| 11 ᠰᠠᠷ᠎ᠠ ᠶᠢᠨ 25 ᠤ ᠡᠳᠦᠷ᠂ ᠰᠢᠩ ᠾᠧ ᠰᠢᠶᠠᠨ ᠰᠢᠶᠠᠨ ᠤ ᠨᠠᠮ ᠤᠨ ᠬᠤᠷᠢᠶᠠᠨ ᠤ ᠨᠢᠭᠡᠳᠦᠮᠡᠯ | ᠹᠷᠣᠨᠲ ᠤᠨ ᠠᠵᠢᠯ ᠤᠨ ᠬᠤᠷᠠᠯ ᠢ ᠬᠤᠷᠠᠯᠳᠤᠭᠤᠯᠪᠠ᠃ | ᠬᠤᠷᠠᠯ ᠠᠴᠠ᠂ ᠡᠯ᠎ᠡ ᠰᠢᠶᠠᠩ ᠪᠠᠯᠭᠠᠰᠤ᠂ ᠡᠯ᠎ᠡ ᠰᠠᠯᠠᠭ᠎ᠠ ᠮᠥᠴᠢᠷ ᠤᠨ ᠬᠢᠨ ᠨᠠᠮ ᠤᠨ ᠬᠤᠷᠢᠳᠤᠭᠠᠷ ᠶᠡᠭᠡ | ᠬᠤᠷᠠᠯ ᠤᠨ ᠵᠣᠷᠢᠭ ᠰᠠᠨᠠᠭ᠎ᠠ ᠪᠣᠯᠣᠨ ᠰᠢ ᠶᠢᠨ ᠫᠢᠩ ᠶᠡᠷᠦᠩᠬᠡᠢ ᠱᠦᠵᠢ ᠶᠢᠨ ᠰᠢᠨ᠎ᠡ ᠴᠠᠭ ᠦᠶ᠎ᠡ ᠶᠢᠨ ᠨᠠᠮ ᠤᠨ | ᠨᠢᠭᠡᠳᠦᠮᠡᠯ ᠹᠷᠣᠨᠲ ᠤᠨ ᠠᠵᠢᠯ ᠢ ᠰᠠᠶᠢᠲᠤᠷ ᠬᠢᠬᠦ ᠲᠤᠬᠠᠢ ᠴᠢᠬᠤᠯᠠ ᠦᠵᠡᠯ ᠰᠠᠨᠠᠭ᠎ᠠ ᠶᠢ ᠭᠦᠨᠵᠡᠭᠡᠢ ᠰᠤᠷᠤᠯᠴᠠᠨ | ᠤᠬᠠᠭᠤᠯᠵᠤ ᠳᠤᠭᠤᠰᠢᠯᠠᠭᠤᠯᠵᠤ᠂ ᠲᠥᠪ ᠬᠤᠷᠢᠶ᠎ᠠ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ᠂ | ᠬᠤᠳᠠ ᠶᠢᠨ ᠨᠠᠮ ᠤᠨ ᠬᠤᠷᠢᠶ᠎ᠠ ᠶᠢᠨ ᠨᠢᠭᠡᠳᠦᠮᠡᠯ ᠹᠷᠣᠨᠲ ᠤᠨ ᠠᠵᠢᠯ ᠤᠨ ᠬᠤᠷᠠᠯ ᠤᠨ ᠵᠣᠷᠢᠭ ᠰᠠᠨᠠᠭ᠎ᠠ ᠶᠢ | ᠳᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠰᠢᠨ᠎ᠡ ᠴᠠᠭ ᠦᠶ᠎ᠡ ᠶᠢᠨ ᠨᠢᠭᠡᠳᠦᠮᠡᠯ ᠹᠷᠣᠨᠲ ᠤᠨ ᠠᠵᠢᠯ ᠤᠨ ᠴᠢᠬᠤᠯᠠ | ᠶᠡᠭᠡ ᠠᠴᠢ ᠬᠤᠯᠪᠣᠭᠳᠠᠯ ᠢ ᠭᠦᠨᠵᠡᠭᠡᠢ ᠲᠠᠨᠢᠬᠤ ᠬᠡᠷᠡᠭᠲᠡᠢ᠃ ᠬᠤᠷᠠᠯ ᠤᠨ ᠪᠠᠶᠢᠷᠢᠯᠠᠭᠤᠯᠤᠯᠲᠠ ᠶᠢᠨ ᠱᠠᠭᠠᠷᠳᠠᠯᠭ᠎ᠠ | ᠶᠣᠰᠣᠭᠠᠷ᠂ ᠠᠵᠢᠯ ᠤᠨ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ᠂ ᠠᠵᠢᠯ ᠤᠨ ᠳᠤᠮᠳᠠ ᠣᠷᠣᠰᠢᠵᠤ ᠪᠠᠶᠢᠭ᠎ᠠ | ᠪᠠᠭᠤᠷᠠᠢ ᠭᠤᠭᠴᠤᠭ᠎ᠠ ᠶᠢ ᠨᠠᠷᠢᠨ ᠬᠢᠨᠠᠮᠠᠭᠠᠢ ᠡᠷᠢᠵᠦ᠂ ᠠᠷᠭ᠎ᠠ ᠬᠡᠮᠵᠢᠶ᠎ᠡ ᠶᠢ ᠨᠠᠷᠢᠯᠢᠭᠵᠢᠭᠤᠯᠤᠨ᠂ ᠬᠠᠷᠢᠭᠤᠴᠠᠯᠭ᠎ᠠ ᠶᠢ | ᠲᠣᠳᠣᠷᠬᠠᠶᠢᠯᠠᠵᠤ᠂ ᠦᠨᠳᠦᠰᠦᠲᠡᠨ ᠤ ᠪᠦᠯᠬᠦᠮᠳᠡᠯ ᠲᠠᠪᠰᠢᠯᠳᠠ ᠶᠢ ᠡᠭᠦᠳᠦᠨ ᠪᠠᠶᠢᠭᠤᠯᠬᠤ ᠠᠵᠢᠯ ᠢ ᠭᠦᠨᠵᠡᠭᠡᠢ | ᠠᠬᠢᠭᠤᠯᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠪᠠᠬᠢ ᠪᠤᠢ | ᠪᠣᠯᠭᠠᠵᠤ᠂ ᠡᠯ᠎ᠡ ᠵᠦᠢᠯ ᠤᠨ ᠲᠣᠬᠢᠷᠠᠭᠤᠯᠤᠯᠲᠠ ᠪᠠᠶᠢᠷᠢᠯᠠᠭᠤᠯᠤᠯᠲᠠ ᠶᠢ ᠳᠤᠭᠤᠰᠢᠯᠠᠭᠤᠯᠤᠨ ᠨᠠᠶᠢᠳᠠᠪᠤᠷᠢᠵᠢᠭᠤᠯᠵᠤ | ᠦᠷ᠎ᠡ ᠪᠦᠲᠦᠮᠵᠢ ᠣᠯᠬᠤ ᠶᠢ ᠪᠠᠲᠤᠯᠠᠬᠤ ᠬᠡᠷᠡᠭᠲᠡᠢ ᠭᠡᠵᠦ ᠵᠢᠭᠠᠵᠤ ᠭᠠᠷᠭᠠᠪᠠ᠃ | ᠬᠤᠷᠠᠯ ᠠᠴᠠ᠂ ᠨᠢᠭᠡᠳᠦᠮᠡᠯ ᠹᠷᠣᠨᠲ ᠤᠨ ᠴᠢᠳᠠᠪᠤᠷᠢᠲᠠᠨ ᠴᠤᠭᠯᠠᠷᠠᠭᠰᠠᠨ᠂ ᠥᠷᠭᠡᠨ ᠳᠡᠯᠭᠡᠷ ᠬᠠᠷᠢᠯᠴᠠᠭ᠎ᠠ ᠲᠠᠢ | ᠪᠠᠶᠢᠬᠤ ᠳᠠᠪᠠᠭᠤᠯᠢᠭ ᠢ ᠪᠠᠳᠠᠷᠠᠭᠤᠯᠵᠤ᠂ ᠪᠦᠬᠦ ᠰᠢᠶᠠᠨ ᠤ ᠳᠡᠭᠡᠳᠦ ᠳᠣᠣᠷᠠᠳᠤ ᠱᠠᠲᠤ ᠪᠠᠷ ᠢᠶᠠᠨ ᠰᠡᠳᠬᠢᠯ ᠨᠢᠭᠡᠳᠦᠨ | ᠬᠦᠴᠦ ᠪᠠᠨ ᠬᠠᠮᠲᠤᠳᠬᠠᠵᠤ᠂ ᠦᠵᠡᠯ ᠰᠠᠨᠠᠭᠠᠨ ᠤ ᠬᠠᠮᠲᠤ ᠶᠢᠨ ᠲᠠᠨᠢᠯᠲᠠ ᠶᠢ ᠨᠢᠭᠲᠠᠷᠠᠭᠤᠯᠬᠤ᠂ ᠥᠭᠡᠷᠡᠴᠢᠯᠡᠯᠲᠡ | ᠬᠥᠭᠵᠢᠯᠲᠡ ᠳᠤ ᠦᠢᠯᠡᠴᠢᠯᠡᠬᠦ᠂ ᠵᠥᠪᠯᠡᠬᠦ ᠠᠷᠠᠳᠴᠢᠯᠠᠯ ᠢ ᠠᠬᠢᠭᠤᠯᠬᠤ᠂ ᠡᠯ᠎ᠡ ᠲᠠᠯ᠎ᠠ ᠶᠢᠨ ᠬᠠᠷᠢᠴᠠᠭ᠎ᠠ ᠶᠢ | ᠵᠣᠬᠢᠴᠠᠭᠤᠯᠬᠤ᠂ ᠨᠡᠶᠢᠭᠡᠮ ᠤᠨ ᠡᠶ᠎ᠡ ᠵᠣᠬᠢᠴᠠᠯ ᠢ ᠬᠠᠮᠠᠭᠠᠯᠠᠬᠤ ᠵᠡᠷᠭᠡ ᠲᠠᠯ᠎ᠠ ᠪᠠᠷ ᠰᠢᠨ᠎ᠡ ᠬᠤᠪᠢ ᠨᠡᠮᠡᠷᠢ ᠦᠵᠡᠭᠦᠯᠵᠦ | ᠂ ᠰᠢ ᠶᠢᠨ ᠫᠢᠩ ᠶᠡᠷᠦᠩᠬᠡᠢ ᠱᠦᠵᠢ ᠶᠢᠨ ᠥᠪᠥᠷ ᠮᠣᠩᠭᠤᠯ ᠳᠤ ᠲᠤᠰᠢᠶᠠᠭᠰᠠᠨ ᠲᠠᠪᠤᠨ ᠶᠡᠭᠡ ᠡᠭᠦᠷᠭᠡ ᠪᠣᠯᠣᠨ ᠰᠢᠩ | ᠡᡁᠧ ᠰᠢᠶᠠᠨ ᠤ ︽ᠬᠤᠶᠠᠷ ᠬᠦᠷᠢᠶᠡᠯᠡᠩ ᠬᠤᠶᠠᠷ ᠲᠣᠭᠤᠷᠢᠭ︾ ᠢ ᠪᠠᠶᠢᠭᠤᠯᠬᠤ ᠬᠠᠷᠠᠯᠲᠠ ᠡᠭᠦᠷᠭᠡ ᠶᠢ ᠰᠠᠶᠢᠲᠤᠷ | ᠪᠡᠶᠡᠯᠡᠭᠦᠯᠬᠦ ᠶᠢᠨ ᠲᠥᠯᠥᠭᠡ ᠪᠦᠯᠬᠦᠮᠳᠡᠨ ᠲᠡᠮᠡᠴᠡᠵᠦ᠂ ᠡᠷᠡᠯᠬᠡᠭᠯᠡᠨ ᠤᠷᠤᠭᠰᠢᠯᠠᠵᠤ᠂ ᠳᠡᠭᠡᠳᠦ ᠬᠡᠮᠵᠢᠶᠡᠨ ᠤ | ᠡᠭᠦᠷᠭᠡᠲᠦ ᠰᠡᠳᠬᠢᠯᠭᠡ ᠪᠣᠯᠣᠨ ᠬᠠᠷᠢᠭᠤᠴᠠᠯᠭᠠᠲᠤ ᠰᠡᠳᠬᠢᠯᠭᠡ ᠪᠠᠷ ᠨᠢᠭᠡᠳᠦᠮᠡᠯ ᠹᠷᠣᠨᠲ ᠤᠨ ᠡᠯ᠎ᠡ ᠵᠦᠢᠯ ᠤᠨ | ᠠᠵᠢᠯ ᠢ ᠪᠦᠬᠦ ᠬᠦᠴᠦᠨ ᠢᠶᠠᠷ ᠢᠶᠠᠨ ᠰᠠᠶᠢᠲᠤᠷ ᠬᠢᠬᠦ ᠬᠡᠷᠡᠭᠲᠡᠢ ᠭᠡᠵᠤ ᠴᠢᠬᠤᠯᠠᠴᠢᠯᠠᠪᠠ᠃ | ᠤᠷᠴᠢᠭᠤᠯᠤᠭᠴᠢ᠄ ᠬᠦᠰᠡᠯ | ᠬᠢᠨᠠᠭᠴᠢ᠄ ᠠᠷᠢᠭᠤᠨ | |