ᠠᠮᠠᠪᠴᠢ ᠵᠡᠬᠦᠬᠦ ᠳᠡᠭᠡᠨ ᠡᠭᠦᠨ ᠢ ᠬᠢᠴᠢᠶᠡᠬᠡᠷᠡᠢ
ᠨᠡᠶᠢᠲᠡᠯᠡᠭᠰᠡᠨ ᠴᠠᠭ᠄
2020/12/21
ᠬᠦᠮᠦᠰ ᠤᠶᠢᠷ᠎ᠠ ᠶᠢᠨ ᠬᠤᠭᠤᠴᠠᠭᠠᠨ ᠳᠤ ᠭᠠᠳᠠᠭᠰᠢ ᠲᠤᠳᠤᠭᠰᠢ ᠭᠠᠷᠴᠦ  ᠶᠠᠪᠤᠵᠤ  ᠰᠠᠭᠤᠬᠤ ᠳᠠᠭᠠᠨ ᠡᠰᠡᠬᠦᠯ᠎ᠡ ᠠᠯᠪᠡᠨ ᠳᠤ ᠬᠦᠷᠴᠦ ᠠᠵᠢᠯᠯᠠᠬᠤ ᠳᠠᠭᠠᠨ ᠪᠦᠷ ᠠᠮᠠᠪᠴᠢ ᠵᠡᠬᠦᠵᠦ ᠪᠠᠶᠢᠨ᠎ᠠ᠂ ᠤᠷᠳᠤ ᠬᠤᠭᠤᠴᠠᠭ᠎ᠠ ᠠᠮᠠᠪᠴᠢ ᠵᠡᠬᠦᠬᠦ  ᠨᠢ ᠨᠢᠭᠤᠷ ᠴᠢᠷᠠᠢ ᠶᠢᠨ ᠠᠷᠠᠰᠤ ᠶᠢ ᠬᠡᠮᠳᠦᠭᠡᠳᠡᠭ᠃ ᠲᠡᠭᠡᠪᠡᠯ ᠪᠢᠳᠡ ᠠᠮᠠᠪᠴᠢ ᠵᠡᠬᠦᠭᠰᠡᠨ ᠠᠴᠠ  ᠪᠤᠯᠤᠭᠰᠠᠨ ᠠᠷᠠᠰᠤᠨ ᠤ ᠬᠡᠮᠳᠤᠯ  ᠢ‌‍ᠶᠠᠭᠠᠬᠢᠵᠤ ᠰᠡᠷᠬᠡᠶᠢᠯᠡᠬᠦ ᠪᠤᠢ︖ᠲᠦᠷᠦ ᠶᠢᠨ ᠶᠠᠪᠤᠳᠡᠯ ᠤᠨ ᠬᠤᠷᠢᠶᠠᠨ ᠤ ᠰᠢᠨ᠎ᠡ ᠺᠤᠷᠤᠨᠠ ᠸᠢᠷᠦ᠋ᠰ ᠬᠠᠯᠳᠠᠪᠤᠷᠢᠯᠠᠭᠰᠠᠨ ᠠᠭᠤᠰᠬᠢᠨ ᠤ ᠦᠷᠪᠢᠰᠦᠯ ᠤᠨ ᠬᠢᠵᠢᠭ ᠢ ᠬᠤᠯᠪᠤᠭᠠᠯᠠᠨ ᠰᠡᠷᠬᠡᠶᠢᠯᠡᠵᠦ ᠲᠠᠷᠤᠬᠤ ᠲᠤᠭᠳᠠᠴᠠ ᠶᠢᠨ ᠬᠢᠨ 2 ᠳ᠋ᠤᠭᠠᠷ ᠰᠠᠷ᠎ᠠ ᠶᠢᠨ 25 ᠤ ᠦᠳᠡ ᠶᠢᠨ ᠬᠤᠶᠢᠨ᠎ᠡ ᠰᠤᠨᠢᠨ ᠮᠡᠳᠡᠭᠡ ᠨᠡᠶᠢᠳᠡᠯᠡᠬᠦ ᠬᠤᠷᠠᠯ ᠬᠢᠪᠡ᠃ ᠬᠤᠷᠠᠯ ᠲᠡᠭᠡᠷ᠎ᠡ ᠪᠡᠭᠡᠵᠢᠩ ᠬᠤᠳᠠ  ᠶᠢᠨ ᠰᠢᠶᠧ ᠡᠾᠧ ᠡᠮᠨᠡᠯᠬᠡ ᠶᠢᠨ ᠬᠤᠷᠢᠶᠠᠨ ᠤ ᠠᠷᠠᠰᠤᠨ ᠤ ᠰᠠᠯᠠᠭᠠᠨ ᠤ ᠡᠷᠬᠢᠯᠡᠭᠴᠢ ᠡᠮᠴᠢ᠂ ᠫᠷᠤᠹᠧᠰᠰᠤᠷ ᠯᠢᠦ ᠵᠢᠶᠧ ᠠᠮᠠᠪᠴᠢ ᠵᠡᠬᠦᠭᠰᠡᠨ ᠠᠴᠠ ᠪᠤᠯᠤᠭᠰᠠᠨ ᠠᠷᠠᠰᠤᠨ ᠤ ᠬᠡᠮᠳᠤᠯ ᠢ ᠰᠡᠷᠬᠡᠶᠢᠯᠡᠬᠦ ᠲᠤᠬᠠᠢ ᠡᠶᠢᠮᠤ ᠬᠡᠳᠤᠨ ᠰᠠᠨᠠᠭᠤᠯᠭ᠎ᠠ ᠲᠤᠷᠠᠳᠤᠯ᠎ᠠ᠃ ᠤᠷᠳᠤ ᠬᠤᠭᠤᠴᠠᠭ᠎ᠠ ᠠᠮᠠᠪᠴᠢ ᠵᠡᠬᠦᠭᠰᠡᠨ ᠠᠴᠠ ᠪᠤᠯᠤᠭᠰᠠᠨ ᠭᠡᠰᠡᠭ ᠲᠠᠯ᠎ᠠ ᠶᠢᠨ  ᠠᠷᠠᠰᠤᠨ ᠤ ᠲᠠᠷᠤᠯᠳᠡ ᠶᠢᠨ ᠴᠢᠨᠡᠷᠳᠡᠢ ᠬᠡᠮᠳᠤᠯ ᠨᠢ ᠨᠢᠬᠡ ᠵᠦᠢᠯ ᠤᠨ ᠡᠮᠴᠢᠯᠡᠬᠡᠨ ᠤ ᠪᠠᠭᠠᠵᠢ ᠬᠡᠷᠡᠭᠰᠡᠯ ᠤᠨ ᠲᠠᠷᠤᠯᠳᠡ ᠠᠴᠠ ᠪᠤᠯᠤᠭᠰᠠᠨ ᠬᠡᠮᠳᠤᠯ ᠳᠤ ᠪᠠᠭᠳᠠᠨ᠎ᠠ᠂ ᠭᠤᠤᠯᠳᠠᠭᠤ ᠬᠠᠮᠠᠷ ᠤᠨ ᠬᠡᠰᠡᠭ᠂ ᠬᠠᠴᠠᠷ᠂ ᠦᠨᠳᠡᠭᠡᠨ ᠬᠠᠴᠠᠷ ᠪᠤᠶᠤ ᠴᠢᠬᠢᠨ ᠤ ᠠᠷᠤ ᠲᠠᠯ᠎ᠠ ᠵᠡᠷᠭᠡ  ᠭᠠᠵᠠᠷ‌ᠤᠷᠳᠤ‌ᠬᠤᠭᠤᠴᠠᠭ᠎ᠠ ᠲᠠᠷᠤᠭᠳᠠᠭᠠᠳ ᠪᠠᠶᠢᠳᠠᠭ ᠭᠡᠰᠡᠭ  ᠲᠤ ᠢᠯᠡᠷᠡᠳᠡᠭ᠃ ᠡᠶᠢᠮᠤ ᠠᠰᠠᠭᠤᠳᠡᠯ ᠢ ᠤᠷᠢᠳᠴᠢᠯᠡᠨ ᠰᠡᠷᠬᠡᠶᠢᠯᠡᠬᠦ ᠬᠡᠪᠡᠯ ᠲᠠ ᠴᠢᠳᠠᠬᠤ ᠶᠢᠨ ᠲᠤᠳᠤᠷ᠎ᠠ ᠶᠡᠭᠡ ᠪᠠᠭ᠎ᠠ ᠨᠢ ᠨᠡᠯᠢᠶᠡᠳ ᠲᠤᠬᠢᠷᠠᠮᠵᠢᠳᠡᠢ ᠠᠮᠠᠪᠴᠢ ᠪᠤᠶᠤ ᠤᠭᠤᠰᠤᠷ ᠲᠠᠢ ᠠᠮᠠᠪᠴᠢ ᠰᠤᠩᠭᠤᠵᠤ ᠪᠤᠯᠤᠨ᠎ᠡ᠂ ᠡᠶᠢᠮᠦᠷᠬᠦ ᠠᠮᠠᠪᠴᠢ ᠶᠢᠨ ᠨᠢᠭᠤᠷ ᠴᠢᠷᠠᠢ ᠶᠢᠨ  ᠠᠷᠠᠰᠤᠨ ᠳᠤ  ᠦᠵᠡᠬᠦᠯᠬᠦ  ᠲᠠᠷᠤᠯᠳᠡ ᠨᠢ ᠬᠠᠷᠢᠴᠠᠩᠭᠤᠢ ᠪᠠᠭ᠎ᠠ ᠪᠠᠶᠢᠳᠠᠭ᠃ ᠲᠠᠨ ᠤ ᠨᠢᠭᠤᠷ ᠴᠢᠷᠠᠢ ᠶᠢᠨ ᠠᠷᠠᠰᠤᠨ ᠳᠤ ᠬᠡᠷᠪᠡ ᠠᠮᠠᠷᠬᠠᠨ ᠬᠠᠷᠰᠢᠯ ᠡᠬᠦᠰᠳᠡᠭ ᠪᠤᠯ ᠠᠮᠠᠪᠴᠢ  ᠵᠡᠬᠦᠬᠦ ᠠᠴᠠ  ᠪᠡᠨ‌ᠡᠮᠦᠨ᠎ᠡ ᠬᠠᠮᠢᠶᠠᠳᠡᠢ ᠲᠠᠶᠢᠯᠪᠤᠷᠢᠯᠠᠬᠤ  ᠪᠢᠴᠢᠭ ᠢ ᠨᠠᠷᠢᠨ  ᠤᠩᠰᠢᠵᠤ᠂ ᠠᠮᠠᠪᠴᠢ ᠶᠢᠨ ᠪᠦᠷᠢᠯᠳᠦᠬᠦᠨ ᠢ ᠤᠶᠢᠯᠠᠭᠠᠬᠤ ᠶᠤᠰᠤᠳᠡᠢ᠃ ᠬᠡᠤᠬᠡᠳ ᠲᠤ ᠵᠡᠬᠦᠯᠬᠡᠬᠦ ᠠᠮᠠᠪᠴᠢ ᠶᠢ ᠭᠡᠷ ᠤᠨ ᠠᠬᠠᠮᠠᠳ ᠦᠪᠡᠷᠰᠡᠳ ᠢᠶᠠᠨ ᠰᠤᠩᠭᠤᠨ  ᠦᠭᠬᠦᠪᠡᠯ  ᠵᠤᠬᠢᠨ᠎ᠡ᠂ ᠠᠮᠠᠪᠴᠢ  ᠶᠢᠨ ᠶᠡᠭᠡ ᠪᠠᠭ᠎ᠠ ᠪᠤᠯᠤᠨ ᠬᠡᠯᠪᠡᠷᠢ ᠮᠠᠶ᠋ᠢᠭ ᠨᠢ ᠪᠦᠷ ᠬᠡᠤᠬᠡᠳ ᠤᠨ ᠬᠠᠴᠠᠷ ᠲᠤ ᠲᠤᠬᠢᠷᠠᠭᠰᠠᠨ ᠪᠠᠶᠢᠬᠤ ᠶᠤᠰᠤᠳᠡᠢ᠃ ᠲᠠᠬᠢᠪᠡᠯ᠂ ᠠᠮᠠᠪᠴᠢ ᠵᠡᠬᠦᠭᠡᠳ ᠬᠤᠶᠠᠷ ᠠᠴᠠ ᠭᠤᠷᠪᠠᠨ ᠴᠠᠭ ᠪᠤᠯᠤᠭᠰᠠᠨ ᠤ ᠲᠠᠷᠠᠭ᠎ᠠ᠂  ᠵᠡᠬᠦᠭᠰᠡᠨ ᠠᠮᠠᠪᠴᠢ ᠶᠢᠨ ᠵᠶ᠋ᠡᠨ‌‍ᠪᠠᠶᠢᠷᠢ ᠶᠢ ᠰᠤᠯᠢᠵᠤ᠂ ᠠᠷᠠᠰᠤᠨ ᠳᠤ ᠦᠵᠡᠬᠦᠯᠬᠦ ᠲᠠᠷᠤᠯᠳᠡ ᠶᠢ ᠨᠢ ᠬᠦᠩᠬᠡᠯᠡᠬᠦ ᠭᠡᠷᠡᠭᠳᠡᠢ᠃ ᠠᠮᠠᠪᠴᠢ ᠶᠢ ᠲᠠᠬᠢᠨ ᠲᠠᠪᠳᠡᠨ‌‍ᠭᠡᠷᠡᠭᠯᠡᠬᠦ ᠪᠤᠶᠤ ᠵᠠᠯᠭᠠᠪᠡᠷ 6 ᠴᠠᠭ ᠢᠯᠡᠬᠦᠦ ᠵᠡᠬᠦᠭᠰᠡᠨ ᠪᠠᠶᠢᠪᠡᠯ᠂ ᠰᠢᠨ᠎ᠡ ᠶᠢ ᠰᠤᠯᠢᠵᠤ ᠵᠡᠬᠦᠪᠡᠯ ᠲᠠᠭᠠᠷᠠᠨ᠎ᠠ᠃ ᠬᠡᠷᠪᠡ ᠠᠷᠠᠰᠤᠨ ᠤ ᠬᠡᠮᠳᠤᠯ ᠭᠠᠷᠤᠭᠰᠠᠨ ᠪᠠᠶᠢᠪᠡᠯ᠂ ᠤᠯᠠᠨ ᠢᠶᠠᠷ ᠢᠶᠠᠨ ᠢᠩᠬᠢᠵᠦ  ᠬᠢᠬᠡᠷᠡᠢ᠃  ᠲᠠᠷᠤᠢ ᠠᠮᠠᠪᠴᠢ ᠵᠡᠭᠦᠭᠡᠳ ᠰᠠᠭᠤᠭᠰᠠᠨ ᠤᠷᠤᠮ ᠨᠢ ᠨᠡᠯᠢᠶᠡᠳ ᠬᠦᠨ ᠪᠤᠶᠤ ᠭᠡᠰᠡᠭ ᠲᠠᠯ᠎ᠠ ᠶᠢᠨ  ᠠᠷᠠᠰᠤᠨ    ᠤ  ᠲᠤᠤᠷ᠎ᠠ  ᠴᠢᠰᠤ  ᠬᠤᠷᠠᠭᠰᠠᠨ‌‍ᠪᠠᠶᠢᠪᠡᠯ ᠠᠷᠠᠰᠤᠨ  ᠤ ᠴᠢᠰᠤᠨ ᠤ ᠡᠷᠭᠢᠯᠳᠠ ᠶᠢ ᠰᠠᠶᠢᠵᠢᠷᠠᠭᠤᠯᠵᠤ ᠲᠡᠶᠢᠯᠳᠡᠭ ᠲᠦᠷᠬᠢᠬᠦ  ᠡᠮ  ᠭᠡᠷᠡᠭᠯᠡᠵᠦ  ᠪᠤᠯᠤᠨ᠎ᠡ᠃  ᠭᠡᠷᠪᠡ‌ᠠᠷᠠᠰᠤᠨ ᠤ ᠰᠢᠷᠠᠭᠳᠤᠯ ᠨᠡᠯᠢᠶᠡᠳ ᠬᠦᠨᠳᠤ ᠨᠤᠴᠢᠳᠡᠢ ᠪᠤᠯᠵᠤ᠂ ᠤᠯᠠᠶᠢᠵᠤ ᠬᠠᠪᠤᠳᠬᠤ ᠪᠤᠶᠤ ᠢᠳᠡᠬᠡᠯᠡᠭᠰᠡᠨ ᠪᠠᠶᠢᠪᠡᠯ᠂  ᠨᠢᠶᠠᠨ‌‍ᠲ᠋ᠠᠷᠤᠭᠴᠢ ᠲᠤᠰᠤ ᠲᠦᠷᠬᠢᠵᠦ ᠪᠤᠯᠤᠨ᠎ᠡ᠂ ᠰᠢᠷᠬ᠎ᠠ ᠰᠤᠷᠪᠢ ᠶᠢ ᠡᠳᠡᠬᠡᠬᠦ ᠳᠤ ᠲᠤᠰᠠᠳᠡᠢ ᠨᠠᠭᠠᠯᠳᠠ ᠶᠢ  ᠴᠦ  ᠨᠠᠭᠠᠵᠤ  ᠪᠤᠯᠤᠨ᠎ᠠ᠂ᠢᠩᠬᠢᠵᠦ ᠬᠢᠬᠦ ᠨᠢ ᠰᠢᠷᠬ᠎ᠠ  ᠳᠤ ᠰᠠᠳᠤᠯᠳᠡ ᠦᠭᠬᠦ ᠠᠴᠠ ᠪᠤᠯᠭᠤᠮᠵᠢᠯᠠᠵᠤ ᠴᠢᠳᠡᠨ᠎ᠡ᠃ᠴᠢᠬᠢᠭᠳᠦᠭᠰᠡᠨ ᠠᠴᠠ ᠪᠤᠯᠵᠤ ᠵᠠᠷᠢᠮ ᠦᠶ᠎ᠡ ᠳᠤ ᠠᠷᠠᠰᠤ ᠵᠦᠬᠡᠯᠡᠷᠡᠬᠦ᠂ ᠠᠷᠠᠰᠤᠨ ᠳᠤ  ᠠᠳᠤᠷᠢᠭ᠎ᠠ  ᠰᠠᠭᠤᠬᠤ  ᠵᠡᠷᠭᠡ‌‍ᠪᠠᠶᠢᠳᠡᠯ ᠭᠠᠷᠳᠠᠭ᠂ ᠡᠶᠢᠮᠤ ᠪᠠᠶᠢᠳᠡᠯ ᠳᠤ ᠠᠮᠠᠪᠴᠢ ᠵᠡᠬᠦᠬᠦ ᠠᠴᠠ ᠪᠠᠨ ᠡᠮᠦᠨ᠎ᠡ᠂ ᠢᠰᠦᠯᠳᠦᠭᠰᠡᠨ ᠴᠠᠶᠢᠷ ᠪᠤᠶᠤ  ᠸᠠᠽᠧᠯᠢᠨ  ᠲᠠᠢ‌ᠠᠷᠠᠰᠤ ᠵᠦᠬᠡᠯᠡᠷᠡᠬᠦᠯᠬᠦ ᠲᠤᠰᠤ  ᠶᠢ ᠭᠡᠷᠡᠭᠯᠡᠵᠦ ᠪᠤᠯᠤᠨ᠎ᠡ᠂ ᠢᠩᠬᠢᠵᠦ ᠬᠢᠪᠡᠯ ᠬᠦᠯᠦᠰᠦ᠂ ᠱᠦᠷᠬᠦᠬᠦ ᠠᠴᠠ ᠪᠤᠯᠵᠤ  ᠠᠷᠠᠰᠤᠨ ᠳ᠋ᠤ᠋‌ᠦᠵᠡᠬᠦᠯᠬᠦ ᠰᠡᠳᠤᠯᠳᠡ ᠶᠢ ᠪᠠᠭᠠᠰᠬᠠᠵᠤ ᠲᠡᠶᠢᠯᠦᠨ᠎ᠡ᠃ ᠠᠮᠠᠪᠴᠢ ᠪᠠᠨ ᠠᠪᠤᠭᠰᠠᠨ ᠲᠠᠷᠠᠭ᠎ᠠ᠂  ᠠᠷᠠᠰᠤ   ᠪᠠᠨ  ᠠᠷᠢᠭᠤᠳᠬᠠᠵᠤ᠂ᠠᠷᠠᠰᠤ ᠵᠦᠬᠡᠯᠡᠷᠡᠬᠦᠯᠬᠦ ᠡᠳ᠋ ᠢ ᠵᠤᠬᠢᠰᠳᠡᠢ ᠭᠡᠷᠡᠭᠯᠡᠵᠦ᠂ ᠠᠷᠠᠰᠤᠨ ᠤ ᠭᠡᠮᠳᠤᠯ ᠢᠶᠠᠨ ᠰᠠᠶᠢᠵᠢᠷᠠᠭᠤᠯᠬᠤ ᠶᠤᠰᠤᠳᠡᠢ᠃        ᠬᠡᠷᠪᠡ ᠠᠷᠠᠰᠤᠨ ᠤ ᠬᠡᠮᠳᠤᠯ ᠬᠡᠴᠡᠬᠦᠳᠡᠬᠦ ᠪᠤᠶᠤ ᠬᠦᠨᠳᠤ ᠨᠤᠴᠢᠳᠡᠢ ᠬᠠᠷᠰᠢᠯ ᠭᠠᠷᠤᠭᠰᠠᠨ ᠪᠠᠶᠢᠪᠡᠯ ᠵᠠᠪᠡᠯ ᠡᠮᠨᠡᠯᠬᠡ ᠵᠢᠨ‌ᠬᠤᠷᠢᠶᠠᠨ ᠳᠤ ᠬᠦᠷᠴᠦ᠂ ᠠᠷᠠᠰᠤᠨ ᠤ ᠰᠠᠯᠠᠭᠠᠨ ᠤ ᠡᠮᠴᠢ ᠪᠠᠷ ᠡᠮᠨᠡᠬᠦᠯᠬᠦ ᠭᠡᠷᠡᠭᠳᠡᠢ᠃ᠨᠢᠭᠡ ᠯᠡ ᠤᠳᠠᠭ᠎ᠠ ᠬᠡᠷᠡᠭᠯᠡᠬᠦ ᠠᠮᠠᠪᠴᠢ ᠶᠢ ᠳᠠᠬᠢᠨ ᠳᠠᠪᠲᠠᠨ ᠬᠡᠷᠡᠭᠯᠡᠪᠡᠯ ᠠᠶᠠᠨᠳᠠᠭᠠᠨ ᠬᠠᠲᠠᠭᠠᠬᠤ  ᠠᠴᠠ ᠪᠢᠰᠢ ᠤᠬᠢᠶᠠᠵᠤ ᠪᠣᠯᠬᠤ ᠦᠭᠡᠢ ︽ᠠᠮᠠᠪᠴᠢ ᠵᠡᠭᠦᠬᠦ ᠪᠣᠯ ᠬᠠᠯᠳᠠᠪᠤᠷᠢᠲᠤ ᠡᠪᠡᠳᠴᠢᠨ ᠢ ᠰᠡᠷᠭᠡᠶᠢᠯᠡᠬᠦ ᠬᠠᠮᠤᠭ ᠤᠨ ᠴᠢᠬᠤᠯᠠ ᠬᠠᠮᠤᠭ ᠤᠨ ᠪᠦᠲᠦᠮᠵᠢᠲᠡᠢ ᠰᠡᠷᠭᠡᠶᠢᠯᠡᠨ ᠡᠵᠡᠮᠳᠡᠬᠦ ᠠᠷᠭ᠎ᠠ ᠪᠠᠷᠢᠯ ᠤᠨ ᠨᠢᠭᠡ ᠮᠥᠨ᠂ ᠰᠢᠨ᠎ᠡ ᠬᠡᠯᠪᠡᠷᠢ ᠶᠢᠨ ᠲᠢᠲᠢᠮᠯᠢᠭ  ᠸᠢᠷᠦ᠋ᠰ   ᠲᠤ  ᠬᠠᠯᠳᠠᠪᠤᠷᠢᠯᠠᠭᠳᠠᠬᠤ ᠲᠦᠭᠰᠢᠭᠦᠷᠢ ᠶᠢ ᠪᠦᠲᠦᠮᠵᠢᠲᠡᠶ ᠪᠠᠭᠤᠷᠠᠭᠤᠯᠵᠤ ᠪᠣᠯᠤᠨ᠎ᠠ᠃︾ ᠳᠤᠮᠳᠠᠳᠤ  ᠤᠯᠤᠰ   ᠤᠨ  ᠡᠪᠡᠳᠴᠢᠨ  ᠡᠮᠭᠡᠭ ᠢ ᠰᠡᠷᠭᠡᠶᠢᠯᠡᠨ‌‍ᠬᠢᠵᠠᠭᠠᠷᠯᠠᠬᠤ ᠲᠥᠪ ᠤᠨ ᠠᠷᠢᠭᠤᠳᠬᠠᠬᠤ ᠤᠬᠠᠭᠠᠨ ᠤ ᠲᠦᠷᠦᠭᠦᠦ ᠲᠤᠰᠬᠠᠶ ᠮᠡᠷᠭᠡᠵᠢᠯᠲᠡᠨ᠂ ᠰᠤᠳᠤᠯᠤᠭᠴᠢ ᠵᠠᠩ ᠯᠢᠦ  ᠪᠥᠸᠧ‌ᠡᠴᠡ ᠡᠩ ᠤᠨ ᠠᠷᠠᠳ᠂ ᠣᠯᠠᠨ ᠨᠡᠶᠢᠲᠡ ᠶᠢᠨ ᠵᠠᠮ ᠬᠠᠷᠢᠯᠴᠠᠭᠠᠨ ᠤ ᠪᠠᠭᠠᠵᠢ ᠶᠢ  ᠠᠰᠢᠭᠯᠠᠭᠴᠢ᠂  ᠲᠦᠷᠢᠶᠡᠰᠦᠨ  ᠮᠠᠰᠢᠨ  ‍ᠤ‌ᠵᠢᠯᠣᠭᠤᠴᠢ᠂ ᠣᠷᠴᠢᠨ ᠲᠣᠭᠤᠷᠢᠨ ᠤ ᠡᠷᠡᠭᠦᠯ ᠬᠠᠮᠠᠭᠠᠯᠠᠯ ᠤᠨ ᠠᠵᠢᠯᠴᠢᠨ᠂ ᠣᠯᠠᠨ ᠨᠡᠶᠢᠲᠡ ᠶᠢᠨ ᠲᠠᠯᠠᠪᠤᠷ   ᠲᠤ  ᠦᠶᠯᠡᠴᠢᠯᠡᠬᠦ‌‍ᠬᠥ᠋ᠮᠦᠰ ᠵᠡᠷᠭᠡ ᠬᠦᠮᠦᠰ ᠠᠵᠢᠯ ᠤᠨ ᠪᠠᠶᠢᠷᠢ ᠳᠤ ᠪᠠᠶᠢᠬᠤ ᠬᠤᠭᠤᠴᠠᠭᠠᠨ ᠳᠠᠭᠠᠨ ᠠᠮᠠᠪᠴᠢ ᠵᠡᠭᠦᠬᠦ ᠬᠡᠷᠡᠭᠲᠡᠶ ᠭᠡᠵᠦ ᠰᠠᠨᠠᠭᠤᠯᠵᠠᠢ᠃ᠠᠮᠠᠪᠴᠢ ᠵᠡᠭᠦᠬᠦ ᠨᠢ ᠥᠪᠡᠷ ᠢ ᠪᠠᠨ  ᠪᠤᠰᠤᠳ ᠲᠤ ᠬᠠᠯᠳᠠᠪᠤᠷᠢᠯᠠᠭᠳᠠᠬᠤ ᠠᠴᠠ  ᠬᠠᠮᠠᠭᠠᠯᠠᠬᠤ  ᠮᠥᠷᠲᠡᠭᠡᠨ ᠪᠠᠰᠠ‌ᠠᠮᠢᠰᠬᠤᠯ ᠤᠨ ᠵᠠᠮ ᠤᠨ ᠡᠪᠡᠳᠴᠢᠨ ᠤ ᠰᠢᠨᠵᠢ ᠲᠡᠮᠳᠡᠭ ᠲᠠᠢ ᠪᠣᠯᠬᠤ ᠦᠶ᠎ᠡ   ᠳᠤ  ᠳᠡᠷᠭᠡᠳᠡᠬᠢ  ᠬᠥᠮᠦᠰ   ᠢᠶᠠᠨ  ᠬᠠᠮᠠᠭᠠᠯᠠᠬᠤ‌‍ᠪᠦ᠋ᠲᠦᠮᠵᠢᠲᠡᠢ ᠠᠷᠭ᠎ᠠ ᠬᠡᠮᠵᠢᠶ᠎ᠡ ᠪᠣᠯᠤᠨ᠎ᠠ᠂ ᠡᠨᠡ ᠨᠢ ᠶᠠᠭ ᠥᠪᠡᠷ ᠤᠨ ᠠᠮᠢᠰᠬᠤᠯ ᠤᠨ ᠰᠢᠰᠲ᠋ᠧᠮ  ᠳᠡᠭᠡᠨ ᠨᠢᠭᠡᠨ ︽ᠱᠦᠭᠦᠬᠦ ︵ᠰᠢᠭᠦᠷᠡᠭᠦᠯᠬᠦ︶ ᠬᠠᠯᠬᠠᠪᠴᠢ︾ ᠲᠠᠭᠠᠷᠠᠭᠤᠯᠤᠭᠰᠠᠨ ᠰᠢᠭ ᠪᠠᠶᠢᠳᠠᠭ᠃ ᠳᠤᠮᠳᠠᠳᠤ ᠤᠯᠤᠰ  ᠤᠨ ᠡᠪᠡᠳᠴᠢᠨ ᠡᠮᠭᠡᠭ ᠢ ᠰᠡᠷᠭᠡᠶᠢᠯᠡᠨ ᠬᠢᠵᠠᠭᠠᠷᠯᠠᠬᠤ ᠲᠥᠪ ᠤᠨ ᠲᠤᠰᠬᠠᠶ ᠮᠡᠷᠭᠡᠵᠢᠯᠲᠡᠨ ᠨᠢᠭᠡ ᠯᠡ ᠤᠳᠠᠭ᠎ᠠ ᠶᠢᠨ ᠴᠢᠨᠠᠷᠲᠠᠶ ᠡᠮᠴᠢᠯᠡᠭᠡᠨ ᠳᠤ ᠬᠡᠷᠡᠭᠯᠡᠬᠦ ᠭᠠᠳᠠᠷ ᠰᠠᠯᠠᠭᠠᠨ ᠤ ᠠᠮᠠᠪᠴᠢ ᠶᠢ ᠰᠣᠩᠭᠤᠨ ᠬᠡᠷᠡᠭᠯᠡᠬᠦ ᠶᠢ ᠰᠠᠨᠠᠭᠠᠴᠢᠯᠠᠵᠤ ᠪᠤᠢ᠂ ᠬᠥᠪᠥᠩ ᠪᠥᠰ ᠠᠮᠠᠪᠴᠢ ᠪᠠ ᠰᠡᠶᠢᠮᠡᠬᠡᠶ ᠠᠮᠠᠪᠴᠢ ᠨᠢ ᠬᠠᠮᠠᠭᠠᠯᠠᠬᠤ ᠦᠶᠯᠡᠳᠦᠯ ᠥᠬᠡᠶ ᠭᠡᠵᠦ ᠲᠠᠨᠢᠯᠴᠠᠭᠤᠯᠵᠠᠶ᠃         ᠣᠨᠴᠠᠭᠠᠢ ᠬᠥᠮᠦᠰ ᠲᠤ ᠠᠪᠴᠤ ᠬᠡᠯᠡᠪᠡᠯ᠂ ᠵᠢᠷᠮᠦᠰᠦᠨ ᠡᠮᠡᠭᠲᠡᠢ ᠪᠤᠯ  ᠨᠡᠯᠢᠶᠡᠳ ᠲᠠᠭᠠᠯᠠᠮᠵᠢᠲᠠᠢ ᠦᠢᠯᠡᠳᠬᠦᠨ ᠢ ᠰᠤᠩᠭᠤᠬᠤ ᠶᠢ ᠠᠩᠬᠠᠷᠪᠠᠯ ᠵᠣᠬᠢᠨ᠎ᠠ᠃ ᠬᠡᠦᠬᠡᠳ ᠶᠠᠭ ᠦᠰᠦᠨ ᠪᠣᠶᠢᠵᠢᠬᠤ ᠱᠠᠲᠤᠨ ᠳᠠᠭᠠᠨ ᠪᠠᠶᠢᠳᠠᠭ ᠤᠴᠢᠷ ᠠᠴᠠ᠂ ᠲᠡᠲᠡᠨᠤᠰ ᠤᠨ ᠴᠢᠷᠠᠢ ᠶᠢᠨ ᠬᠡᠯᠪᠡᠷᠢ ᠨᠢ ᠪᠠᠭ᠎ᠠ᠂ ᠬᠡᠦᠬᠡᠳ ᠤᠨ ᠬᠡᠷᠡᠭᠯᠡᠬᠦ ᠰᠡᠷᠭᠡᠶᠢᠯᠡᠨ ᠬᠠᠮᠠᠭᠠᠯᠠᠬᠤ ᠠᠮᠠᠪᠴᠢ ᠶᠢ ᠰᠤᠩᠭᠤᠵᠤ  ᠬᠡᠷᠡᠭᠯᠡᠬᠦ ᠬᠡᠷᠡᠭᠲᠡᠢ᠃ ᠨᠠᠰᠤᠲᠠᠶᠢᠴᠤᠳ ᠵᠢᠴᠢ ᠵᠢᠷᠦᠬᠡ ᠠᠭᠤᠰᠬᠢ ᠶᠢᠨ ᠰᠢᠰᠲ᠋ᠧᠮ ᠤᠨ ᠵᠠᠷᠢᠮ ᠡᠪᠡᠳᠴᠢᠲᠡᠨ ᠨᠠᠷ ᠪᠤᠯ ᠵᠡᠭᠦᠬᠦ ᠠᠴᠠ ᠪᠡᠨ‌ᠡᠮᠦᠨ᠎ᠡ ᠲᠤᠰᠬᠠᠢ ᠮᠡᠷᠭᠡᠵᠢᠯ ᠤᠨ  ᠡᠮᠴᠢ ᠠᠴᠠ ᠠᠰᠠᠭᠤᠨ ᠯᠠᠪᠯᠠᠬᠤ ᠶᠢᠨ ᠬᠠᠮᠲᠤ ᠲᠡᠭᠦᠨ ᠤ  ᠵᠢᠯᠤᠭᠤᠳᠤᠯᠭ᠎ᠠ ᠳᠣᠤᠷ᠎ᠠ ᠲᠣᠬᠢᠷᠠᠮᠵᠢᠲᠠᠶ ᠠᠮᠠᠪᠴᠢ ᠶᠢ ᠰᠣᠩᠭᠤᠬᠤ ᠬᠡᠷᠡᠭᠲᠡᠶ᠃         ᠡᠮᠨᠡᠯᠭᠡ ᠶᠢᠨ ᠭᠠᠳᠠᠷ ᠰᠠᠯᠠᠭᠠᠨ ᠤ ᠨᠢᠮᠭᠡᠨ ᠠᠮᠠᠪᠴᠢ ᠨᠢ ᠭᠤᠷᠪᠠᠨ ᠳᠠᠪᠬᠤᠷ ᠪᠠᠶᠢᠳᠠᠭ᠂ ᠭᠠᠳᠠᠷ ᠳᠠᠪᠬᠤᠷᠭ᠎ᠠ ᠨᠢ ᠤᠰᠤ ᠬᠤᠷᠢᠭᠯᠠᠬᠤ ᠦᠢᠯᠡᠳᠦᠯ ᠲᠠᠢ᠂ ᠠᠮᠠᠪᠴᠢ ᠳᠣᠲᠣᠷ᠎ᠠ ᠬᠥᠭᠡᠰᠦ ᠣᠷᠣᠬᠤ ᠶᠢ ᠰᠡᠷᠭᠡᠶᠢᠯᠡᠨ᠎ᠡ︔  ᠳᠤᠮᠳᠠ ᠳᠠᠪᠬᠤᠷᠭ᠎ᠠ ᠨᠢ ᠱᠦᠭᠦᠬᠦ ᠦᠢᠯᠡᠳᠦᠯ ᠲᠠᠢ᠂ ᠠᠮᠠᠪᠴᠢ ᠶᠢᠨ ᠱᠦᠭᠦᠬᠦ ᠴᠢᠳᠠᠪᠤᠷᠢ ᠨᠢ 95% ᠠᠴᠠ ᠪᠠᠭ᠎ᠠ ᠪᠠᠶᠢᠵᠤ ᠪᠣᠯᠬᠤ ᠦᠭᠡᠶ︔  ᠠᠮᠠ ᠬᠠᠮᠠᠷ ᠲᠤ ᠬᠦᠷᠦᠯᠴᠡᠬᠦ ᠳᠣᠲᠣᠷ᠎ᠠ ᠳᠠᠪᠬᠤᠷᠭ᠎ᠠ ᠨᠢ ᠴᠢᠭᠢᠭ  ᠢ ᠰᠤᠷᠤᠲᠠᠭ᠃ ᠲᠤᠰᠬᠠᠶ ᠮᠡᠷᠭᠡᠵᠢᠯᠲᠡᠨ ᠰᠠᠨᠠᠭᠤᠯᠤᠭᠰᠠᠨ ᠨᠢ᠂ ᠡᠮᠨᠡᠯᠭᠡ ᠳᠤ ᠬᠡᠷᠡᠭᠯᠡᠬᠦ ᠭᠠᠳᠠᠷ  ᠰᠠᠯᠠᠭᠠᠨ ᠤ  ᠠᠮᠠᠪᠴᠢ ᠶᠢᠨ ᠭᠦᠶᠦᠭᠡᠨ ᠥᠩᠭᠡ ᠲᠠᠢ ᠨᠢᠭᠤᠷ ᠨᠢ ᠠᠮᠠ ᠬᠠᠮᠠᠷ ᠲᠤ ᠬᠦᠷᠦᠯᠴᠡᠲᠡᠭ᠂ ᠭᠦᠨ ᠥᠩᠭᠡ ᠲᠠᠢ ᠨᠢᠭᠤᠷ  ᠨᠢ ᠭᠠᠳᠠᠭᠰᠢ ᠬᠠᠨᠳᠤᠨ᠎ᠠ᠃ ᠲᠡᠮᠦᠷᠯᠢᠭ ᠰᠠᠪᠠᠭ᠎ᠠ ᠪᠠᠶᠢᠬᠤ ᠬᠡᠰᠡᠭ ᠢ ᠠᠮᠠᠪᠴᠢ ᠶᠢᠨ ᠳᠡᠭᠡᠷ᠎ᠡ ᠲᠠᠯ᠎ᠠ ᠳᠤ ᠲᠠᠯᠪᠢᠬᠤ ᠶᠢ ᠠᠩᠬᠠᠷᠬᠤ ᠬᠡᠷᠡᠭᠲᠡᠢ᠂ ᠲᠣᠩᠭᠤᠷᠠᠭᠤ ᠵᠡᠭᠦᠵᠦ ᠪᠣᠯᠬᠤ ᠦᠭᠡᠢ᠃ ᠵᠡᠭᠦᠬᠦ   ᠳᠤ ᠪᠠᠨ ᠠᠮᠠᠪᠴᠢ ᠶᠢᠨ ᠵᠥᠪ ᠲᠠᠯ᠎ᠠ᠂ ᠪᠤᠷᠤᠭᠤ ᠲᠠᠯ᠎ᠠ᠂ ᠳᠡᠭᠡᠷ᠎ᠡ ᠲᠠᠯ᠎ᠠ᠂ ᠳᠣᠣᠷ᠎ᠠ ᠲᠠᠯ᠎ᠠ ᠶᠢ ᠢᠯᠭᠠᠭᠰᠠᠨ ᠤ  ᠲᠠᠷᠠᠭ᠎ᠠ᠂ ᠭᠠᠷ ᠢᠶᠠᠨ ᠤᠬᠢᠶᠠᠨ‌‍ᠴᠡᠪᠡᠷᠯᠡᠵᠦ ᠂ ᠬᠤᠶᠠᠷ ᠲᠠᠯ᠎ᠠ ᠶᠢᠨ ᠤᠭᠤᠰᠤᠷ ᠢ ᠨᠢ ᠴᠢᠬᠢᠨ ᠳᠤ ᠪᠠᠨ ᠡᠯᠭᠦᠳᠡᠭ᠃ ᠬᠠᠮᠤᠭ ᠰᠡᠭᠦᠯ ᠳᠤ ᠭᠠᠷ ᠢᠶᠠᠷ ᠢᠶᠠᠨ ᠬᠠᠮᠠᠷ  ᠤᠨ ᠬᠢᠩᠭ᠎ᠠ ᠶᠢᠨ ᠬᠤᠶᠠᠷ ᠲᠠᠯ᠎ᠠ ᠶᠢᠨ ᠲᠡᠮᠦᠷᠯᠢᠭ ᠵᠤᠷᠪᠤᠰ ᠢ ᠳᠠᠷᠤᠵᠤ᠂ ᠠᠮᠠᠪᠴᠢ ᠶᠢᠨ ᠳᠡᠭᠡᠷ᠎ᠡ ᠲᠠᠯ᠎ᠠ ᠶᠢ ᠬᠠᠮᠠᠷ  ᠤᠨ ᠬᠢᠩᠭ᠎ᠠ ᠲᠠᠢ ᠴᠢᠩᠭ᠎ᠠ ᠨᠠᠭᠠᠯᠳᠤᠭᠤᠯᠤᠭᠠᠳ ᠠᠮᠠᠪᠴᠢ ᠶᠢ ᠳᠣᠷᠣᠭᠰᠢ ᠰᠤᠩᠭᠠᠵᠤ᠂ ᠠᠮᠠᠪᠴᠢ ᠶᠢ ᠨᠤᠭᠤᠯᠠᠭᠠᠰᠤ ᠦᠯᠡᠳᠡᠭᠡᠬᠦ ᠦᠭᠡᠢ ᠪᠠᠷ ᠬᠠᠮᠠᠷ ᠪᠠ ᠠᠮᠠ ᠶᠢ ᠨᠢ ᠪᠦᠲᠡᠭᠡᠳᠡᠭ᠃ ᠠᠮᠠᠪᠴᠢ ᠶᠢ ᠠᠪᠬᠤ ᠦᠶ᠎ᠡ ᠳᠤ ᠠᠯᠢ ᠴᠢᠳᠠᠬᠤ  ᠪᠠᠷ ᠠᠮᠠᠪᠴᠢ ᠶᠢᠨ ᠭᠠᠳᠠᠷ ᠲᠠᠯ᠎ᠠ ᠶᠢ ᠲᠡᠮᠲᠡᠷᠢᠵᠦ  ᠪᠣᠯᠬᠤ  ᠦᠭᠡᠢ᠂ᠠᠮᠠᠪᠴᠢ ᠪᠠᠨ ᠠᠪᠤᠭᠰᠠᠨ ᠤ ᠳᠠᠷᠠᠭ᠎ᠠ ᠳᠠᠷᠤᠶᠢᠬᠠᠨ ᠭᠠᠷ ᠢᠶᠠᠨ ᠤᠬᠢᠶᠠᠬᠤ ᠪᠠᠨ ᠪᠢᠲᠡᠭᠡᠢ ᠮᠠᠷᠲᠠ᠃ ᠡᠩ ᠤᠨ ᠬᠥᠮᠦᠰ ᠬᠡᠪ  ‍ᠦᠨ‌ᠠᠵᠢᠯᠯᠠᠭ᠎ᠠ ᠬᠢᠬᠦ ᠦᠶ᠎ᠡ  ᠳᠤ ᠵᠡᠭᠦᠭᠰᠡᠨ ᠠᠮᠠᠪᠴᠢ᠂ ᠵᠢᠱᠢᠶᠡᠯᠡᠪᠡᠯ ᠣᠯᠠᠨ ᠨᠡᠶᠢᠲᠡ ᠶᠢᠨ ᠵᠠᠮ ᠬᠠᠷᠢᠯᠴᠠᠭᠠᠨ ᠤ  ᠪᠠᠭᠠᠵᠢ᠂ ᠬᠡᠲᠦ‌‍ᠲ᠋ᠡᠯᠭᠡᠭᠦᠷ  ᠠᠴᠠ ᠨᠣᠭᠤᠭ᠎ᠠ ᠬᠤᠳᠠᠯᠳᠤᠨ ᠠᠪᠬᠤ ᠵᠡᠷᠭᠡ ᠡᠳᠦᠷ ᠲᠤᠲᠤᠮ ᠤᠨ ᠬᠥᠳᠡᠯᠭᠡᠭᠡᠨ ᠳᠤ ᠵᠡᠬᠦᠭᠰᠡᠨ ᠠᠮᠠᠪᠴᠢ ᠳᠤ ᠰᠢᠨ᠎ᠡ ᠬᠡᠯᠪᠡᠷᠢ ᠶᠢᠨ ᠲᠢᠲᠢᠮᠯᠢᠭ ᠸᠢᠷᠦ᠋ᠰ ᠨᠠᠭᠠᠯᠳᠤᠬᠤ ᠲᠣᠬᠢᠶᠠᠯᠳᠤᠮᠵᠢ ᠨᠢ ᠮᠠᠰᠢ ᠪᠠᠭ᠎ᠠ᠂ ᠬᠡᠷᠡᠭᠯᠡᠭᠰᠡᠨ   ᠤ  ᠳᠠᠷᠠᠭ᠎ᠠ  ᠠᠷᠢᠭᠤᠳᠬᠠᠬᠤ‌‍ᠴᠢᠬᠤᠯᠠ ᠥᠬᠡᠶ᠃ ᠲᠠᠮᠢᠷᠳᠠᠬᠤ᠂ ᠬᠠᠯᠠᠭᠤᠷᠠᠬᠤ ᠵᠡᠷᠭᠡ ᠡᠪᠡᠳᠴᠢᠨ ᠤ ᠢᠯᠡᠷᠡᠯ ᠲᠠᠢ ᠡᠪᠡᠳᠴᠢᠲᠡᠨ ᠤ ᠵᠡᠭᠦᠭᠰᠡᠨ ᠠᠮᠠᠪᠴᠢ ᠶᠢ ᠡᠮ‌ᠡᠮᠨᠡᠯᠭᠡ ᠶᠢᠨ ᠬᠠᠶᠠᠭᠳᠠᠮᠠᠯ ᠪᠣᠳᠠᠰ ᠢᠶᠠᠷ ᠴᠤᠭᠯᠠᠭᠤᠯᠵᠤ ᠰᠢᠢᠳᠪᠦᠷᠢᠯᠡᠨ᠎ᠡ᠃ ᠵᠠᠩ ᠯᠢᠦ ᠪᠥᠸᠧ ᠬᠡᠯᠡᠬᠦ ᠳᠡᠭᠡᠨ᠂ ᠨᠢᠭᠡ ᠯᠡ ᠤᠳᠠᠭ᠎ᠠ ᠶᠢᠨ ᠴᠢᠨᠠᠷᠲᠠᠢ ᠬᠡᠷᠡᠭᠯᠡᠬᠦ ᠠᠮᠠᠪᠴᠢ ᠶᠢ ᠵᠠᠯᠭᠠᠭ᠎ᠠ ᠪᠠᠷ 4 ᠴᠠᠭ‌ᠵᠡᠭᠦᠵᠦ᠂ ᠪᠣᠬᠢᠷᠲᠤᠭᠰᠠᠨ ᠪᠤᠶᠤ ᠴᠢᠭᠢᠭᠲᠦᠭᠰᠡᠨ ᠤ ᠳᠠᠷᠠᠭ᠎ᠠ ᠳᠠᠷᠤᠶ ᠲᠦᠷᠭᠡᠨ ᠰᠣᠯᠢᠬᠤ ᠬᠡᠷᠡᠭᠲᠡᠶ ᠭᠡᠵᠡᠶ᠃ ᠠᠮᠠᠪᠴᠢ ᠬᠠᠮᠠᠭᠠᠯᠠᠬᠤ‌ᠦᠢᠯᠡᠳᠦᠯ ᠦᠵᠡᠭᠦᠯᠳᠡᠭ ᠤᠨ ᠭᠤᠣᠯ ᠰᠢᠯᠲᠠᠭᠠᠨ ᠨᠢ  ᠱᠦᠭᠦᠬᠦ ᠳᠠᠪᠬᠤᠷᠭ᠎ᠠ  ᠪᠣᠯᠤᠨ᠎ᠠ᠃ ᠠᠮᠠᠪᠴᠢ ᠶᠢ  ᠰᠢᠭᠦᠷᠡᠳᠡᠰᠦ  ᠨᠢ‌ᠨᠣᠷᠭᠠᠬᠤ ᠪᠤᠶᠤ ᠪᠤᠵᠠᠷᠲᠤᠭᠤᠯᠪᠠᠯ ᠬᠠᠮᠠᠭᠠᠯᠠᠬᠤ  ᠴᠢᠳᠠᠪᠤᠷᠢ   ᠨᠢ  ᠪᠠᠭᠤᠷᠠᠳᠠᠭ᠃ ᠬᠡᠷᠪᠡ  ᠠᠮᠠᠪᠴᠢ  ᠳᠤᠲᠠᠭᠳᠠᠵᠤ ᠪᠠᠶᠢᠪᠠᠯ᠂ ᠠᠶᠠᠨᠳᠠᠭᠠᠨ ᠬᠠᠲᠠᠭᠰᠠᠨ ᠤ ᠳᠠᠷᠠᠭ᠎ᠠ ᠳᠠᠬᠢᠨ ᠳᠠᠪᠲᠠᠨ ᠬᠡᠷᠡᠭᠯᠡᠵᠦ ᠪᠣᠯᠤᠨ᠎ᠠ᠂ ᠭᠡᠪᠡᠴᠦ ᠤᠬᠢᠶᠠᠵᠤ ᠪᠣᠯᠬᠤ ᠦᠭᠡᠢ᠃ ︽ᠰᠡᠵᠢᠭᠯᠡᠯᠲᠡᠶ ᠪᠤᠶᠤ ᠣᠨᠣᠰᠢᠯᠠᠭᠰᠠᠨ ᠡᠪᠡᠳᠴᠢᠨ ᠤ ᠵᠢᠱᠢᠶ᠎ᠡ ᠲᠠᠢ ᠣᠶᠢᠷᠠᠲᠤᠵᠤ ᠮᠡᠳᠡᠬᠦ ᠠᠶᠤᠯ ᠶᠡᠬᠡᠲᠡᠶ  ᠬᠦᠮᠦᠰ‌‍ᠲ᠋ᠦ ᠵᠠᠷᠴᠢᠮ ᠳᠡᠭᠡᠷ᠎ᠡ ᠪᠠᠨ ᠡᠮᠨᠡᠯᠭᠡ ᠳᠤ ᠬᠡᠷᠡᠭᠯᠡᠬᠦ ᠬᠠᠮᠠᠭᠠᠯᠠᠯᠲᠠ ᠶᠢᠨ ᠠᠮᠠᠪᠴᠢ ︵N95 ᠵᠢᠴᠢ ᠲᠡᠭᠦᠨ  ᠠᠴᠠ ᠳᠡᠭᠡᠭᠰᠢ ᠳᠡᠰ︶ ᠵᠡᠭᠦᠬᠦ ᠶᠢᠨ ᠬᠠᠮᠲᠤ ᠨᠢᠳᠦ ᠬᠠᠮᠠᠭᠠᠯᠠᠬᠤ ᠰᠢᠯ ᠵᠡᠭᠦᠬᠦ ᠰᠠᠨᠠᠭᠤᠯᠭ᠎ᠠ ᠭᠠᠷᠭᠠᠨ᠎ᠠ᠃ N95 ᠡᠮᠴᠢᠯᠡᠭᠡᠨ ᠳᠤ ᠬᠡᠷᠡᠭᠯᠡᠬᠦ ᠬᠠᠮᠠᠭᠠᠯᠠᠯᠲᠠ‌‍ᠶᠢᠨ ᠠᠮᠠᠪᠴᠢ ᠶᠢ ᠰᠣᠩᠭᠤᠨ ᠬᠡᠷᠡᠭᠯᠡᠵᠦ᠂ ᠵᠠᠯᠭᠠᠭ᠎ᠠ ᠪᠠᠷ 4 ᠴᠠᠭ ᠵᠡᠭᠦᠭᠰᠡᠨ  ᠪᠠᠶᠢᠪᠠᠯ  ᠰᠣᠯᠢᠬᠤ  ᠬᠡᠷᠡᠭᠲᠡᠢ᠂  ᠪᠣᠬᠢᠷᠲᠤᠭᠰᠠᠨ‌‍ᠪᠤᠶᠤ ᠴᠢᠭᠢᠭᠲᠦᠭᠰᠡᠨ ᠤ ᠳᠠᠷᠠᠭ᠎ᠠ ᠳᠠᠷᠤᠶᠢᠬᠠᠨ ᠰᠣᠯᠢᠬᠤ ᠬᠡᠷᠡᠭᠲᠡᠢ᠃ ︾ ᠡᠩ ᠤᠨ ᠬᠥᠮᠦᠰ N95 ᠡᠮᠨᠡᠯᠭᠡ ᠶᠢᠨ ᠬᠠᠮᠠᠭᠠᠯᠠᠯᠲᠠ‌‍ᠶᠢᠨ ᠠᠮᠠᠪᠴᠢ ᠵᠡᠭᠦᠬᠦ ᠴᠢᠬᠤᠯᠠ ᠥᠬᠡᠶ ᠶᠤᠮ᠃ ᠰᠠᠶᠢᠲᠤᠷ ᠰᠡᠷᠭᠡᠶᠢᠯᠡᠨ ᠬᠠᠮᠠᠭᠠᠯᠠᠬᠤ ᠲᠣᠨᠤᠭ ᠲᠥᠬᠦᠭᠡᠷᠦᠮᠵᠢ ᠪᠠᠨ ︽ᠬᠢᠲᠤᠭᠠᠨ‌ᠢᠷ︾ ᠳᠡᠭᠡᠷ᠎ᠡ ᠬᠡᠷᠡᠭᠯᠡᠵᠦ᠂ ᠨᠢᠭᠡᠳᠦᠭᠡᠷ ᠹᠷᠣᠨᠲ ᠲᠤ ᠨᠠᠩ ᠬᠡᠷᠡᠭᠴᠡᠭᠡ ᠲᠠᠢ ᠬᠥᠮᠦᠰ ᠲᠤ  ᠦᠯᠡᠳᠡᠭᠡᠨ  ᠦᠭᠴᠡᠭᠡᠶ᠎ᠡ  ᠭᠡᠵᠦ‌‍ᠴᠢᠩᠭ᠎ᠠ ᠤᠷᠢᠶᠠᠯᠠᠭᠰᠠᠨ ᠪᠠᠶᠢᠨ᠎ᠠ᠃                                  ᠨᠠᠶᠢᠷᠠᠭᠤᠯᠤᠭᠴᠢ᠄ ᠡᠷᠳᠡᠨᠢᠴᠤᠭᠲᠦ
 
ᠢᠷᠡᠯᠲᠡ᠄ ᠡᠷᠡᠭᠦᠯ ᠡᠩᠬᠡ ᠳᠤᠮᠳᠠᠳᠤ ᠤᠯᠤᠰ 
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2