᠭᠠᠨᠴᠢ ᠴᠢᠩᠭ᠎ᠠ ᠬᠠᠮᠢᠶᠠᠷᠤᠨ ᠡᠵᠡᠮᠳᠡᠬᠦ ᠠᠷᠭ᠎ᠠ ᠬᠡᠮᠵᠢᠶ᠎ᠡ ᠠᠪᠴᠤ᠂ ᠰᠢᠨᠵᠢᠯᠡᠬᠦ ᠤᠬᠠᠭᠠᠨᠴᠢ ᠪᠠᠷ ᠰᠡᠷᠭᠡᠢᠯᠡᠨ ᠡᠵᠡᠮᠳᠡᠬᠦ᠂ ᠣᠨᠣᠴᠠᠲᠠᠢ ᠪᠠᠷ ᠰᠡᠷᠭᠡᠢᠯᠡᠨ ᠡᠵᠡᠮᠳᠡᠬᠦ ᠲᠦᠪᠰᠢᠨ ᠢᠶᠠᠨ ᠳᠡᠭᠡᠭᠰᠢᠯᠡᠭᠦᠯᠵᠦ᠂ ᠨᠡᠢᠭᠡᠮ ᠲᠣᠭᠤᠷᠢᠭ ᠭᠡᠬᠦ ᠰᠡᠷᠭᠡᠢᠯᠡᠯᠲᠡ ᠶᠢᠨ ᠱᠤᠭᠤᠮ ᠢ ᠡᠷᠡᠰ ᠰᠠᠬᠢᠬᠤ ᠬᠡᠷᠡᠭᠲᠡᠢ ᠭᠡᠵᠤ ᠴᠢᠬᠤᠯᠠᠴᠢᠯᠠᠪᠠ᠃      ᡁᠢ ᠶᠤᠸᠠᠨ ᠨᠡᠢᠭᠡᠮ ᠲᠣᠭᠤᠷᠢᠭ ᠨᠢ ᠨᠠᠰᠤᠵᠢᠯ ᠤᠨ ᠲᠣᠪᠣᠢᠮ᠎ᠠ ᠠᠰᠠᠭᠤᠳᠠᠯ ᠤᠨ ᠲᠣᠭᠤᠷᠢᠨ ᠳᠤ᠂ ᠨᠠᠰᠤᠵᠢᠯ ᠤᠨ ᠦᠶᠯᠡᠴᠢᠯᠡᠭᠡᠨ ᠤ ᠵᠠᠭᠪᠤᠷ ᠤᠨ ᠰᠢᠨ᠎ᠡ ᠶᠢ ᠡᠭᠦᠳᠴᠦ᠂ ᠬᠡᠷ ᠲᠡᠭᠡᠨ ᠰᠠᠭᠤᠬᠤ ᠪᠠᠷ ᠰᠠᠭᠤᠷᠢ ᠪᠣᠯᠭᠠᠭᠰᠠᠨ᠂ ᠨᠡᠢᠭᠡᠮ ᠲᠣᠭᠤᠷᠢᠭ ᠢᠶᠠᠷ ᠲᠦᠰᠢᠭ ᠪᠣᠯᠭᠠᠭᠰᠠᠨ᠂ ᠪᠠᠢᠭᠤᠯᠤᠮᠵᠢ ᠪᠠᠷ ᠨᠥᠬᠦᠪᠥᠷᠢ ᠪᠣᠯᠭᠠᠭᠰᠠᠨ᠂ ᠡᠮᠴᠢᠯᠡᠬᠦ ᠪᠠ ᠰᠤᠪᠢᠯᠠᠬᠤ ᠶᠢ ᠤᠶᠠᠯᠳᠤᠭᠤᠯᠤᠭᠰᠠᠨ ᠨᠠᠰᠤᠵᠢᠯ ᠤᠨ ᠦᠶᠯᠡᠴᠢᠯᠡᠭᠡᠨ ᠤ ᠵᠠᠭᠪᠤᠷ ᠢ ᠪᠠᠢᠭᠤᠯᠪᠠ᠃ ᠨᠡᠢᠭᠡᠮ ᠲᠣᠭᠤᠷᠢᠭ ᠤᠨ ᠨᠠᠮ ᠪᠠ ᠣᠯᠠᠨ ᠲᠦᠮᠡᠨ ᠤ ᠦᠶᠯᠡᠴᠢᠯᠡᠭᠡᠨ ᠤ ᠲᠥᠪ ᠲᠤ᠂ ᠰᠢ ᠶᠢᠨ ᠫᠢᠩ ᠨᠡᠢᠭᠡᠮ ᠲᠣᠭᠤᠷᠢᠭ ᠤᠨ ᠠᠵᠢᠯᠲᠠᠳ ᠠᠴᠠ ᠨᠠᠮ ᠤᠨ ᠪᠠᠢᠭᠤᠯᠤᠯᠲᠠ ᠪᠠᠷ ᠦᠨᠳᠦᠰᠦᠨ ᠱᠠᠲᠤᠨ ᠤ ᠨᠡᠢᠭᠡᠮ ᠲᠣᠭᠤᠷᠢᠭ ᠤᠨ ᠵᠠᠰᠠᠯᠲᠠ ᠵᠢᠴᠢ ᠠᠷᠠᠳ ᠲᠤ ᠲᠥᠬᠦᠮ ᠦᠵᠡᠭᠦᠯᠬᠦ ᠦᠶᠯᠡᠴᠢᠯᠡᠭᠡ ᠶᠢ ᠬᠥᠲᠥᠯᠥᠨ ᠳᠠᠭᠠᠭᠤᠯᠤᠭᠰᠠᠨ ᠪᠠᠢᠳᠠᠯ ᠵᠡᠷᠭᠡ ᠶᠢ ᠣᠢᠯᠠᠭᠠᠭᠰᠠᠨ ᠪᠥᠭᠡᠳ ᠠᠵᠢᠯ ᠶᠠᠪᠤᠳᠠᠯ ᠭᠦᠶᠴᠡᠳᠭᠡᠬᠦ ᠪᠠᠷ ᠢᠷᠡᠭᠰᠡᠨ ᠨᠠᠰᠤᠲᠠᠢᠴᠤᠳ ᠲᠠᠢ ᠳᠣᠲᠣᠨᠣ ᠪᠠᠷ ᠶᠠᠷᠢᠯᠴᠠᠵᠤ᠂ ᠲᠡᠳᠡᠨ ᠤ ᠬᠡᠷ ᠪᠦᠯᠢ ᠶᠢᠨ ᠪᠠᠢᠳᠠᠯ ᠢ ᠨᠠᠷᠢᠨ ᠠᠰᠠᠭᠤᠪᠠ᠃ ᠰᠢ ᠶᠢᠨ ᠫᠢᠩ᠂ ᠨᠡᠢᠭᠡᠮ ᠲᠣᠭᠤᠷᠢᠭ ᠪᠣᠯ ᠬᠤᠳᠠ ᠶᠢᠨ ᠵᠠᠰᠠᠯᠲᠠ ᠶᠢᠨ ᠰᠢᠰᠲ᠋ᠧᠮ ᠤᠨ ᠦᠨᠳᠦᠰᠦᠨ ᠨᠢᠭᠡᠴᠢ ᠪᠣᠯᠤᠨ᠎ᠠ᠃ ᠮᠠᠨ ᠤ ᠤᠯᠤᠰ ᠤᠨ ᠤᠯᠤᠰ ᠤᠨ ᠵᠠᠰᠠᠯᠲᠠ ᠶᠢᠨ ᠰᠢᠰᠲ᠋ᠧᠮ ᠤᠨ ᠨᠢᠭᠡ ᠳᠠᠪᠠᠭᠤᠯᠢᠭ ᠪᠣᠯ ᠳᠠᠷᠤᠢ ᠬᠤᠳᠠ ᠬᠥᠳᠡᠭᠡ ᠶᠢᠨ ᠨᠡᠢᠭᠡᠮ ᠲᠣᠭᠤᠷᠢᠭ ᠤᠨ ᠰᠠᠭᠤᠷᠢ ᠶᠢ ᠪᠠᠲᠤ ᠴᠣᠭᠴᠠᠯᠠᠬᠤ ᠶᠠᠪᠤᠳᠠᠯ ᠪᠣᠯᠤᠨ᠎ᠠ᠃ ᠨᠡᠢᠭᠡᠮ ᠲᠣᠭᠤᠷᠢᠭ ᠤᠨ ᠨᠠᠮ ᠤᠨ ᠵᠣᠬᠢᠶᠠᠨ ᠪᠠᠢᠭᠤᠯᠤᠯᠲᠠ ᠶᠢᠨ ᠴᠣᠭᠴᠠᠯᠠᠯᠲᠠ ᠶᠢ ᠴᠢᠩᠭᠠᠳᠬᠠᠵᠤ᠂ ᠨᠠᠮ ᠤᠨ ᠵᠣᠬᠢᠶᠠᠨ ᠪᠠᠢᠭᠤᠯᠤᠯᠲᠠ ᠶᠢᠨ ᠤᠯᠤᠰ ᠲᠦᠷᠦ ᠶᠢᠨ ᠴᠢᠳᠠᠪᠬᠢ ᠪᠣᠯᠤᠨ ᠵᠣᠬᠢᠶᠠᠨ ᠪᠠᠢᠭᠤᠯᠤᠯᠲᠠ ᠶᠢᠨ ᠴᠢᠳᠠᠪᠬᠢ ᠶᠢ ᠴᠢᠩᠭᠠᠳᠬᠠᠵᠤ᠂ ᠨᠠᠮ ᠤᠨ ᠵᠣᠬᠢᠶᠠᠨ ᠪᠠᠢᠭᠤᠯᠤᠯᠲᠠ ᠶᠢᠨ ᠨᠡᠢᠭᠡᠮ ᠲᠣᠭᠤᠷᠢᠭ ᠤᠨ ᠵᠠᠰᠠᠯᠲᠠ ᠳᠤᠮᠳᠠᠬᠢ ᠤᠳᠤᠷᠢᠳᠬᠤ ᠦᠢᠯᠡᠳᠦᠯ ᠢ ᠨᠡᠩ ᠰᠠᠢᠲᠤᠷ ᠪᠠᠳᠠᠷᠠᠭᠤᠯᠵᠤ᠂ ᠨᠠᠮ ᠤᠨ ᠭᠡᠰᠢᠭᠦᠨ ᠤ ᠬᠤᠰᠢᠭᠤᠴᠢ ᠵᠢᠱᠢᠶᠡᠴᠢ ᠦᠢᠯᠡᠳᠦᠯ ᠢ ᠨᠡᠩ ᠰᠠᠢᠲᠤᠷ ᠪᠠᠳᠠᠷᠠᠭᠤᠯᠬᠤ ᠬᠡᠷᠡᠭᠲᠡᠢ᠃ ᠨᠡᠩ ᠤᠯᠠᠨ ᠡᠬᠢ ᠪᠠᠶᠠᠯᠢᠭ ᠢ ᠨᠡᠢᠭᠡᠮ ᠲᠣᠭᠤᠷᠢᠭ ᠲᠤ ᠪᠠᠭᠤᠯᠭᠠᠵᠤ᠂ ᠠᠵᠢᠯ ᠤᠨ ᠬᠦᠴᠦᠨ ᠢᠶᠠᠨ ᠲᠡᠭᠦᠯᠳᠡᠷᠵᠢᠭᠦᠯᠵᠦ᠂ ᠮᠡᠳᠡᠭᠡ ᠵᠠᠩᠭᠢᠵᠢᠯᠲᠠ ᠶᠢᠨ ᠪᠠᠢᠭᠤᠯᠤᠯᠲᠠ ᠶᠢ ᠴᠢᠩᠭᠠᠳᠬᠠᠵᠤ᠂ ᠪᠠᠴᠢᠮ ᠪᠠᠢᠳᠠᠯ ᠢ ᠠᠷᠭᠠᠴᠠᠭᠠᠬᠤ ᠴᠢᠳᠠᠪᠤᠷᠢ ᠪᠣᠯᠤᠨ ᠬᠠᠮᠢᠶᠠᠷᠤᠯᠲᠠ ᠦᠢᠯᠡᠴᠢᠯᠡᠭᠡᠨ ᠤ ᠲᠦᠪᠰᠢᠨ ᠢᠶᠠᠨ ᠳᠡᠭᠡᠭᠰᠢᠯᠡᠭᠦᠯᠵᠦ᠂ ᠬᠤᠳᠠ ᠶᠢᠨ ᠵᠠᠰᠠᠯᠲᠠ ᠶᠢᠨ ᠦᠨᠳᠦᠰᠦᠨ ᠱᠠᠲᠤᠨ ᠤ ᠰᠠᠭᠤᠷᠢ ᠶᠢ ᠪᠠᠬᠢᠵᠢᠭᠦᠯᠬᠦ ᠬᠡᠷᠡᠭᠲᠡᠢ ᠭᠡᠵᠦ ᠵᠢᠭᠠᠵᠤ ᠭᠠᠷᠭᠠᠪᠠ᠃      ᠨᠡᠢᠭᠡᠮ ᠲᠣᠭᠤᠷᠢᠭ ᠤᠨ ᠠᠭᠤᠳᠠᠮ ᠲᠠᠯᠠᠪᠠᠢ ᠳᠤ᠂ ᠺᠠᠳ᠋ᠷ ᠤᠯᠠᠨ ᠲᠦᠮᠡᠨ ᠬᠦᠷᠢᠶᠡᠯᠡᠨ ᠢᠷᠡᠵᠤ᠂ ᠶᠡᠷᠦᠩᠬᠡᠢ ᠱᠦᠵᠢ ᠶᠢᠨ ᠠᠮᠤᠷ ᠢ ᠠᠰᠠᠭᠤᠵᠤ ᠪᠠᠢᠯ᠎ᠠ᠃ ᠰᠢ ᠶᠢᠨ ᠫᠢᠩ᠂ ᠪᠢ ᠦᠬᠠᠨ ᠤ ᠠᠷᠠᠳ ᠲᠦᠮᠡᠨ ᠤ ᠲᠥᠯᠥᠭᠡ ᠰᠠᠨᠠᠭᠠᠰᠢᠷᠠᠵᠤ᠂ ᠬᠤᠶᠠᠷ ᠵᠢᠯ ᠠᠯᠤᠰᠯᠠᠭᠠᠳ ᠦᠬᠠᠨ ᠭᠡᠬᠦ ᠡᠨᠡ ᠬᠦ ᠪᠠᠭᠠᠲᠤᠷᠯᠢᠭ ᠬᠤᠳᠠ ᠳᠤ ᠳᠠᠬᠢᠨᠲᠠ ᠢᠷᠡᠵᠤ ᠤᠯᠠᠨ ᠢ ᠪᠣᠯᠭᠤᠭᠠᠨ ᠦᠵᠡᠪᠡ᠃ ᠬᠢᠵᠢᠭ ᠤᠨ ᠪᠠᠢᠳᠠᠯ ᠡᠭᠦᠰᠦᠭᠰᠡᠨ ᠠᠴᠠ ᠨᠠᠭᠠᠰᠢ᠂ ᠥᠷᠭᠡᠨ ᠤᠯᠠᠨ ᠨᠡᠢᠭᠡᠮ ᠲᠣᠭᠤᠷᠢᠭ ᠤᠨ ᠠᠵᠢᠯᠳᠠᠨ ᠤᠷᠳᠤ ᠬᠤᠭᠤᠴᠠᠭ᠎ᠠ ᠪᠠᠷ ᠰᠡᠷᠭᠡᠢᠯᠡᠨ ᠡᠵᠡᠮᠳᠡᠬᠦ ᠡᠮᠦᠨ᠎ᠡ ᠹᠷᠣᠨᠲ ᠢ ᠪᠠᠲᠤ ᠰᠠᠬᠢᠵᠤ᠂ ᠶᠡᠭᠡ ᠬᠡᠮᠵᠢᠶᠡᠨ ᠤ ᠶᠠᠷᠰᠢᠭ ᠲᠦᠪᠡᠭ ᠲᠠᠢ ᠪᠣᠳᠠᠲᠠᠢ ᠠᠵᠢᠯ ᠢ ᠡᠭᠦᠷᠭᠡᠯᠡᠵᠦ᠂ ᠨᠡᠢᠭᠡᠮ ᠲᠣᠭᠤᠷᠢᠭ ᠤᠨ ᠰᠠᠭᠤᠭᠠᠯᠢ ᠠᠷᠠᠳ ᠲᠤ ᠦᠨᠡᠨ ᠰᠡᠳᠭᠢᠯ ᠠᠴᠠ ᠪᠠᠨ ᠦᠢᠯᠡᠴᠢᠯᠡᠵᠦ᠂ ᠮᠠᠰᠢ ᠵᠦᠳᠡᠷᠡᠯᠲᠡᠢ ᠪᠠᠢᠵᠤ᠂ ᠪᠠᠯᠠᠷᠠᠰᠢ ᠦᠭᠡᠢ ᠭᠠᠪᠢᠶ᠎ᠠ ᠵᠢᠳᠬᠦᠯ ᠦᠵᠡᠭᠦᠯᠦᠭᠰᠡᠨ ᠶᠤᠮ᠃ ᠠᠳᠡ ᠪᠢ ᠲᠠ ᠪᠦᠬᠦᠨ ᠳᠤ ᠲᠡᠷᠡᠴᠢᠯᠡᠨ ᠪᠦᠬᠦ ᠤᠯᠤᠰ ᠤᠨ ᠥᠷᠭᠡᠨ ᠤᠯᠠᠨ ᠨᠡᠢᠭᠡᠮ ᠲᠣᠭᠤᠷᠢᠭ ᠤᠨ ᠠᠵᠢᠯᠳᠠᠨ ᠢ ᠴᠢᠩ ᠰᠡᠳᠭᠢᠯ ᠠᠴᠠ ᠪᠠᠨ ᠲᠣᠬᠤᠨᠢᠭᠤᠯᠵᠤ ᠪᠠᠢᠬᠤ ᠪᠠᠨ ᠢᠯᠡᠳᠭᠡᠶ᠎ᠡ ᠭᠡᠵᠦ ᠤᠯᠠᠨ ᠳᠤ ᠬᠡᠯᠡᠪᠡ᠃      ᠰᠢ ᠶᠢᠨ ᠫᠢᠩ᠂ ᠰᠢᠨ᠎ᠡ ᠲᠢᠲᠢᠮᠯᠢᠭ ᠠᠭᠤᠰᠭᠢᠨ ᠦᠷᠪᠢᠰᠦᠯ ᠤᠨ ᠬᠢᠵᠢᠭ ᠤᠨ ᠪᠠᠢᠳᠠᠯ ᠪᠣᠯ ᠨᠢᠭᠡ ᠤᠳᠠᠭ᠎ᠠ ᠶᠢᠨ ᠶᠡᠭᠡ ᠰᠢᠯᠭᠠᠯᠲᠠ ᠮᠥᠨ᠃ ᠪᠢᠳᠡ ᠠᠷᠠᠳ ᠲᠦᠮᠡᠨ ᠢ ᠳᠡᠭᠡᠳᠦᠯᠡᠬᠦ᠂ ᠠᠮᠢ ᠨᠠᠰᠤ ᠶᠢ ᠳᠡᠭᠡᠳᠦᠯᠡᠬᠦ ᠶᠢ ᠪᠠᠷᠢᠮᠲᠠᠯᠠᠵᠤ᠂ ᠭᠠᠳᠠᠨ᠎ᠠ ᠠᠴᠠ ᠬᠠᠯᠳᠠᠪᠤᠷᠢᠯᠠᠨ ᠣᠷᠣᠵᠤ ᠢᠷᠡᠬᠦ ᠶᠢ ᠰᠡᠷᠭᠡᠢᠯᠡᠬᠦ᠂ ᠳᠣᠲᠣᠭᠠᠳᠤ ᠳᠠᠭᠠᠨ ᠳᠠᠬᠢᠨ ᠡᠭᠦᠰᠭᠦ ᠶᠢ ᠰᠡᠷᠭᠡᠢᠯᠡᠬᠦ ᠶᠢ ᠪᠠᠷᠢᠮᠲᠠᠯᠠᠵᠤ᠂ ᠡᠪᠡᠳᠴᠢᠨ ᠤ ᠵᠢᠱᠢᠶ᠎ᠠ ᠶᠢ ᠦᠭᠡᠢ ᠪᠤᠯᠭᠠᠬᠤ ᠶᠢ ᠪᠠᠷᠢᠮᠲᠠᠯᠠᠵᠤ᠂ ᠴᠠᠭ ᠪᠠ ᠪᠠᠢᠳᠠᠯ ᠳᠤ ᠵᠣᠬᠢᠴᠠᠭᠤᠯᠤᠨ ᠰᠡᠷᠭᠡᠢᠯᠡᠨ ᠡᠵᠡᠮᠳᠡᠬᠦ ᠠᠷᠭ᠎ᠠ ᠬᠡᠮᠵᠢᠶ᠎ᠡ ᠳᠤ ᠲᠠᠰᠤᠷᠠᠯᠲᠠ ᠥᠬᠡᠶ ᠲᠣᠬᠢᠷᠠᠭᠤᠯᠤᠯᠲᠠ ᠬᠢᠵᠦ᠂ ᠠᠷᠠᠳ ᠲᠦᠮᠡᠨ ᠤ ᠠᠮᠢ ᠨᠠᠰᠤᠨ ᠤ ᠠᠮᠤᠷ ᠲᠦᠪᠰᠢᠨ ᠪᠠ ᠪᠡᠶ᠎ᠡ ᠮᠠᠬᠠᠪᠣᠳ ᠤᠨ ᠡᠷᠡᠭᠦᠯ ᠮᠡᠨᠳᠦ ᠶᠢ ᠬᠠᠮᠤᠭ ᠤᠨ ᠶᠡᠭᠡ ᠬᠡᠮᠵᠢᠶ᠎ᠡ ᠪᠠᠷ ᠬᠠᠮᠠᠭᠠᠯᠠᠪᠠ᠃ ᠮᠠᠨ ᠤ ᠤᠯᠤᠰ ᠤᠨ ᠬᠥᠮᠦᠨ ᠠᠮᠠ ᠶᠢᠨ ᠰᠠᠭᠤᠷᠢ ᠲᠤᠭ᠎ᠠ ᠶᠡᠭᠡ᠂ ᠬᠡᠷᠪᠡ ︽ᠬᠠᠮᠲᠤ ᠶᠢᠨ ᠡᠭᠡᠯᠢᠯᠡᠭᠡ︾᠂ ︽ᠬᠠᠷᠠᠵᠥ ᠰᠠᠭᠤᠭᠠᠳ ᠬᠠᠶᠠᠨ ᠳᠤ ᠨᠢ ᠬᠠᠶᠠᠬᠤ︾ ᠵᠡᠷᠭᠡ ᠰᠡᠷᠭᠡᠢᠯᠡᠨ ᠡᠵᠡᠮᠳᠡᠬᠦ ᠲᠥᠷᠥ ᠶᠢᠨ ᠪᠣᠳᠣᠯᠭ᠎ᠠ ᠶᠢ ᠬᠡᠷᠡᠭᠵᠢᠭᠦᠯᠥᠭᠰᠡᠨ ᠪᠤᠯ ᠦᠷ᠎ᠡ ᠳ᠋ᠦᠩ ᠨᠢ ᠰᠡᠳᠭᠢᠭᠳᠡᠰᠢ ᠥᠬᠡᠶ ᠪᠤᠯᠬᠤ ᠶᠤᠮ᠃ ᠪᠢᠳᠡ ᠡᠪᠡᠳᠴᠢᠨ ᠤ ᠵᠢᠱᠢᠶ᠎ᠠ ᠶᠢ ᠦᠭᠡᠢ ᠪᠤᠯᠭᠠᠬᠤ ᠲᠥᠷᠥ ᠶᠢᠨ ᠪᠣᠳᠣᠯᠭ᠎ᠠ ᠶᠢ ᠬᠡᠷᠡᠭᠵᠢᠭᠦᠯᠦᠭᠰᠡᠨ ᠨᠢ ᠨᠠᠮ ᠤᠨ ᠲᠥᠪ ᠬᠤᠷᠢᠶ᠎ᠠ ᠨᠠᠮ ᠤᠨ ᠰᠢᠨᠵᠢ ᠴᠢᠨᠠᠷ ᠵᠣᠷᠢᠯᠲᠠ ᠠᠴᠠ ᠡᠭᠦᠰᠴᠦ᠂ ᠮᠠᠨ ᠤ ᠤᠯᠤᠰ ᠤᠨ ᠤᠯᠤᠰ ᠤᠨ ᠪᠠᠢᠳᠠᠯ ᠠᠴᠠ ᠡᠭᠦᠰᠴᠦ ᠲᠣᠭᠲᠠᠭᠠᠭᠰᠠᠨ ᠶᠤᠮ᠂ ᠠᠵᠤ ᠠᠬᠤᠶ ᠶᠢᠨ ᠬᠥᠭᠵᠢᠯᠲᠡ ᠶᠢ ᠲᠦᠷ ᠴᠠᠭ ᠵᠢᠭᠠᠬᠠᠨ ᠨᠥᠯᠥᠭᠡᠯᠡᠭᠰᠡᠨ ᠴᠦ ᠠᠷᠠᠳ ᠣᠯᠠᠨ ᠤ ᠠᠮᠢ ᠨᠠᠰᠤᠨ ᠤ ᠠᠮᠤᠷ ᠲᠦᠪᠰᠢᠨ ᠪᠠ ᠪᠡᠶ᠎ᠡ ᠮᠠᠬᠠᠪᠣᠳ ᠤᠨ ᠡᠷᠡᠭᠦᠯ ᠮᠡᠨᠳᠦ ᠶᠢ ᠬᠤᠬᠢᠷᠠᠭᠤᠯᠵᠤ ᠪᠣᠯᠬᠤ ᠥᠬᠡᠶ᠂ ᠢᠯᠠᠩᠭᠤᠶ᠎ᠠ ᠨᠠᠰᠤᠲᠠᠢᠴᠤᠳ᠂ ᠬᠡᠦᠬᠡᠳ ᠢ ᠰᠠᠢᠲᠤᠷ ᠬᠠᠮᠠᠭᠠᠯᠠᠬᠤ ᠬᠡᠷᠡᠭᠲᠡᠶ᠃ ᠬᠡᠷᠪᠡ ᠶᠡᠷᠦᠩᠬᠡᠶ ᠳᠠᠩᠰᠠ ᠶᠢ ᠪᠤᠳᠤᠪᠠᠯ᠂ ᠮᠠᠨ ᠤ ᠬᠢᠵᠢᠭ ᠢ ᠰᠡᠷᠭᠡᠢᠯᠡᠬᠦ ᠠᠷᠭ᠎ᠠ ᠬᠡᠮᠵᠢᠶ᠎ᠡ ᠪᠣᠯ ᠬᠠᠮᠤᠭ ᠤᠨ ᠬᠢᠮᠳᠠ᠂ ᠦᠷ᠎ᠡ ᠪᠦᠲᠦᠮᠵᠢ ᠪᠠᠷ ᠬᠠᠮᠤᠭ ᠤᠨ ᠰᠠᠢᠨ ᠶᠤᠮ᠃ ᠪᠢᠳᠡᠨ ᠳᠤ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠳᠤᠷᠢᠳᠤᠯᠭ᠎ᠠ ᠲᠠᠢ᠂ ᠨᠡᠢᠭᠡᠮ ᠲᠣᠭᠤᠷᠢᠭ ᠭᠡᠬᠦ ᠡᠨᠡ ᠬᠦ ᠴᠢᠬᠤᠯᠠ ᠦᠨᠳᠦᠰᠦᠨ ᠱᠠᠲᠤᠨ ᠤ ᠰᠠᠭᠤᠷᠢ ᠲᠠᠢ᠂ ᠡᠪᠡᠳᠴᠢᠨ ᠤ ᠵᠢᠱᠢᠶ᠎ᠠ ᠶᠢ ᠦᠭᠡᠢ ᠪᠤᠯᠭᠠᠬᠤ ᠲᠥᠷᠥ ᠶᠢᠨ ᠪᠣᠳᠣᠯᠭ᠎ᠠ ᠶᠢ ᠬᠡᠷᠡᠭᠵᠢᠭᠦᠯᠬᠦ ᠳᠤ ᠴᠢᠳᠠᠪᠤᠷᠢ ᠲᠠᠢ ᠮᠥᠷᠲᠡᠭᠡᠨ ᠪᠣᠳᠠᠲᠤ ᠬᠦᠴᠦᠨ ᠲᠠᠢ ᠪᠠᠢᠵᠤ᠂ ᠡᠴᠦᠰ ᠲᠤ ᠪᠠᠨ ᠢᠯᠠᠯᠲᠠ ᠶᠢ ᠣᠯᠬᠤ ᠶᠤᠮ ᠭᠡᠵᠦ ᠴᠢᠬᠤᠯᠠᠴᠢᠯᠠᠪᠠ᠃      ᠰᠢ ᠶᠢᠨ ᠫᠢᠩ᠂ ᠣᠳᠣᠬᠠᠨ ᠳᠤ ᠬᠢᠵᠢᠭ ᠤᠨ ᠪᠠᠢᠳᠠᠯ ᠬᠠᠷᠠᠬᠠᠨ ᠠᠷᠢᠯᠤᠭᠠᠳᠤᠢ᠂ ᠭᠠᠳᠠᠨ᠎ᠠ ᠠᠴᠠ ᠬᠠᠯᠳᠠᠪᠤᠷᠢᠯᠠᠨ ᠣᠷᠣᠵᠤ ᠢᠷᠡᠬᠦ ᠶᠢ ᠰᠡᠷᠭᠡᠢᠯᠡᠬᠦ᠂ ᠳᠣᠲᠣᠭᠠᠳᠤ ᠳᠠᠭᠠᠨ ᠲᠠᠬᠢᠨ ᠡᠭᠦᠰᠬᠦ ᠶᠢ ᠰᠡᠷᠭᠡᠢᠯᠡᠬᠦ ᠳᠠᠷᠤᠯᠲᠠ ᠪᠠᠰᠠ ᠮᠠᠰᠢ ᠶᠡᠭᠡ ᠪᠠᠢᠨ᠎ᠠ᠃ ᠪᠠᠷᠢᠮᠲᠠᠯᠠᠯ ᠪᠣᠯ ᠢᠯᠠᠯᠲᠠ ᠮᠦᠨ᠃ ᠲᠠᠢᠪᠤᠰᠢᠷᠠᠬᠤ ᠪᠤᠳᠤᠯ᠂ ᠬᠠᠯᠠᠰᠢᠷᠠᠬᠤ ᠰᠡᠳᠭᠢᠯᠭᠡ᠂ ᠰᠤᠯᠠᠷᠠᠬᠤ ᠰᠡᠳᠭᠢᠯᠭᠡ ᠶᠢ ᠢᠯᠠᠨ ᠳᠠᠪᠠᠵᠤ᠂ ᠬᠢᠵᠢᠭ ᠤᠨ ᠪᠠᠢᠳᠠᠯ ᠢ ᠰᠡᠷᠭᠡᠢᠯᠡᠨ ᠡᠵᠡᠮᠳᠡᠬᠦ ᠡᠯ᠎ᠡ ᠵᠦᠢᠯ ᠤᠨ ᠠᠵᠢᠯ ᠢ ᠪᠣᠳᠠᠲᠠᠢ ᠠᠳᠬᠤᠨ ᠨᠠᠷᠢᠯᠢᠭ ᠠᠳᠬᠤᠬᠤ ᠶᠢᠨ ᠬᠠᠮᠲᠤ ᠠᠵᠤ ᠠᠬᠤᠢ ᠶᠢᠨ ᠲᠣᠭᠲᠠᠭᠤᠨ ᠡᠷᠡᠭᠦᠯ ᠬᠥᠭᠵᠢᠯᠲᠡ ᠶᠢ ᠠᠯᠢ ᠴᠢᠳᠠᠬᠤ ᠪᠠᠷ ᠠᠬᠢᠭᠤᠯᠬᠤ ᠬᠡᠷᠡᠭᠲᠡᠢ᠃ ᠡᠯ᠎ᠡ ᠱᠠᠲᠤᠨ ᠤ ᠨᠠᠮ ᠤᠨ ᠬᠤᠷᠢᠶ᠎ᠠ ᠪᠠ ᠵᠠᠰᠠᠭ ᠤᠨ ᠣᠷᠳᠣᠨ ᠠᠷᠭ᠎ᠠ ᠪᠤᠳᠤᠨ ᠠᠷᠠᠳ ᠤᠯᠠᠨ ᠢ ᠬᠠᠪᠰᠤᠷᠤᠨ ᠪᠣᠳᠠᠲᠠᠢ ᠬᠦᠴᠢᠷᠳᠡᠯ ᠢ ᠨᠢ ᠰᠢᠢᠳᠪᠦᠷᠢᠯᠡᠨ ᠥᠭᠴᠦ᠂ ᠠᠵᠤ ᠠᠬᠤᠢ ᠶᠢᠨ ᠬᠥᠭᠵᠢᠯᠲᠡ ᠪᠠ ᠠᠷᠠᠳ ᠤᠯᠠᠨ ᠤ ᠦᠢᠯᠡᠳᠪᠦᠷᠢᠯᠡᠯ ᠠᠮᠢᠳᠤᠷᠠᠯ ᠳᠤ ᠪᠠᠭ᠎ᠠ ᠨᠥᠯᠥᠭᠡ ᠦᠵᠡᠭᠦᠯᠬᠦ ᠶᠢ ᠦᠨᠡᠨ ᠬᠦ ᠪᠠᠲᠤᠯᠠᠬᠤ ᠬᠡᠷᠡᠭᠲᠡᠢ᠃ ᠪᠢᠳᠡ ᠬᠢᠵᠢᠭ ᠤᠨ ᠪᠠᠢᠳᠠᠯ ᠢ ᠰᠡᠷᠭᠡᠢᠯᠡᠨ ᠡᠵᠡᠮᠳᠡᠬᠦ ᠪᠠ ᠠᠵᠤ ᠠᠬᠤᠢ ᠨᠡᠢᠭᠡᠮ ᠤᠨ ᠬᠥᠭᠵᠢᠯᠲᠡ ᠶᠢᠨ ᠠᠵᠢᠯ ᠢ ᠰᠠᠢᠲᠤᠷ ᠨᠢᠭᠡᠳᠦᠯᠲᠡᠢ ᠲᠥᠯᠥᠪᠵᠢᠭᠦᠯᠬᠦ ᠳᠤ ᠢᠲᠡᠭᠡᠯ ᠲᠠᠢ ᠪᠠᠢᠨ᠎ᠠ᠂ ᠡᠨᠡ ᠵᠢᠯ ᠮᠠᠨ ᠤ ᠤᠯᠤᠰ ᠤᠨ ᠠᠵᠤ ᠠᠬᠤᠢ ᠶᠢᠨ ᠬᠥᠭᠵᠢᠯᠲᠡ ᠨᠡᠯᠢᠶᠡᠳ ᠰᠠᠢᠨ ᠲᠦᠪᠰᠢᠨ ᠳᠤ ᠬᠦᠷᠬᠦ ᠪᠠᠷ ᠴᠢᠷᠮᠠᠢᠬᠤ ᠬᠡᠷᠡᠭᠳᠡᠢ ᠭᠡᠵᠦ ᠵᠢᠭᠠᠵᠤ ᠭᠠᠷᠭᠠᠪᠠ᠃      ᠳ᠋ᠢᠩ ᠰᠢᠤᠸᠠᠢ ᠰᠢᠶᠠᠩ ᠪᠣᠯᠤᠨ ᠲᠥᠪ ᠤᠨ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ ᠬᠠᠷᠢᠭᠤᠴᠠᠯᠭᠠᠲᠠᠨ ᠨᠥᠬᠦᠳ ᠪᠠᠷ᠎ᠠ ᠪᠤᠯᠵᠤ ᠰᠢᠨᠵᠢᠯᠡᠨ ᠪᠠᠢᠴᠠᠭᠠᠪᠠ᠃
 
ᠢᠷᠡᠯᠲᠡ᠄      
 
 
ᠬᠠᠮᠢᠶ᠎ᠠ ᠪᠥᠬᠦᠢ ᠰᠤᠨᠢᠨ
 
2014-2015 ©                      蒙ICP备05000622号-2