ᠤᠯᠠᠭᠠᠨᠴᠠᠪ ᠬᠤᠲᠠ ᠶᠢᠨ ᠵᠠᠰᠠᠭ ᠤᠨ ᠣᠷᠳᠣᠨ ᠤ ᠭᠠᠳᠠᠭᠠᠳᠤ ᠶᠠᠪᠤᠳᠠᠯ ᠤᠨ ᠠᠯᠪᠠᠨ ᠭᠡᠷ
ᠨᠡᠶᠢᠲᠡᠯᠡᠭᠰᠡᠨ ᠴᠠᠭ᠄
2019/9/17
      ᠤᠯᠠᠭᠠᠨᠴᠠᠪ ᠬᠤᠲᠠ ᠶᠢᠨ ᠵᠠᠰᠠᠭ ᠤᠨ ᠣᠷᠳᠣᠨ ᠤ ᠭᠠᠳᠠᠭᠠᠳᠤ ᠶᠠᠪᠤᠳᠠᠯ ᠤᠨ ᠠᠯᠪᠠᠨ ᠭᠡᠷ ︵ᠳᠣᠷᠣᠭᠰᠢ ᠬᠤᠲᠠ ᠶᠢᠨ ᠵᠠᠰᠠᠭ ᠤᠨ ᠣᠷᠳᠣᠨ ᠤ ᠭᠠᠳᠠᠭᠠᠳᠤ ᠶᠠᠪᠤᠳᠠᠯ ᠤᠨ ᠠᠯᠪᠠᠨ ᠭᠡᠷ ᠭᠡᠵᠦ ᠲᠣᠪᠴᠢᠯᠠᠨ᠎ᠠ︶ ᠪᠣᠯ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠵᠢᠯᠯᠠᠬᠤ ᠰᠠᠯᠠᠭ᠎ᠠ ᠮᠥᠴᠢᠷ ᠪᠠᠶᠢᠵᠤ᠂ ᠵᠢᠩᠬᠢᠨᠢ ᠭᠠᠵᠠᠷ ᠤᠨ ᠳᠡᠰ ᠤᠨ ᠨᠢᠭᠡᠴᠢ ᠪᠣᠯᠣᠨ᠎ᠠ᠃ ᠤᠯᠠᠭᠠᠨᠴᠠᠪ ᠬᠤᠲᠠ ᠶᠢᠨ ᠬᠤᠳᠠᠯᠳᠤᠭᠠᠨ ᠤ ᠶᠠᠪᠤᠳᠠᠯ ᠤᠨ ᠲᠣᠪᠴᠢᠶ᠎ᠠ ᠶᠢᠨ ᠫᠠᠶᠢᠰᠠ ᠶᠢ ᠨᠡᠮᠡᠵᠦ ᠡᠯᠭᠦᠨ᠎ᠡ᠃       ᠬᠤᠲᠠ ᠶᠢᠨ ᠵᠠᠰᠠᠭ ᠤᠨ ᠣᠷᠳᠣᠨ ᠤ ᠭᠠᠳᠠᠭᠠᠳᠤ ᠶᠠᠪᠤᠳᠠᠯ ᠤᠨ ᠠᠯᠪᠠᠨ ᠭᠡᠷ ︵ᠬᠤᠳᠠᠯᠳᠤᠭᠠᠨ ᠤ ᠶᠠᠪᠤᠳᠠᠯ ᠤᠨ ᠲᠣᠪᠴᠢᠶ᠎ᠠ︶ ᠨᠢ ᠨᠠᠮ ᠤᠨ ᠲᠥᠪ ᠬᠤᠷᠢᠶ᠎ᠠ ᠶᠢᠨ ᠭᠠᠳᠠᠭᠠᠳᠤ ᠶᠠᠪᠤᠳᠠᠯ᠂ ᠬᠤᠳᠠᠯᠳᠤᠭᠠᠨ ᠤ ᠶᠠᠪᠤᠳᠠᠯ᠂ ᠪᠣᠭᠤᠮᠲᠠ ᠵᠡᠷᠭᠡ ᠠᠵᠢᠯ ᠤᠨ ᠲᠤᠬᠠᠶ ᠴᠢᠭᠯᠡᠯᠲᠡ ᠲᠥᠷᠥ ᠶᠢᠨ ᠪᠣᠳᠣᠯᠭ᠎ᠠ ᠪᠠ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠬᠤᠲᠠ ᠶᠢᠨ ᠨᠠᠮ ᠤᠨ ᠬᠤᠷᠢᠶ᠎ᠠ ᠶᠢᠨ ᠬᠠᠮᠢᠶ᠎ᠠ ᠪᠦᠬᠦᠢ ᠰᠢᠶᠳᠪᠦᠷᠢᠲᠦ ᠪᠣᠳᠣᠯᠭ᠎ᠠ ᠶᠢᠨ ᠪᠠᠶᠢᠷᠢᠯᠠᠭᠤᠯᠤᠯᠲᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠡᠭᠦᠷᠭᠡ ᠬᠠᠷᠢᠭᠤᠴᠠᠯᠭ᠎ᠠ ᠪᠠᠨ ᠭᠦᠶᠴᠡᠳᠬᠡᠬᠦ ᠶᠠᠪᠤᠴᠠ ᠳᠤ ᠭᠠᠳᠠᠭᠠᠳᠤ ᠶᠠᠪᠤᠳᠠᠯ ᠤᠨ ᠠᠵᠢᠯ᠂ ᠤᠯᠤᠰ ᠤᠨ ᠳᠣᠲᠣᠭᠠᠳᠤ ᠭᠠᠳᠠᠭᠠᠳᠤ ᠶᠢᠨ ᠠᠷᠠᠯᠵᠢᠶ᠎ᠠ᠂ ᠣᠯᠠᠨ ᠤᠯᠤᠰ ᠤᠨ ᠠᠵᠤ ᠠᠬᠤᠢ ᠶᠢᠨ ᠬᠠᠮᠲᠤᠷᠠᠯᠴᠠᠭ᠎ᠠ᠂ ᠭᠠᠳᠠᠭᠠᠳᠤ ᠶᠢᠨ ᠬᠤᠳᠠᠯᠳᠤᠭᠠᠴᠢᠨ ᠤ ᠪᠠᠯᠠ ᠣᠷᠣᠭᠤᠯᠤᠯᠲᠠ᠂ ᠣᠯᠠᠨ ᠤᠯᠤᠰ ᠤᠨ ᠠᠷᠠᠯᠵᠢᠶ᠎ᠠ ᠶᠢ ᠠᠬᠢᠭᠤᠯᠬᠤ ᠪᠠ ᠪᠣᠭᠤᠮᠲᠠ ᠶᠢᠨ ᠬᠠᠮᠢᠶᠠᠷᠤᠯᠲᠠ ᠶᠢᠨ ᠠᠵᠢᠯ ᠳᠠᠬᠢ ᠨᠠᠮ ᠤᠨ ᠲᠥᠪᠯᠡᠷᠡᠩᠭᠦᠶ ᠨᠢᠭᠡᠳᠦᠯᠲᠡᠶ ᠤᠳᠤᠷᠢᠳᠤᠯᠭ᠎ᠠ ᠶᠢ ᠪᠠᠷᠢᠮᠲᠠᠯᠠᠨ ᠴᠢᠩᠭᠠᠳᠬᠠᠨ᠎ᠠ᠃ ᠭᠤᠣᠯ ᠡᠭᠦᠷᠭᠡ ᠲᠤᠰᠢᠶᠠᠯ ᠨᠢ᠄︵ᠨᠢᠭᠡ︶ ᠭᠠᠳᠠᠭᠠᠳᠤ ᠶᠠᠪᠤᠳᠠᠯ ᠤᠨ ᠠᠵᠢᠯ ᠤᠨ ᠲᠤᠬᠠᠶ ᠨᠠᠮ ᠤᠨ ᠲᠥᠪ ᠬᠤᠷᠢᠶᠠᠨ ᠤ ᠴᠢᠭᠯᠡᠯᠲᠡ᠂ ᠲᠥᠷᠥ ᠶᠢᠨ ᠪᠣᠳᠣᠯᠭ᠎ᠠ ᠪᠣᠯᠤᠨ ᠭᠠᠳᠠᠭᠠᠳᠤ ᠳᠤ ᠬᠤᠯᠪᠣᠭᠳᠠᠬᠤ ᠬᠠᠤᠯᠢ ᠴᠠᠭᠠᠵᠠ᠂ ᠬᠠᠤᠯᠢ ᠲᠣᠭᠲᠠᠭᠠᠯ ᠵᠢᠴᠢ ᠭᠠᠳᠠᠭᠠᠳᠤ ᠶᠠᠪᠤᠳᠠᠯ ᠤᠨ ᠠᠵᠢᠯ ᠤᠨ ᠲᠤᠬᠠᠶ ᠤᠯᠠᠭᠠᠨᠴᠠᠪ ᠬᠤᠲᠠ ᠶᠢᠨ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠵᠢᠭᠠᠪᠤᠷᠢ ᠪᠣᠯᠤᠨ ᠲᠣᠭᠲᠠᠭᠠᠯ ᠢ ᠲᠤᠭᠤᠰᠢᠯᠠᠭᠤᠯᠤᠨ ᠬᠡᠷᠡᠭᠵᠢᠭᠦᠯᠦᠨ᠎ᠡ᠃ ᠮᠠᠨ ᠤ ᠬᠤᠲᠠ ᠶᠢᠨ ᠭᠠᠳᠠᠭᠠᠳᠤ ᠶᠠᠪᠤᠳᠠᠯ ᠤᠨ ᠠᠵᠢᠯ ᠤᠨ ᠳᠦᠷᠢᠮ ᠪᠠ ᠠᠵᠢᠯ ᠤᠨ ᠲᠥᠯᠥᠪᠵᠢᠭᠦᠯᠭᠡ ᠶᠢ ᠰᠤᠳᠤᠯᠤᠨ ᠲᠣᠭᠲᠠᠭᠠᠨ᠎ᠠ᠃ ᠪᠦᠬᠦ ᠬᠤᠲᠠ ᠶᠢᠨ ᠭᠠᠳᠠᠭᠠᠳᠤ ᠶᠠᠪᠤᠳᠠᠯ ᠤᠨ ᠠᠵᠢᠯ ᠳᠤ ᠪᠠᠶᠢᠴᠠᠭᠠᠨ ᠰᠤᠳᠤᠯᠤᠯᠲᠠ ᠬᠢᠬᠦ ᠪᠥᠭᠡᠳ ᠬᠠᠯᠠᠨ ᠰᠠᠶᠢᠵᠢᠷᠠᠭᠤᠯᠬᠤ ᠰᠠᠨᠠᠭᠤᠯᠭ᠎ᠠ ᠳᠤᠷᠠᠳᠤᠨ᠎ᠠ᠃ ︵ᠬᠤᠶᠠᠷ︶  ᠪᠦᠬᠦ ᠬᠤᠲᠠ ᠶᠢᠨ ᠠᠯᠪᠠᠨ ᠶᠠᠪᠤᠳᠠᠯ ᠢᠶᠠᠷ ᠭᠠᠳᠠᠭᠠᠳᠤ ᠳᠤ ᠭᠠᠷᠬᠤ ᠪᠦᠯᠬᠦᠮ ︵ᠳᠤᠭᠤᠶᠢᠯᠠᠩ︶ ᠢ ᠲᠣᠮᠢᠯᠠᠬᠤ ᠪᠠ ᠭᠠᠳᠠᠭᠠᠳᠤ ᠶᠢᠨ ᠬᠥᠮᠦᠨ ᠢ ᠤᠷᠢᠵᠤ ᠮᠠᠨ ᠤ ᠬᠤᠲᠠ ᠳᠤ ᠠᠶᠢᠯᠴᠢᠯᠠᠭᠤᠯᠬᠤ ᠵᠡᠷᠭᠡ ᠬᠤᠯᠪᠣᠭᠳᠠᠯ ᠪᠦᠬᠦᠢ ᠤᠴᠢᠷ ᠶᠠᠪᠤᠳᠠᠯ ᠢ ᠬᠢᠨᠠᠨ ᠬᠠᠷᠭᠤᠭᠤᠯᠬᠤ ᠶᠢ ᠬᠠᠷᠢᠭᠤᠴᠠᠨ᠎ᠠ︔ ᠬᠤᠯᠪᠣᠭᠳᠠᠯ ᠪᠦᠬᠦᠢ ᠰᠠᠯᠠᠭ᠎ᠠ ᠮᠥᠴᠢᠷ ᠢ ᠵᠣᠬᠢᠶᠠᠨ ᠪᠠᠶᠢᠭᠤᠯᠤᠨ ᠳᠤᠮᠳᠠᠳᠤ ᠮᠣᠩᠭᠤᠯ ᠤᠨ ᠤᠯᠤᠰ ᠤᠨ ᠬᠢᠯᠢ ᠶᠢᠨ ᠤᠯᠠᠭᠠᠨᠴᠠᠪ ᠤᠨ ᠬᠡᠰᠡᠭ ᠤᠨ ᠬᠢᠯᠢ ᠶᠢᠨ ᠵᠠᠭᠠᠭ ᠤᠨ ᠬᠡᠷᠡᠭ ᠶᠠᠪᠤᠳᠠᠯ᠂ ᠭᠠᠳᠠᠭᠠᠳᠤ ᠲᠠᠢ ᠬᠤᠯᠪᠣᠭᠳᠠᠬᠤ ᠬᠡᠷᠡᠭ ᠶᠠᠪᠤᠳᠠᠯ ᠢ ᠬᠠᠮᠢᠶᠠᠷᠴᠤ᠂ ᠬᠢᠯᠢ ᠶᠢᠨ ᠬᠠᠮᠠᠭᠠᠯᠠᠯᠲᠠ ᠶᠢᠨ ᠬᠡᠯᠡᠯᠴᠡᠭᠡ ᠬᠢᠬᠦ᠂ ᠠᠭᠤᠯᠵᠠᠯᠲᠠ ᠬᠢᠬᠦ ᠠᠵᠢᠯ ᠢ ᠵᠢᠯᠣᠭᠤᠳᠬᠤ ᠶᠢᠨ ᠬᠠᠮᠲᠤ ᠣᠷᠣᠯᠴᠠᠨ᠎ᠠ᠃ ︵ᠭᠤᠷᠪᠠ︶ ᠥᠪᠡᠷᠲᠡᠭᠡᠨ ᠵᠠᠰᠠᠬᠤ ᠣᠷᠣᠨ ᠤ ᠬᠤᠳᠠᠯᠳᠤᠭᠠᠨ ᠤ ᠶᠠᠪᠤᠳᠠᠯ ᠤᠨ ᠲᠢᠩᠬᠢᠮ ᠤᠨ ᠲᠤᠭᠤᠷᠪᠢᠨ ᠲᠣᠭᠲᠠᠭᠠᠭᠰᠠᠨ ᠠᠷᠠᠯᠵᠢᠶ᠎ᠠ ᠬᠤᠳᠠᠯᠳᠤᠭᠠᠨ ᠤ ᠭᠦᠶᠯᠭᠡᠭᠡᠨ᠂ ᠤᠯᠤᠰ ᠤᠨ ᠳᠣᠲᠣᠭᠠᠳᠤ ᠭᠠᠳᠠᠭᠠᠳᠤ ᠶᠢᠨ ᠠᠷᠠᠯᠵᠢᠶ᠎ᠠ᠂ ᠣᠯᠠᠨ ᠤᠯᠤᠰ ᠤᠨ ᠠᠵᠤ ᠠᠬᠤᠶ ᠶᠢᠨ ᠮᠡᠷᠭᠡᠵᠢᠯ ᠤᠨ ᠬᠠᠮᠲᠤᠷᠠᠯᠴᠠᠭ᠎ᠠ᠂ ᠭᠠᠳᠠᠭᠠᠳᠤ ᠶᠢᠨ ᠬᠤᠳᠠᠯᠳᠤᠭᠠᠴᠢᠨ ᠤ ᠪᠡᠯᠡ ᠣᠷᠣᠭᠤᠯᠬᠤ ᠠᠵᠢᠯ ᠤᠨ ᠣᠷᠣᠨ ᠨᠤᠲᠤᠭ ᠤᠨ ᠴᠢᠨᠠᠷᠲᠠᠶ ᠬᠠᠤᠯᠢ ᠲᠣᠭᠲᠠᠭᠠᠯ ᠢ  ᠲᠤᠭᠤᠰᠢᠯᠠᠭᠤᠯᠤᠨ ᠨᠠᠶᠢᠳᠠᠪᠤᠷᠢᠵᠢᠭᠤᠯᠤᠨ᠎ᠠ᠃ ᠮᠠᠨ ᠤ ᠬᠤᠲᠠ ᠶᠢᠨ ᠠᠷᠠᠯᠵᠢᠶ᠎ᠠ ᠬᠤᠳᠠᠯᠳᠤᠭᠠᠨ ᠤ ᠪᠠᠷᠠᠭ᠎ᠠ ᠭᠦᠢᠯᠭᠡᠭᠡᠨ ᠤ ᠬᠥᠭᠵᠢᠯᠲᠡ ᠶᠢᠨ ᠬᠠᠨᠳᠤᠰᠢ ᠶᠢ ᠰᠤᠳᠤᠯᠵᠤ᠂ ᠬᠥᠭᠵᠢᠯᠲᠡ ᠶᠢᠨ ᠲᠥᠯᠥᠪᠵᠢᠭᠦᠯᠭᠡ ᠲᠣᠭᠲᠠᠭᠠᠬᠤ ᠶᠢᠨ ᠬᠠᠮᠲᠤ ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ᠃ ︵ᠳᠥᠷᠪᠡ︶ ᠭᠦᠶᠯᠭᠡᠭᠡᠨ ᠤ ᠠᠵᠤ ᠦᠢᠯᠡᠰ ᠤᠨ ᠪᠦᠲᠦᠴᠡ ᠶᠢᠨ ᠲᠣᠬᠢᠷᠠᠭᠤᠯᠤᠯᠲᠠ ᠶᠢ ᠬᠠᠷᠢᠭᠤᠴᠠᠨ ᠲᠦᠯᠬᠢᠨ ᠠᠬᠢᠭᠤᠯᠵᠤ᠂ ᠬᠤᠳᠠᠯᠳᠤᠭ᠎ᠠ ᠠᠷᠠᠯᠵᠢᠶᠠᠨ ᠤ ᠦᠶᠯᠡᠴᠢᠯᠡᠭᠡᠨ ᠤ ᠦᠶᠯᠡᠰ ᠪᠣᠯᠤᠨ ᠨᠡᠶᠢᠭᠡᠮ ᠲᠣᠭᠤᠷᠢᠭ ᠤᠨ ᠬᠤᠳᠠᠯᠳᠤᠭᠠᠨ ᠤ ᠬᠥᠭᠵᠢᠯᠲᠡ ᠶᠢ ᠵᠢᠯᠣᠭᠤᠳᠤᠨ᠂ ᠥᠪᠡᠷᠲᠡᠭᠡᠨ ᠵᠠᠰᠠᠬᠤ ᠣᠷᠣᠨ ᠤ ᠬᠤᠳᠠᠯᠳᠤᠭᠠᠨ ᠤ ᠶᠠᠪᠤᠳᠠᠯ ᠤᠨ ᠲᠢᠩᠬᠢᠮ ᠤᠨ ᠳᠤᠮᠳᠠ ᠵᠢᠵᠢᠭ ᠬᠤᠳᠠᠯᠳᠤᠭ᠎ᠠ ᠠᠷᠠᠯᠵᠢᠶᠠᠨ ᠤ ᠠᠵᠤ ᠠᠬᠤᠶᠢᠯᠠᠯ ᠤᠨ ᠬᠥᠭᠵᠢᠯᠲᠡ ᠶᠢ ᠠᠬᠢᠭᠤᠯᠬᠤ ᠲᠥᠷᠥ ᠶᠢᠨ ᠪᠣᠳᠣᠯᠭ᠎ᠠ ᠶᠢ ᠲᠤᠭᠤᠰᠢᠯᠠᠭᠤᠯᠤᠨ ᠬᠡᠷᠡᠭᠵᠢᠭᠦᠯᠵᠦ᠂ ᠭᠦᠶᠯᠭᠡᠭᠡᠨ ᠤ ᠪᠠᠷᠢᠮᠵᠢᠶᠠᠵᠢᠭᠤᠯᠤᠯᠲᠠ ᠪᠣᠯᠤᠨ ᠬᠡᠯᠬᠢᠶ᠎ᠡ ᠡᠵᠡᠩᠨᠡᠯᠲᠡ᠂ ᠬᠤᠳᠠᠯᠳᠤᠭᠠᠨ ᠤ ᠣᠨᠴᠠ ᠵᠥᠪᠰᠢᠶᠡᠷᠡᠭᠰᠡᠨ ᠡᠵᠡᠩᠨᠡᠯᠲᠡ᠂ ᠪᠠᠷᠠᠭ᠎ᠠ ᠭᠦᠶᠯᠭᠡᠭᠡᠨ ᠤ ᠲᠤᠬᠢᠷᠠᠭᠤᠯᠤᠨ ᠬᠦᠷᠭᠡᠬᠦ᠂ ᠡᠯᠧᠺᠲᠷᠣᠨ ᠬᠤᠳᠠᠯᠳᠤᠭᠠᠨ ᠤ ᠶᠠᠪᠤᠳᠠᠯ ᠵᠡᠷᠭᠡ ᠣᠳᠣ ᠦᠶ᠎ᠡ ᠶᠢᠨ ᠭᠦᠶᠯᠭᠡᠭᠡᠨ ᠤ ᠠᠷᠭ᠎ᠠ ᠮᠠᠶ᠋ᠢᠭ ᠤᠨ ᠬᠥᠭᠵᠢᠯᠲᠡ ᠶᠢ ᠲᠦᠯᠬᠢᠨ ᠠᠬᠢᠭᠤᠯᠤᠨ᠎ᠠ᠃ ︵ᠲᠠᠪᠤ︶ ᠵᠠᠬ᠎ᠠ ᠳᠡᠯᠭᠡᠭᠦᠷ ‍ᠤᠨ‌‍ᠰᠢᠰᠲ᠋ᠧᠮᠵᠢ ᠶᠢᠨ ᠪᠠᠶᠢᠭᠤᠯᠤᠯᠲᠠ ᠶᠢ ᠠᠬᠢᠭᠤᠯᠬᠤ ᠠᠷᠭ᠎ᠠ ᠬᠡᠮᠵᠢᠶ᠎ᠡ ᠠᠷᠭ᠎ᠠ ᠮᠠᠶ᠋ᠢᠭ ᠢ ᠰᠤᠳᠤᠯᠤᠨ ᠳᠤᠷᠠᠳᠴᠤ᠂ ᠬᠤᠲᠠ ᠬᠥᠳᠡᠭᠡ ᠶᠢᠨ ᠵᠠᠬ᠎ᠠ ᠳᠡᠯᠭᠡᠭᠦᠷ ᠤᠨ ᠬᠥᠭᠵᠢᠯᠲᠡ ᠶᠢ ᠠᠬᠢᠭᠤᠯᠤᠨ᠎ᠠ᠃ ᠶᠡᠭᠡ ᠬᠡᠮᠵᠢᠶᠡᠨ ᠤ ᠦᠶᠯᠡᠳᠬᠦᠨ ᠤ ᠪᠥᠭᠡᠮ ᠢᠶᠠᠷ ᠬᠤᠳᠠᠯᠳᠤᠬᠤ ᠵᠠᠬ᠎ᠠ ᠳᠡᠯᠭᠡᠭᠦᠷ ᠤᠨ ᠲᠥᠯᠥᠪᠵᠢᠭᠦᠯᠭᠡ ᠪᠣᠯᠤᠨ ᠬᠤᠲᠠ ᠶᠢᠨ ᠬᠤᠳᠠᠯᠳᠤᠭᠠᠨ ᠤ ᠲᠣᠤᠷ ᠴᠢᠭ ᠤᠨ ᠲᠥᠯᠥᠪᠵᠢᠭᠦᠯᠭᠡ ᠶᠢ ᠵᠢᠯᠣᠭᠤᠳᠴᠤ᠂ ᠬᠤᠳᠠᠯᠳᠤᠭᠠᠨ ᠤ  ᠰᠢᠰᠲ᠋ᠧᠮ ᠤᠨ ᠪᠠᠶᠢᠭᠤᠯᠤᠯᠲᠠ ᠶᠢᠨ ᠠᠵᠢᠯ ᠢ ᠲᠦᠯᠬᠢᠨ ᠠᠬᠢᠭᠤᠯᠤᠨ᠎ᠠ᠃ ᠬᠥᠳᠡᠭᠡ ᠲᠣᠰᠬᠤᠨ ᠤ ᠵᠠᠬ᠎ᠠ ᠳᠡᠯᠭᠡᠭᠦᠷ ᠤᠨ ᠰᠢᠰᠲ᠋ᠧᠮ ᠤᠨ ᠪᠠᠶᠢᠭᠤᠯᠤᠯᠲᠠ ᠶᠢ ᠲᠦᠯᠬᠢᠨ ᠠᠬᠢᠭᠤᠯᠵᠤ᠂ ᠬᠥᠳᠡᠭᠡ ᠲᠣᠰᠬᠤᠨ ᠤ ᠣᠳᠣ ᠦᠶ᠎ᠡ ᠶᠢᠨ ᠭᠦᠶᠯᠭᠡᠭᠡᠨ ᠤ ᠲᠣᠤᠷ ᠰᠦᠯᠵᠢᠶᠡᠨ ᠤ ᠢᠨᠵᠧᠨᠧᠷᠢᠩ ᠢ ᠵᠣᠬᠢᠶᠠᠨ ᠪᠠᠶᠢᠭᠤᠯᠤᠨ ᠬᠡᠷᠡᠭᠵᠢᠭᠦᠯᠵᠦ᠂ ᠡᠯᠧᠺᠲᠷᠣᠨ ᠬᠤᠳᠠᠯᠳᠤᠭᠠᠨ ᠤ ᠶᠠᠪᠤᠳᠠᠯ ᠢ ᠬᠥᠳᠡᠭᠡ ᠲᠣᠰᠬᠤᠨ ᠳᠤ ᠣᠷᠣᠭᠤᠯᠬᠤ ᠠᠵᠢᠯ ᠢ ᠲᠦᠯᠬᠢᠨ ᠠᠬᠢᠭᠤᠯᠤᠨ᠎ᠠ ᠃ ᠬᠤᠯᠪᠣᠭᠳᠠᠯ ᠪᠦᠬᠦᠢ ᠰᠠᠯᠠᠭ᠎ᠠ ᠮᠥᠴᠢᠷ ᠲᠠᠢ ᠬᠠᠮᠲᠤᠷᠠᠨ ᠢᠳᠡᠭᠡᠨ ᠪᠠ ᠡᠮ ᠤᠨ ᠵᠦᠶᠯ ᠪᠣᠯᠤᠨ ᠢᠳᠡᠭᠡᠨ ᠳᠤ ᠬᠡᠷᠡᠭᠯᠡᠬᠦ ᠲᠠᠷᠢᠶᠠᠯᠠᠩ ᠤᠨ ᠪᠦᠲᠦᠭᠡᠭᠳᠡᠬᠦᠨ ᠤ ᠬᠦᠢᠲᠡᠨ ᠬᠡᠯᠬᠢᠶᠡᠲᠦ ᠪᠠᠷᠠᠭ᠎ᠠ ᠶᠢᠨ ᠭᠦᠶᠯᠭᠡᠭᠡᠨ ᠤ ᠪᠠᠷᠢᠮᠵᠢᠶᠠᠵᠢᠭᠤᠯᠤᠭᠰᠠᠨ ᠵᠢᠱᠢᠶ᠎ᠡ ᠦᠵᠡᠭᠦᠯᠬᠦ ᠠᠵᠢᠯ ᠢ ᠵᠣᠬᠢᠶᠠᠨ ᠪᠠᠶᠢᠭᠤᠯᠤᠨ ᠥᠷᠨᠢᠭᠦᠯᠬᠦ ᠶᠢ ᠬᠠᠷᠢᠭᠤᠴᠠᠵᠤ᠂ ᠲᠠᠷᠢᠶᠠᠯᠠᠩ ᠤᠨ ᠭᠠᠷᠤᠯᠲᠠ ᠶᠢᠨ ᠬᠦᠢᠲᠡᠨ ᠬᠡᠯᠬᠢᠶᠡᠲᠦ ᠭᠦᠶᠯᠭᠡᠭᠡᠨ ᠤ ᠪᠡᠯᠡᠳᠬᠡᠮᠵᠢ ᠶᠢᠨ ᠪᠦᠲᠦᠭᠡᠨ ᠪᠠᠶᠢᠭᠤᠯᠤᠯᠲᠠ ᠵᠢᠴᠢ ᠡᠵᠡᠩᠨᠡᠯᠲᠡ ᠬᠠᠮᠢᠶᠠᠷᠤᠯᠲᠠ ᠶᠢ ᠵᠢᠷᠤᠮᠵᠢᠭᠤᠯᠤᠨ᠎ᠠ᠃ ︵ᠵᠢᠷᠭᠤᠭ᠎ᠠ︶ ᠵᠠᠬ᠎ᠠ ᠳᠡᠯᠭᠡᠭᠦᠷ ᠤᠨ ᠠᠵᠤ ᠠᠬᠤᠢ ᠶᠢᠨ ᠡᠮᠬᠢ ᠳᠢᠭᠯᠢᠮ ᠢ ᠲᠦᠷᠦᠭᠦᠯᠡᠨ ᠵᠣᠬᠢᠴᠠᠭᠤᠯᠬᠤ ᠪᠠ ᠵᠢᠷᠤᠮᠵᠢᠭᠤᠯᠵᠤ᠂ ᠬᠤᠳᠠᠯᠳᠤᠭᠠᠨ ᠤ ᠢᠲᠡᠭᠡᠮᠵᠢ ᠶᠢᠨ ᠪᠣᠷᠣᠯᠠᠭᠤᠯᠭ᠎ᠠ ᠶᠢ ᠵᠢᠯᠣᠭᠤᠳᠤᠨ᠂ ᠵᠠᠬ᠎ᠠ ᠳᠡᠯᠭᠡᠭᠦᠷ ᠤᠨ ᠦᠨᠡᠨᠴᠢ ᠢᠲᠡᠭᠡᠮᠵᠢᠲᠡᠶ ᠣᠯᠠᠨ ᠨᠡᠶᠢᠲᠡ ᠶᠢᠨ ᠦᠶᠯᠡᠴᠢᠯᠡᠭᠡᠨ ᠤ ᠲᠠᠪᠴᠠᠩ ᠤᠨ ᠪᠠᠶᠢᠭᠤᠯᠤᠯᠲᠠ ᠶᠢ ᠲᠦᠯᠬᠢᠨ ᠠᠬᠢᠭᠤᠯᠤᠨ᠎ᠠ᠃ ᠣᠨᠴᠠᠭᠠᠢ ᠭᠦᠶᠯᠭᠡᠭᠡᠨ ᠤ ᠠᠵᠢᠯ ᠲᠥᠷᠥᠯ ᠢ ᠬᠤᠯᠪᠣᠭᠳᠠᠯ ᠪᠦᠬᠦᠢ ᠲᠣᠭᠲᠠᠭᠠᠯ ᠶᠣᠰᠣᠭᠠᠷ ᠬᠢᠨᠠᠵᠤ ᠬᠠᠮᠢᠶᠠᠷᠤᠨ᠎ᠠ᠃ ᠠᠷᠠᠯᠵᠢᠶ᠎ᠠ ᠬᠤᠳᠠᠯᠳᠤᠭᠠᠨ ᠤ ᠦᠶᠯᠡᠴᠢᠯᠡᠭᠡᠨ ᠤ ᠦᠶᠯᠡᠰ᠂ ᠵᠠᠬ᠎ᠠ ᠳᠡᠯᠭᠡᠭᠦᠷᠴᠢᠯᠡᠭᠰᠡᠨ ᠨᠠᠰᠤᠵᠢᠯ ᠤᠨ ᠠᠵᠤ ᠦᠢᠯᠡᠰ ᠤᠨ ᠬᠥᠭᠵᠢᠯᠲᠡ ᠶᠢ ᠰᠢᠮᠳᠠᠭᠤᠯᠤᠨ ᠵᠢᠯᠣᠭᠤᠳᠬᠤ ᠶᠢ ᠬᠠᠷᠢᠭᠤᠴᠠᠨ᠎ᠠ᠃ ᠬᠠᠮᠢᠶ᠎ᠠ ᠪᠦᠬᠦᠢ ᠰᠠᠯᠠᠭ᠎ᠠ ᠮᠥᠴᠢᠷ ᠲᠠᠢ ᠬᠠᠮᠵᠢᠯᠴᠠᠨ ᠲᠣᠮᠣ ᠬᠡᠯᠪᠡᠷᠢ ᠶᠢᠨ ᠬᠤᠳᠠᠯᠳᠤᠭ᠎ᠠ ︵ᠴᠤᠭᠯᠠᠭᠠᠨ ᠦᠵᠡᠰᠬᠦᠯᠡᠩ︶ ᠶᠢᠨ ᠠᠶᠤᠯ ᠦᠭᠡᠢ ᠦᠶᠯᠡᠳᠪᠦᠷᠢᠯᠡᠯ ᠤᠨ ᠠᠵᠢᠯ ᠢ ᠰᠠᠶᠢᠲᠤᠷ ᠬᠢᠨ᠎ᠡ᠃ ︵ᠳᠣᠯᠤᠭ᠎ᠠ︶ ᠪᠦᠬᠦ ᠬᠤᠲᠠ ᠶᠢᠨ ᠴᠢᠬᠤᠯᠠ ᠬᠡᠷᠡᠭᠯᠡᠭᠡᠨ ᠤ ᠵᠦᠶᠯ ᠤᠨ ᠵᠠᠬ᠎ᠠ ᠳᠡᠯᠭᠡᠭᠦᠷ ᠤᠨ ᠲᠣᠬᠢᠷᠠᠭᠤᠯᠤᠯᠲᠠ ᠡᠵᠡᠮᠳᠡᠯ ᠪᠠ ᠴᠢᠬᠤᠯᠠ ᠦᠶᠯᠡᠳᠪᠦᠷᠢᠯᠡᠯ ᠤᠨ ᠬᠡᠷᠡᠭᠰᠡᠯ ᠤᠨ ᠭᠦᠶᠯᠭᠡᠭᠡᠨ ᠤ ᠬᠠᠮᠢᠶᠠᠷᠤᠯᠲᠠ ᠶᠢ ᠵᠣᠬᠢᠶᠠᠨ ᠪᠠᠶᠢᠭᠤᠯᠤᠨ ᠬᠡᠷᠡᠭᠵᠢᠭᠦᠯᠵᠦ᠂ ᠵᠠᠬ᠎ᠠ ᠳᠡᠯᠭᠡᠭᠦᠷ ᠤᠨ ᠬᠠᠩᠭᠠᠯᠭ᠎ᠠ ᠶᠢᠨ ᠪᠠᠴᠢᠮ ᠪᠠᠶᠢᠳᠠᠯ ᠢ ᠠᠷᠭᠠᠴᠠᠬᠤ ᠲᠤᠭᠲᠠᠴᠠ ᠶᠢ ᠪᠠᠶᠢᠭᠤᠯᠤᠨ ᠲᠡᠭᠦᠯᠳᠡᠷᠵᠢᠭᠦᠯᠦᠨ᠎ᠡ᠃ ᠵᠠᠬ᠎ᠠ ᠳᠡᠯᠭᠡᠭᠦᠷ ᠤᠨ ᠠᠵᠢᠯᠯᠠᠭᠠᠨ᠂ ᠲᠠᠸᠠᠷ ᠤᠨ ᠬᠠᠩᠭᠠᠯᠭ᠎ᠠ ᠬᠡᠷᠡᠭᠴᠡᠭᠡ ᠶᠢᠨ ᠪᠠᠶᠢᠳᠠᠯ ᠢ ᠬᠢᠨᠠᠨ ᠬᠡᠮᠵᠢᠵᠦ ᠵᠠᠳᠠᠯᠤᠯᠲᠠ ᠬᠢᠨ᠎ᠡ᠃ ᠮᠡᠳᠡᠭᠡ ᠵᠠᠩᠭᠢ ᠶᠢ ᠪᠠᠶᠢᠴᠠᠭᠠᠨ ᠵᠠᠳᠠᠯᠵᠤ᠂ ᠲᠥᠰᠦᠭᠡᠯᠡᠵᠦ ᠰᠡᠷᠡᠮᠵᠢᠯᠡᠭᠦᠯᠬᠦ ᠪᠠ ᠮᠡᠳᠡᠭᠡ ᠵᠠᠩᠭᠢ ᠪᠠᠷ ᠬᠥᠲᠥᠯᠥᠨ ᠵᠢᠯᠣᠭᠤᠳᠤᠨ᠎ᠠ᠃ ᠮᠢᠬᠠᠨ ᠤ ᠵᠦᠶᠯ ᠵᠡᠷᠭᠡ ᠴᠢᠬᠤᠯᠠ ᠬᠡᠷᠡᠭᠯᠡᠭᠡᠨ ᠤ ᠵᠦᠶᠯ ᠤᠨ ᠨᠥᠭᠡᠴᠡᠯᠡᠯ ᠤᠨ ᠬᠠᠮᠢᠶᠠᠷᠤᠯᠲᠠ ᠪᠣᠯᠤᠨ ᠵᠠᠬ᠎ᠠ ᠳᠡᠯᠭᠡᠭᠦᠷ ᠤᠨ ᠲᠣᠬᠢᠷᠠᠭᠤᠯᠭ᠎ᠠ ᠡᠵᠡᠮᠳᠡᠯ ᠢ ᠬᠠᠷᠢᠭᠤᠴᠠᠨ᠎ᠠ᠃ ᠨᠠᠷᠢᠨ ᠰᠢᠷᠬᠡᠭ ᠤᠨ ᠭᠦᠶᠯᠭᠡᠭᠡ ᠳᠤ ᠬᠠᠤᠯᠢ ᠶᠣᠰᠣᠭᠠᠷ ᠬᠢᠨᠠᠯᠲᠠ ᠬᠠᠮᠢᠶᠠᠷᠤᠯᠲᠠ ᠶᠠᠪᠤᠭᠤᠯᠤᠨ᠎ᠠ᠃ ︵ᠨᠠᠢᠮᠠ︶ ᠮᠠᠨ ᠤ ᠤᠯᠤᠰ ᠤᠨ ᠳᠡᠯᠡᠬᠡᠢ ᠶᠢᠨ ᠠᠷᠠᠯᠵᠢᠶᠠᠨ ᠤ ᠵᠣᠬᠢᠶᠠᠨ ᠪᠠᠶᠢᠭᠤᠯᠤᠯᠲᠠ ᠳᠤ ᠣᠷᠣᠬᠤ ᠬᠠᠮᠢᠶ᠎ᠠ ᠪᠦᠬᠦᠢ ᠲᠥᠷᠥ ᠶᠢᠨ ᠪᠣᠳᠣᠯᠭ᠎ᠠ ᠪᠣᠯᠤᠨ ᠬᠠᠤᠯᠢ ᠴᠠᠭᠠᠵᠠ ᠬᠠᠤᠯᠢ ᠲᠣᠭᠲᠠᠭᠠᠯ ᠢ ᠨᠠᠶᠢᠳᠠᠪᠤᠷᠢᠵᠢᠭᠤᠯᠬᠤ ᠶᠢᠨ ᠬᠠᠮᠲᠤ ᠳᠡᠭᠡᠳᠦ ᠱᠠᠲᠤᠨ ᠤ ᠬᠤᠳᠠᠯᠳᠤᠭᠠᠨ ᠤ ᠶᠠᠪᠤᠳᠠᠯ ᠤᠨ ᠰᠠᠯᠠᠭ᠎ᠠ ᠮᠥᠴᠢᠷ ᠢ ᠬᠠᠮᠵᠢᠨ ᠬᠠᠮᠢᠶ᠎ᠠ ᠪᠦᠬᠦᠢ ᠠᠵᠢᠯ ᠢ ᠥᠷᠨᠢᠭᠦᠯᠦᠨ᠎ᠡ᠃ ᠭᠠᠳᠠᠭᠠᠳᠤ ᠠᠴᠠ ᠣᠷᠣᠭᠤᠯᠵᠤ ᠭᠠᠳᠠᠭᠠᠳᠤ ᠳᠤ ᠭᠠᠷᠭᠠᠬᠤ ᠡᠷᠬᠡ ᠲᠡᠭᠰᠢ ᠠᠷᠠᠯᠵᠢᠶ᠎ᠠ ᠶᠢᠨ ᠬᠠᠮᠢᠶ᠎ᠠ ᠪᠦᠬᠦᠢ ᠠᠵᠢᠯ ᠢ ᠵᠣᠬᠢᠴᠠᠭᠤᠯᠤᠨ ᠵᠢᠯᠣᠭᠤᠳᠤᠨ᠎ᠠ᠃ ︵ᠶᠢᠰᠦ︶ ᠤᠯᠤᠰ᠂ ᠥᠪᠡᠷᠲᠡᠭᠡᠨ ᠵᠠᠰᠠᠬᠤ ᠣᠷᠣᠨ ᠤ ᠭᠠᠳᠠᠭᠠᠳᠤ ᠠᠷᠠᠯᠵᠢᠶᠠᠨ ᠤ ᠬᠥᠭᠵᠢᠯᠲᠡ ᠶᠢ ᠠᠬᠢᠭᠤᠯᠬᠤ ᠲᠥᠷᠥ ᠶᠢᠨ ᠪᠣᠳᠣᠯᠭ᠎ᠠ ᠠᠷᠭ᠎ᠠ ᠬᠡᠮᠵᠢᠶ᠎ᠡ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠤᠨ᠎ᠠ᠃ ᠮᠠᠨ ᠤ ᠬᠤᠲᠠ ᠶᠢᠨ ᠭᠠᠳᠠᠭᠠᠳᠤ ᠠᠷᠠᠯᠵᠢᠶᠠᠨ ᠤ ᠬᠥᠭᠵᠢᠯᠲᠡ ᠶᠢ ᠠᠬᠢᠭᠤᠯᠬᠤ ᠲᠥᠷᠥ ᠶᠢᠨ ᠪᠣᠳᠣᠯᠭ᠎ᠠ ᠠᠷᠭ᠎ᠠ ᠬᠡᠮᠵᠢᠶ᠎ᠡ ᠶᠢ ᠲᠤᠭᠤᠷᠪᠢᠨ ᠪᠢᠴᠢᠬᠦ ᠪᠠ ᠲᠤᠭᠤᠰᠢᠯᠠᠭᠤᠯᠤᠨ ᠬᠡᠷᠡᠭᠵᠢᠭᠦᠯᠬᠦ ᠶᠢ ᠬᠠᠷᠢᠭᠤᠴᠠᠨ᠎ᠠ᠃ ᠮᠠᠨ ᠤ ᠬᠤᠲᠠ ᠶᠢᠨ ᠭᠠᠳᠠᠭᠠᠳᠤ ᠳᠤ ᠭᠠᠷᠭᠠᠬᠤ ᠲᠠᠸᠠᠷ  ᠤᠨ ᠬᠢᠵᠠᠭᠠᠷᠲᠤ ᠲᠤᠭ᠎ᠠ᠂ ᠪᠣᠭᠤᠮᠲᠠ ᠶᠢᠨ ᠭᠠᠶᠢᠯᠢ ᠶᠢᠨ ᠬᠢᠵᠠᠭᠠᠷᠲᠤ ᠲᠤᠭ᠎ᠠ ᠶᠢᠨ ᠠᠵᠢᠯ ᠢ ᠵᠣᠬᠢᠶᠠᠨ ᠪᠠᠶᠢᠭᠤᠯᠤᠨ᠎ᠠ᠃  ᠡᠳ᠋ᠰᠢᠭᠦᠯᠬᠦ ᠠᠷᠠᠯᠵᠢᠶ᠎ᠠ ᠶᠢᠨ ᠬᠠᠮᠢᠶᠠᠷᠤᠯᠲᠠ ᠪᠠ ᠦᠶᠯᠡᠴᠢᠯᠡᠭᠡᠨ ᠤ ᠠᠵᠢᠯ ᠢ ᠬᠠᠷᠢᠭᠤᠴᠠᠨ᠎ᠠ᠃ ᠭᠠᠳᠠᠭᠠᠳᠤ ᠠᠷᠠᠯᠵᠢᠶᠠᠨ ᠤ ᠰᠢᠨ᠎ᠡ ᠡᠵᠡᠩᠨᠡᠯᠲᠡ ᠶᠢᠨ ᠬᠡᠯᠪᠡᠷᠢ ᠶᠢᠨ ᠬᠥᠭᠵᠢᠯᠲᠡ ᠶᠢ ᠲᠦᠯᠬᠢᠨ ᠠᠬᠢᠭᠤᠯᠬᠤ ᠠᠵᠢᠯ ᠢ ᠬᠠᠷᠢᠭᠤᠴᠠᠨ᠎ᠠ᠃ ᠭᠠᠳᠠᠭᠠᠳᠤ ᠠᠷᠠᠯᠵᠢᠶ᠎ᠠ ᠡᠵᠡᠩᠨᠡᠭᠴᠢ ᠶᠢ ᠳᠠᠩᠰᠠᠯᠠᠨ ᠲᠡᠮᠳᠡᠭᠯᠡᠬᠦ ᠠᠵᠢᠯ ᠢ ᠬᠠᠷᠢᠭᠤᠴᠠᠨ᠎ᠠ᠃ ᠭᠠᠳᠠᠭᠠᠳᠤ ᠠᠷᠠᠯᠵᠢᠶᠠᠨ ᠤ ᠭᠠᠳᠠᠭᠠᠳᠤ ᠣᠷᠤᠭᠤᠯᠤᠯᠲᠠ ᠭᠠᠳᠠᠭᠠᠳᠤ ᠭᠠᠷᠭᠠᠯᠲᠠ ᠶᠢ ᠪᠦᠷᠢᠳᠬᠡᠨ ᠵᠠᠳᠠᠯᠬᠤ ᠠᠵᠢᠯ ᠢ ᠬᠠᠷᠢᠭᠤᠴᠠᠨ᠎ᠠ᠃ ︵ᠠᠷᠪᠠ︶ ᠤᠯᠤᠰ ᠪᠠ ᠥᠪᠡᠷᠲᠡᠭᠡᠨ ᠵᠠᠰᠠᠬᠤ ᠣᠷᠣᠨ ᠤ ᠦᠶᠯᠡᠴᠢᠯᠡᠭᠡᠨ ᠤ ᠠᠷᠠᠯᠵᠢᠶ᠎ᠠ ᠶᠢᠨ ᠬᠥᠭᠵᠢᠯᠲᠡ ᠶᠢᠨ ᠲᠥᠯᠥᠪᠵᠢᠭᠦᠯᠭᠡ ᠶᠢ ᠬᠡᠷᠡᠭᠵᠢᠭᠦᠯᠬᠦ ᠶᠢᠨ ᠬᠠᠮᠲᠤ ᠬᠠᠮᠢᠶ᠎ᠠ ᠪᠦᠬᠦᠢ ᠠᠵᠢᠯ ᠢ ᠥᠷᠨᠢᠭᠦᠯᠦᠨ᠎ᠡ᠃ ᠬᠤᠯᠪᠣᠭᠳᠠᠯ ᠪᠦᠬᠦᠢ ᠰᠠᠯᠠᠭ᠎ᠠ ᠮᠥᠴᠢᠷ ᠲᠠᠢ ᠬᠠᠮᠲᠤᠷᠠᠨ ᠤᠯᠤᠰ ᠪᠠ ᠥᠪᠡᠷᠲᠡᠭᠡᠨ ᠵᠠᠰᠠᠬᠤ ᠣᠷᠣᠨ ᠤ ᠦᠶᠯᠡᠴᠢᠯᠡᠭᠡᠨ ᠢ ᠭᠠᠳᠠᠭᠠᠳᠤ ᠳᠤ ᠭᠠᠷᠭᠠᠬᠤ ᠪᠠ ᠦᠶᠯᠡᠴᠢᠯᠡᠭᠡᠨ ᠢ ᠭᠠᠳᠠᠭᠰᠢ ᠳᠠᠭᠠᠭᠠᠴᠢᠯᠠᠭᠤᠯᠬᠤ ᠬᠥᠭᠵᠢᠯᠲᠡ ᠶᠢ ᠠᠬᠢᠭᠤᠯᠬᠤ ᠲᠥᠯᠥᠪᠵᠢᠭᠦᠯᠭᠡ᠂ ᠲᠥᠷᠥ ᠶᠢᠨ ᠪᠣᠳᠣᠯᠭ᠎ᠠ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠬᠤ ᠶᠢᠨ ᠬᠠᠮᠲᠤ ᠵᠣᠬᠢᠶᠠᠨ ᠪᠠᠶᠢᠭᠤᠯᠤᠨ ᠬᠡᠷᠡᠭᠵᠢᠭᠦᠯᠵᠦ᠂ ᠦᠶᠯᠡᠴᠢᠯᠡᠭᠡᠨ ᠢ ᠭᠠᠳᠠᠭᠰᠢ ᠳᠠᠭᠠᠭᠠᠴᠢᠯᠠᠭᠤᠯᠬᠤ ᠲᠠᠪᠴᠠᠩ ᠤᠨ ᠪᠠᠶᠢᠭᠤᠯᠤᠯᠲᠠ ᠶᠢ ᠲᠦᠯᠬᠢᠨ ᠠᠬᠢᠭᠤᠯᠤᠨ᠎ᠠ᠃ ᠪᠥᠬᠦ ᠬᠤᠲᠠ ᠶᠢᠨ ᠬᠤᠷᠠᠯ ᠦᠵᠡᠰᠬᠦᠯᠡᠩ ᠤᠨ ᠦᠶᠯᠡᠰ ᠢ ᠠᠬᠢᠭᠤᠯᠬᠤ ᠪᠠ ᠬᠠᠮᠢᠶᠠᠷᠬᠤ ᠠᠵᠢᠯ ᠢ ᠬᠠᠷᠢᠭᠤᠴᠠᠵᠤ᠂ ᠨᠠᠮ ᠵᠠᠰᠠᠭ ᠤᠨ ᠪᠠᠶᠢᠭᠤᠯᠭ᠎ᠠ ᠶᠢᠨ ᠬᠢᠯᠢ ᠳᠣᠲᠣᠷ᠎ᠠ ᠦᠵᠡᠰᠬᠦᠯᠡᠩ ᠡᠷᠬᠢᠯᠡᠬᠦ ᠠᠵᠢᠯᠯᠠᠭ᠎ᠠ ᠶᠢ ᠬᠠᠮᠢᠶᠠᠷᠤᠨ᠎ᠠ᠃ ︵ᠠᠷᠪᠠᠨ ᠨᠢᠭᠡ︶ ᠮᠠᠨ ᠤ ᠬᠤᠲᠠ ᠶᠢᠨ ᠭᠠᠳᠠᠭᠠᠳᠤ ᠠᠵᠤ ᠠᠬᠤᠢ ᠶᠢᠨ ᠬᠤᠷᠰᠢᠯᠴᠠᠭᠠᠨ ᠤ ᠠᠵᠢᠯ ᠢ ᠬᠠᠷᠢᠭᠤᠴᠠᠵᠤ ᠂ ᠣᠷᠣᠰ᠂ ᠮᠣᠩᠭᠤᠯ ᠤᠯᠤᠰ ᠪᠣᠯᠤᠨ ︽ᠨᠢᠭᠡ ᠪᠦᠰᠡ ᠨᠢᠭᠡ ᠵᠠᠮ︾ ᠳᠠᠭᠠᠤ ᠶᠢᠨ ᠤᠯᠤᠰ ᠯᠤᠭ᠎ᠠ ᠶᠢᠨ ᠠᠵᠤ ᠠᠬᠤᠶ ᠠᠷᠠᠯᠵᠢᠶᠠᠨ ᠤ ᠬᠤᠷᠰᠢᠯᠴᠠᠭ᠎ᠠ ᠶᠢ ᠴᠢᠩᠭᠠᠳᠬᠠᠨ᠎ᠠ᠃ ᠤᠯᠤᠰ ᠤᠨ ᠭᠠᠳᠠᠭᠠᠳᠤ ᠲᠠᠢ ᠠᠵᠤ ᠠᠬᠤᠢ ᠶᠢᠨ ᠲᠠᠯ᠎ᠠ ᠪᠠᠷ ᠬᠠᠮᠲᠤᠷᠠᠨ ᠠᠵᠢᠯᠯᠠᠬᠤ ᠲᠥᠷᠥ ᠶᠢᠨ ᠪᠣᠳᠣᠯᠭ᠎ᠠ ᠶᠢ ᠬᠡᠷᠡᠭᠵᠢᠭᠦᠯᠵᠦ᠂ ᠮᠠᠨ ᠤ ᠬᠤᠲᠠ ᠶᠢᠨ ᠠᠵᠤ ᠠᠬᠤᠶᠢᠯᠠᠯ ᠤᠨ ᠭᠠᠳᠠᠭᠠᠳᠤ ᠳᠤ ᠪᠠᠷᠢᠯᠭ᠎ᠠ ᠳᠠᠭᠠᠭᠠᠴᠢᠯᠠᠬᠤ᠂ ᠭᠠᠳᠠᠭᠰᠢ ᠬᠥᠳᠡᠯᠮᠦᠷᠢ ᠦᠶᠯᠡᠴᠢᠯᠡᠭᠡ ᠲᠣᠮᠢᠯᠠᠬᠤ᠂ ᠬᠢᠯᠢ ᠶᠢᠨ ᠭᠠᠳᠠᠨᠠᠬᠢ ᠡᠬᠢ ᠪᠠᠶᠠᠯᠢᠭ ᠤᠨ ᠲᠠᠯ᠎ᠠ ᠪᠠᠷ ᠬᠠᠮᠲᠤᠷᠠᠨ ᠠᠵᠢᠯᠯᠠᠬᠤ᠂ ᠭᠠᠳᠠᠭᠠᠳᠤ ᠳᠤ ᠪᠡᠯᠡ ᠣᠷᠣᠭᠤᠯᠵᠤ ᠡᠷᠬᠢᠯᠡᠭᠰᠡᠨ ᠠᠵᠤ ᠠᠬᠤᠶᠢᠯᠠᠯ ︵ᠮᠥᠩᠭᠦᠨ ᠭᠦᠶᠯᠭᠡᠭᠡᠨ ᠤ ᠠᠵᠤ ᠠᠬᠤᠶᠢᠯᠠᠯ ᠪᠠᠭᠲᠠᠬᠤ ᠦᠭᠡᠢ︶ ᠤᠨ ᠮᠡᠳᠡᠭᠦᠯᠬᠦ ᠮᠠᠲ᠋ᠧᠷᠢᠶᠠᠯ ᠢ ᠳᠡᠭᠡᠭᠰᠢ ᠮᠡᠳᠡᠭᠦᠯᠦᠨ᠎ᠡ᠃ ︵ᠠᠷᠪᠠᠨ ᠬᠤᠶᠠᠷ︶ ᠤᠯᠤᠰ᠂ ᠥᠪᠡᠷᠲᠡᠭᠡᠨ ᠵᠠᠰᠠᠬᠤ ᠣᠷᠣᠨ ᠤ ᠭᠠᠳᠠᠭᠠᠳᠤ ᠪᠡᠯᠡ ᠶᠢ ᠠᠰᠢᠭᠯᠠᠬᠤ ᠲᠥᠷᠥ ᠶᠢᠨ ᠪᠣᠳᠣᠯᠭ᠎ᠠ ᠶᠢ ᠲᠤᠭᠤᠰᠢᠯᠠᠭᠤᠯᠤᠨ ᠬᠡᠷᠡᠭᠵᠢᠭᠦᠯᠦᠨ᠎ᠡ᠃ ᠪᠦᠬᠦ ᠬᠤᠲᠠ ᠶᠢᠨ ᠭᠠᠳᠠᠭᠠᠳᠤ ᠶᠢᠨ ᠬᠤᠳᠠᠯᠳᠤᠭᠠᠴᠢᠨ ᠤ ᠪᠡᠯᠡ ᠣᠷᠣᠭᠤᠯᠤᠯᠲᠠ ᠶᠢ ᠠᠰᠢᠭᠯᠠᠬᠤ ᠲᠥᠯᠥᠪᠵᠢᠭᠦᠯᠭᠡ᠂ ᠪᠡᠯᠡ ᠣᠷᠣᠭᠤᠯᠤᠯᠲᠠ ᠶᠢ ᠠᠬᠢᠭᠤᠯᠬᠤ ᠪᠠ ᠬᠠᠮᠢᠶᠠᠷᠬᠤ ᠠᠵᠢᠯ ᠢ ᠬᠠᠷᠢᠭᠤᠴᠠᠨ᠎ᠠ᠃ ᠭᠠᠳᠠᠭᠠᠳᠤ ᠶᠢᠨ ᠬᠤᠳᠠᠯᠳᠤᠭᠠᠴᠢᠨ ᠤ ᠪᠡᠯᠡ ᠣᠷᠣᠭᠤᠯᠤᠯᠲᠠ ᠶᠢ ᠬᠠᠤᠯᠢ ᠶᠣᠰᠣᠭᠠᠷ ᠬᠠᠮᠢᠶᠠᠷᠴᠤ᠂ ᠭᠠᠳᠠᠭᠠᠳᠤ ᠪᠡᠯᠡ ᠶᠢᠨ ᠠᠵᠤ ᠠᠬᠤᠶᠢᠯᠠᠯ ᠢ ᠪᠠᠶᠢᠭᠤᠯᠬᠤ᠂ ᠬᠤᠪᠢᠷᠠᠭᠤᠯᠬᠤ ᠶᠠᠪᠤᠳᠠᠯ ᠢ ᠬᠠᠤᠯᠢ ᠶᠣᠰᠣᠭᠠᠷ ᠳᠠᠩᠰᠠᠯᠠᠭᠤᠯᠤᠨ᠎ᠠ᠃ ᠭᠠᠳᠠᠭᠠᠳᠤ ᠶᠢᠨ ᠬᠤᠳᠠᠯᠳᠤᠭᠠᠴᠢᠨ ᠤ ᠪᠡᠯᠡ ᠣᠷᠣᠭᠤᠯᠬᠤ ᠵᠦᠶᠯᠡᠰ ᠤᠨ ᠬᠤᠳᠠᠯᠳᠤᠭᠠᠴᠢᠨ ᠤᠷᠢᠵᠤ ᠪᠡᠯᠡ ᠣᠷᠣᠭᠤᠯᠬᠤ ᠠᠵᠢᠯ ᠢ ᠬᠠᠷᠢᠭᠤᠴᠠᠨ᠎ᠠ᠃ ᠭᠠᠳᠠᠭᠠᠳᠤ ᠶᠢᠨ ᠬᠤᠳᠠᠯᠳᠤᠭᠠᠴᠢᠨ ᠤ ᠪᠡᠯᠡ ᠣᠷᠣᠭᠤᠯᠤᠭᠰᠠᠨ ᠠᠵᠤ ᠠᠬᠤᠶᠢᠯᠠᠯ ᠪᠣᠯᠤᠨ ᠭᠠᠳᠠᠭᠠᠳᠤ ᠪᠡᠯᠡ ᠶᠢ ᠪᠣᠳᠠᠲᠠᠶ ᠠᠰᠢᠭᠯᠠᠭᠰᠠᠨ ᠪᠡᠯᠡ ᠮᠥᠩᠭᠦ ᠶᠢ ᠪᠦᠷᠢᠳᠬᠡᠨ ᠵᠠᠳᠠᠯᠬᠤ ᠠᠵᠢᠯ ᠢ ᠬᠠᠷᠢᠭᠤᠴᠠᠨ᠎ᠠ᠃ ︵ᠠᠷᠪᠠᠨ ᠭᠤᠷᠪᠠ︶ ᠬᠠᠭᠤᠴᠢᠷᠠᠭᠰᠠᠨ ᠮᠠᠰᠢᠨ ᠲᠡᠷᠭᠡ ᠶᠢ ᠬᠡᠷᠡᠭᠯᠡᠭᠡᠨ ᠠᠴᠠ ᠭᠠᠷᠭᠠᠬᠤ ᠡᠭᠡᠭᠦᠯᠦᠨ ᠬᠤᠷᠢᠶᠠᠬᠤ ᠵᠠᠳᠠᠯᠬᠤ ᠵᠡᠷᠭᠡ ᠭᠦᠶᠯᠭᠡᠭᠡᠨ ᠤ ᠠᠵᠢᠯ ᠲᠥᠷᠥᠯ ᠤᠨ ᠠᠮᠢ ᠠᠬᠤᠢ ᠶᠢᠨ ᠣᠷᠴᠢᠨ ᠲᠣᠭᠤᠷᠢᠨ ᠤ ᠬᠢᠨᠠᠯᠲᠠ ᠬᠠᠮᠢᠶᠠᠷᠤᠯᠲᠠ ᠶᠢ ᠬᠠᠷᠢᠭᠤᠴᠠᠨ᠎ᠠ᠃ ᠬᠤᠳᠠᠯᠳᠤᠭ᠎ᠠ ᠠᠷᠠᠯᠵᠢᠶᠠᠨ ᠤ ᠦᠶᠯᠡᠴᠢᠯᠡᠭᠡᠨ ᠤ ᠦᠶᠯᠡᠰ ︵ᠢᠳᠡᠭᠡᠨ ᠤᠮᠳᠠᠭᠠᠨ ᠤ ᠦᠶᠯᠡᠰ᠂ ᠬᠤᠨᠤᠭ ᠪᠠᠭᠤᠳᠠᠯ ᠤᠨ ᠦᠶᠯᠡᠰ ᠪᠠᠭᠲᠠᠨ᠎ᠠ︶ ᠤᠨ ᠠᠶᠤᠯᠭᠦᠶ ᠦᠶᠯᠡᠳᠪᠦᠷᠢᠯᠡᠯ ᠤᠨ ᠬᠠᠮᠢᠶᠠᠷᠤᠯᠲᠠ ᠶᠢ ᠬᠠᠷᠢᠭᠤᠴᠠᠨ᠎ᠠ︔ ᠬᠤᠳᠠᠯᠳᠤᠭᠠᠨ ᠤ ᠲᠠᠯᠠᠪᠤᠷ ︵ᠬᠡᠲᠦ ᠳᠡᠯᠭᠡᠭᠦᠷ︶᠂ ᠪᠥᠭᠡᠮ ᠢᠶᠠᠷ ᠬᠤᠳᠠᠯᠳᠤᠬᠤ ᠵᠠᠬ᠎ᠠ ᠳᠡᠯᠭᠡᠭᠦᠷ ᠪᠠ ᠢᠳᠡᠭᠡᠨ ᠤᠮᠳᠠᠭᠠᠨ ᠤ ᠬᠤᠨᠤᠭ ᠪᠠᠭᠤᠳᠠᠯ ᠤᠨ ᠲᠠᠯᠠᠪᠤᠷ ︵ᠣᠳᠣᠨ ᠲᠡᠰ ᠤᠨ ᠪᠠᠭᠤᠳᠠᠯ ᠪᠠᠭᠲᠠᠬᠤ ᠥᠬᠡᠶ︶ ᠵᠡᠷᠭᠡ ᠠᠶᠤᠯ ᠥᠬᠡᠶ ᠦᠶᠯᠡᠳᠪᠦᠷᠢᠯᠡᠯ ᠤᠨ ᠠᠵᠢᠯ ᠢ ᠰᠢᠮᠳᠠᠭᠤᠯᠤᠨ ᠵᠢᠯᠣᠭᠤᠳᠴᠤ᠂ ᠬᠠᠤᠯᠢ ᠶᠣᠰᠣᠭᠠᠷ ᠬᠢᠨᠠᠯᠲᠠ ᠲᠠᠯᠪᠢᠵᠤ ᠪᠠᠶᠢᠴᠠᠭᠠᠬᠤ ᠶᠢ ᠥᠷᠨᠢᠭᠦᠯᠦᠨ᠎ᠡ︔ ᠳᠣᠲᠣᠭᠠᠳᠤ ᠶᠢ ᠬᠠᠮᠠᠭᠠᠯᠠᠬᠤ ᠭᠠᠯ ᠤᠨᠲᠠᠷᠠᠭᠠᠬᠤ ᠵᠡᠷᠭᠡ ᠰᠠᠯᠠᠭ᠎ᠠ ᠮᠥᠴᠢᠷ ᠯᠦᠭᠡ ᠬᠠᠮᠵᠢᠯᠴᠠᠨ ᠬᠤᠳᠠᠯᠳᠤᠭᠠᠨ ᠤ ᠲᠠᠯᠠᠪᠤᠷ ︵ᠬᠡᠲᠦ ᠳᠡᠯᠭᠡᠭᠦᠷ︶᠂ ᠪᠥᠭᠡᠮ ᠢᠶᠠᠷ ᠬᠤᠳᠠᠯᠳᠤᠬᠤ ᠵᠠᠬ᠎ᠠ ᠳᠡᠯᠭᠡᠭᠦᠷ ᠪᠠ ᠢᠳᠡᠭᠡᠨ ᠤᠮᠳᠠᠭᠠᠨ ᠬᠤᠨᠤᠭ ᠪᠠᠭᠤᠳᠠᠯ ᠤᠨ ᠭᠠᠵᠠᠷ ᠲᠠᠯᠠᠪᠤᠷ ︵ᠣᠳᠣᠨ ᠲᠡᠰ ᠤᠨ ᠪᠠᠭᠤᠳᠠᠯ ᠪᠠᠭᠲᠠᠬᠤ ᠥᠬᠡᠶ︶ ᠵᠡᠷᠭᠡ ᠬᠥᠮᠦᠨ ᠣᠯᠠᠨ ᠴᠤᠭᠯᠠᠷᠠᠬᠤ ᠭᠠᠵᠠᠷ ᠲᠠᠯᠠᠪᠤᠷ ᠤᠨ ᠠᠮᠤᠷ ᠲᠦᠪᠰᠢᠨ ᠤ ᠳᠠᠯᠳᠠ ᠬᠡᠮ ᠢ ᠵᠢᠭᠰᠠᠭᠠᠨ ᠪᠠᠶᠢᠴᠠᠭᠠᠵᠤ ᠴᠡᠭᠴᠡᠯᠡᠨ ᠵᠠᠰᠠᠬᠤ ᠠᠵᠢᠯ ᠢ ᠴᠢᠩᠭᠠᠳᠬᠠᠨ᠎ᠠ︔ ᠬᠤᠯᠪᠣᠭᠳᠠᠯ ᠪᠦᠬᠦᠢ ᠰᠠᠯᠠᠭ᠎ᠠ ᠮᠥᠴᠢᠷ ᠲᠠᠢ ᠬᠠᠮᠵᠢᠯᠴᠠᠨ ᠡᠵᠡᠩᠨᠡᠯᠲᠡ ᠶᠢᠨ ᠠᠵᠢᠯᠯᠠᠭ᠎ᠠ ᠶᠢᠨ ᠠᠶᠤᠯᠭᠦᠶ ᠶᠢᠨ ᠬᠢᠨᠠᠯᠲᠠ ᠬᠠᠮᠢᠶᠠᠷᠤᠯᠲᠠ ᠶᠢᠨ ᠠᠵᠢᠯ ᠢ ᠰᠠᠶᠢᠲᠤᠷ ᠬᠢᠨ᠎ᠡ︔ ᠬᠠᠮᠢᠶ᠎ᠠ ᠪᠦᠬᠦᠢ ᠰᠠᠯᠠᠭ᠎ᠠ ᠮᠥᠴᠢᠷ ᠲᠠᠢ ᠬᠠᠮᠵᠢᠯᠴᠠᠨ ᠪᠠᠷᠠᠭ᠎ᠠ ᠭᠦᠶᠯᠭᠡᠭᠡᠨ ᠤ ᠠᠵᠤ ᠦᠶᠯᠡᠰ᠂ ᠪᠠᠷᠠᠭ᠎ᠠ ᠭᠦᠶᠯᠭᠡᠭᠡᠨ ᠤ ᠬᠦᠷᠢᠶᠡᠯᠡᠩ ᠲᠣᠭᠤᠷᠢᠭ᠂ ᠲᠣᠮᠣ ᠬᠡᠯᠪᠡᠷᠢ ᠶᠢᠨ ᠬᠤᠳᠠᠯᠳᠤᠭᠠᠨ ᠤ ᠶᠠᠪᠤᠳᠠᠯ ᠤᠨ ᠠᠵᠢᠯᠯᠠᠭ᠎ᠠ ᠶᠢᠨ ᠠᠶᠤᠯ ᠥᠬᠡᠶ ᠦᠶᠯᠡᠳᠪᠦᠷᠢᠯᠡᠯ ᠤᠨ ᠠᠵᠢᠯ ᠢ ᠰᠢᠮᠳᠠᠭᠤᠯᠤᠨ ᠪᠠᠶᠢᠴᠠᠭᠠᠨ᠎ᠠ︔ ᠠᠵᠢᠯ ᠲᠥᠷᠥᠯ᠂ ᠠᠵᠢᠯ ᠮᠡᠷᠭᠡᠵᠢᠯ ᠤᠨ ᠡᠷᠡᠭᠦᠯ ᠮᠡᠨᠳᠦ ᠶᠢᠨ ᠬᠢᠨᠠᠯᠲᠠ ᠬᠠᠮᠢᠶᠠᠷᠤᠯᠲᠠ ᠶᠢ ᠬᠠᠷᠢᠭᠤᠴᠠᠨ᠎ᠠ︔ ᠬᠠᠤᠯᠢ ᠴᠠᠭᠠᠵᠠ᠂ ᠬᠠᠤᠯᠢ ᠲᠣᠭᠲᠠᠭᠠᠯ ᠪᠠ ᠳᠦᠷᠢᠮ ᠲᠣᠭᠲᠠᠭᠠᠯ ᠳᠤ ᠲᠣᠭᠲᠠᠭᠠᠭᠰᠠᠨ ᠠᠶᠤᠯ ᠦᠭᠡᠢ ᠦᠶᠯᠡᠳᠪᠦᠷᠢᠯᠡᠯ ᠤᠨ ᠪᠤᠰᠤᠳ ᠡᠭᠦᠷᠭᠡ ᠬᠠᠷᠢᠭᠤᠴᠠᠯᠭ᠎ᠠ ᠶᠢ ᠡᠭᠦᠷᠭᠡᠯᠡᠨ᠎ᠡ᠃ ︵ᠠᠷᠪᠠᠨ ᠳᠥᠷᠪᠡ︶ ᠣᠯᠠᠨ ᠤᠯᠤᠰ ᠤᠨ ᠠᠷᠠᠯᠵᠢᠶ᠎ᠠ ᠶᠢ ᠠᠬᠢᠭᠤᠯᠬᠤ ᠵᠢᠴᠢ ᠪᠣᠭᠤᠮᠲᠠ ᠶᠢᠨ ᠬᠠᠮᠢᠶᠠᠷᠤᠯᠲᠠ ᠶᠢᠨ ᠬᠤᠯᠪᠣᠭᠳᠠᠯ ᠪᠦᠬᠦᠢ ᠠᠵᠢᠯ ᠢ ᠥᠷᠨᠢᠭᠦᠯᠦᠨ᠎ᠡ᠃ ︵ᠠᠷᠪᠠᠨ ᠲᠠᠪᠤ︶ ᠬᠤᠲᠠ ᠶᠢᠨ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠲᠤᠰᠢᠶᠠᠭᠰᠠᠨ ᠪᠤᠰᠤᠳ ᠡᠭᠦᠷᠭᠡ ᠶᠢ ᠪᠡᠶᠡᠯᠡᠭᠦᠯᠦᠨ᠎ᠡ᠃ ᠪᠠᠶᠢᠭᠤᠯᠭ᠎ᠠ ᠶᠢᠨ ᠤᠲᠠᠰᠤ᠄ 0474 — 8183032 ᠬᠠᠶ᠋ᠢᠭ᠄ ᠤᠯᠠᠭᠠᠨᠴᠠᠪ ᠬᠤᠲᠠ ᠶᠢᠨ ᠵᠢᠨᠢᠩ ᠤᠨ ᠰᠢᠨ᠎ᠡ ᠲᠣᠭᠤᠷᠢᠭ ᠤᠨ ᠷᠠᠳᠢᠣ᠋ ᠲᠧᠯᠸᠢᠰ ᠤᠨ ᠲᠣᠮᠣ ᠠᠰᠠᠷ ᠤᠨ 11 — 12 ᠳ᠋ᠤᠭᠠᠷ ᠳᠠᠪᠬᠤᠷᠭ᠎ᠠ ᠨᠢᠭᠡᠴᠢ ᠶᠢᠨ ᠢᠮᠧᠯ᠄ wlcbsswj@163.com                                                                                                          ᠣᠷᠴᠢᠭᠤᠯᠤᠭᠴᠢ᠄ ᠭᠤᠸ᠎ᠠ                                                          ᠬᠢᠨᠠᠭᠴᠢ᠄ ᠭᠡᠷᠡᠯᠲᠦ
 
ᠢᠷᠡᠯᠲᠡ᠄ ᠤᠯᠠᠭᠠᠨᠴᠠᠪ ᠬᠤᠳᠠ ᠶᠢᠨ ᠠᠷᠠᠳ ᠤᠨ ᠵᠠᠰᠠᠭ ᠤᠨ ᠤᠷᠳᠤᠨ ᠤ ᠬᠢᠳᠠᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2