ᠴᠠᠭ᠄ 2019 ᠤᠨ ᠤ 1 ᠰᠠᠷ᠎ᠠ ᠶᠢᠨ 23 ᠤ ᠡᠳᠦᠷ ᠤᠨ 10 ᠴᠠᠭ ᠲᠤ | | ᠰᠤᠷᠪᠤᠯᠵᠢᠯᠠᠭ᠎ᠠ ᠬᠦᠯᠢᠶᠡᠭᠴᠢ᠄ ᠵᠢᠨᠢᠩ ᠲᠤᠭᠤᠷᠢᠭ ᠤᠨ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠵᠠᠰᠠᠭ | ᠤᠨ ᠤᠷᠳᠤᠨ ᠤ ᠳᠡᠳ᠋ ᠲᠤᠭᠤᠷᠢᠭ ᠤᠨ ᠳᠠᠷᠤᠭ᠎ᠠ ᠰᠢᠤᠸᠠᠢ ᠹᠧᠩ ᠴᠢᠩ | | | | | | ᠰᠤᠷᠪᠤᠯᠵᠢᠯᠠᠭᠴᠢ᠄ ᠡᠯ᠎ᠡ ᠰᠦᠯᠵᠢᠶᠠᠨ ᠤ ᠨᠠᠶᠢᠵᠠ ᠤᠯᠠᠨ ᠢᠶᠠᠷ ᠢᠶᠠᠨ ᠰᠠᠶᠢᠨ ᠪᠠᠶᠢᠨᠨᠦ᠂ ᠰᠢ ᠶᠢᠨ ᠫᠢᠩ | ᠶᠡᠷᠦᠩᠬᠡᠢ ᠱᠦᠵᠢ ᠶᠢᠨ ᠳᠤᠷᠠᠳᠤᠭᠰᠠᠨ ︽ᠭᠤᠷᠪᠠᠨ ᠳ᠋ᠦᠩᠰᠢᠭᠤᠷ ᠬᠦᠮᠦᠨ ᠮᠦᠰᠦ ᠴᠠᠰᠤᠨ ᠤ ᠬᠦᠳᠡᠯᠭᠡᠭᠡᠨ ᠳᠤ | ᠤᠷᠤᠯᠴᠠᠬᠤ︾ ᠠᠤᠭ᠎ᠠ ᠶᠡᠭᠡ ᠬᠠᠷᠠᠯᠲᠠ ᠶᠢ ᠪᠦᠬᠦ ᠲᠠᠯ᠎ᠠ ᠪᠠᠷ ᠭᠦᠨᠵᠡᠭᠡᠢ ᠲᠤᠭᠤᠰᠢᠯᠠᠭᠤᠯᠤᠨ ᠨᠠᠶᠢᠳᠠᠪᠦᠷᠢᠵᠢᠭᠤᠯᠬᠤ | ᠶᠢᠨ ᠲᠤᠰᠠᠳᠠ᠂ ᠲᠤᠤᠷ᠎ᠠ ᠵᠢᠨᠢᠩ ᠲᠤᠭᠤᠷᠢᠭ ᠤᠨ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠵᠠᠰᠠᠭ ᠤᠨ | ᠤᠷᠳᠤᠨ ᠤ ᠳᠡᠳ᠋ ᠲᠤᠭᠤᠷᠢᠭ ᠤᠨ ᠳᠠᠷᠤᠭ᠎ᠠ ᠰᠢᠤᠸᠠᠢ ᠹᠧᠩ ᠴᠢᠩ ᠢ ᠤᠷᠢᠵᠦ ᠤᠯᠠᠨ ᠪᠦᠬᠦᠨ ᠳᠤ ᠵᠢᠨᠢᠩ | ᠲᠤᠭᠤᠷᠢᠭ ᠤᠨ ᠮᠦᠰᠦ ᠴᠠᠰᠤᠨ ᠤ ᠵᠢᠭᠤᠯᠴᠢᠯᠠᠯ ᠤᠨ ᠠᠵᠤ ᠦᠢᠯᠡᠰ ᠤᠨ ᠬᠦᠭᠵᠢᠯᠲᠡ ᠶᠢᠨ ᠪᠠᠶᠢᠳᠠᠯ ᠵᠢᠴᠢ | ᠴᠠᠰᠤᠨ ᠳᠤ ᠭᠤᠯᠭᠤᠬᠤ ᠲᠠᠯᠠᠪᠤᠷ ᠤᠨ ᠬᠠᠷᠠᠯᠲᠠ ᠶᠢ ᠲᠠᠨᠢᠯᠴᠠᠭᠤᠯᠤᠶ᠎ᠠ᠃ | ᠰᠤᠷᠪᠤᠯᠵᠢᠯᠠᠭᠴᠢ᠄ ᠰᠢᠤᠸᠠᠢ ᠲᠤᠭᠤᠷᠢᠭ ᠤᠨ ᠳᠠᠷᠤᠭ᠎ᠠ ᠲᠠ ᠰᠠᠶᠢᠨ ᠪᠠᠶᠢᠨᠠᠦ᠂ ᠤᠯᠠᠭᠠᠨᠴᠠᠪ ᠬᠤᠲᠠ ᠶᠢᠨ | ᠵᠠᠰᠠᠭ ᠤᠨ ᠰᠦᠯᠵᠢᠶᠡᠨ ᠳᠤ ᠵᠤᠴᠢᠨ ᠪᠤᠯᠵᠤ ᠰᠠᠭᠠᠳᠠᠭᠰᠠᠨ ᠳᠤ ᠴᠢᠨᠢ ᠪᠠᠶᠠᠷᠯᠠᠨ ᠤᠭᠲᠤᠵᠤ ᠪᠠᠶᠢᠨ᠎ᠠ᠃ | ᠰᠢᠤᠸᠠᠢ ᠹᠧᠩ ᠴᠢᠩ᠄ ᠬᠦᠲᠦᠯᠦᠭᠴᠢ᠂ ᠰᠦᠯᠵᠢᠶᠠᠨ ᠳᠡᠭᠡᠷᠡᠬᠢ ᠰᠦᠯᠵᠢᠶᠡᠨ ᠤ ᠨᠠᠶᠢᠵᠠ ᠨᠠᠷ ᠮᠢᠨᠢ ᠤᠯᠠᠨ | ᠢᠶᠠᠷ ᠢᠶᠠᠨ ᠰᠠᠶᠢᠨ ᠪᠠᠶᠢᠵᠠᠭᠠᠨ᠎ᠠ ᠦᠦ︕ ᠵᠢᠨᠢᠩ ᠲᠤᠭᠤᠷᠢᠭ ᠤᠨ ᠵᠢᠭᠤᠯᠴᠢᠯᠠᠯ ᠤᠨ ᠬᠦᠭᠵᠢᠯᠲᠠ ᠶᠢᠨ ᠠᠯᠭᠤᠷ | ᠪᠠᠶᠢᠳᠠᠯ ᠳᠤ ᠴᠢᠭᠯᠡᠭᠦᠯᠦᠨ᠂ ᠬᠦᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠲᠠᠢ | ᠤᠶᠠᠯᠳᠤᠭᠤᠯᠵᠤ᠂ ᠪᠦᠬᠦ ᠤᠷᠤᠨ ᠤ ᠡᠯᠪᠡᠭ ᠳᠡᠯᠪᠡᠭ ᠪᠠᠶᠢᠭᠠᠯᠢ ᠶᠢᠨ ᠡᠬᠢ ᠪᠠᠶᠠᠯᠢᠭ ᠲᠤ ᠲᠦᠰᠢᠭᠯᠡᠵᠦ᠂ ᠦᠨᠦ ᠵᠢᠯ | ᠤᠯᠠᠭᠠᠨᠴᠠᠪ ᠤᠨ ᠶᠡᠭᠡ ᠲᠠᠯ᠎ᠠ ᠨᠤᠲᠤᠭ ᠤᠨ ᠶᠡᠷᠦᠩᠬᠡᠢ ᠵᠢᠭᠤᠯᠴᠢᠯᠠᠯ ᠤᠨ ᠲᠦᠷᠦᠯ ᠵᠦᠢᠯ ᠢ ᠡᠬᠢᠯᠡᠭᠦᠯᠦᠨ | ᠶᠠᠪᠤᠭᠳᠠᠭᠤᠯᠵᠦ᠂ ᠶᠡᠷᠦᠩᠬᠡᠢ ᠪᠡᠯᠡ ᠤᠷᠤᠭᠤᠯᠤᠯᠲᠠ 10 ᠳ᠋ᠦᠩᠰᠢᠭᠤᠷ ᠲᠦᠭᠦᠷᠢᠭ᠂ ᠲᠦᠯᠦᠪᠵᠢᠭᠦᠯᠭᠡ ᠶᠢᠨ | ᠲᠠᠯᠠᠪᠠᠢ 200 ᠲᠡᠭᠰᠢ ᠳᠦᠷᠪᠡᠯᠵᠢᠨ ᠺᠢᠯᠤᠮᠧᠲᠷ᠂ ᠤᠤᠯ ᠤᠨ ᠲᠠᠯ᠎ᠠ ᠨᠤᠲᠤᠭ ᠤᠨ ᠰᠠᠭᠤᠷᠢᠨ ᠳᠡᠭᠡᠷ᠎ᠡ ᠠᠮᠢ | ᠠᠬᠤᠢ ᠶᠢ ᠰᠡᠷᠭᠦᠭᠡᠵᠦ᠂ ᠲᠠᠷᠢᠶᠠᠯᠠᠬᠤ ᠪᠠᠨ ᠵᠤᠭᠰᠤᠵᠦ ᠪᠡᠯᠴᠢᠭᠡᠷᠰᠢᠬᠦᠯᠬᠦ ᠶᠢ ᠴᠠᠭᠠᠵᠠᠯᠠᠵᠦ᠂ ᠪᠡᠯᠴᠢᠭᠡᠷᠰᠢᠬᠦᠯᠬᠦ ᠶᠢ | ᠪᠦᠬᠦ ᠲᠠᠯ᠎ᠠ ᠪᠠᠷ ᠶᠠᠪᠤᠭᠳᠠᠭᠤᠯᠬᠤ ᠤᠯᠠᠭᠠᠨᠴᠠᠪ ᠤᠨ ᠶᠡᠭᠡ ᠲᠠᠯ᠎ᠠ ᠨᠤᠲᠤᠭ ᠢ ᠤᠰᠤ ᠪᠡᠯᠴᠢᠭᠡᠷ ᠭᠤᠶᠤ ᠰᠠᠬᠤᠯᠠᠭ᠂ | ᠠᠮᠢ ᠠᠬᠤᠢ ᠲᠡᠩᠴᠡᠭᠦᠷᠢᠲᠠᠢ᠂ ᠦᠪᠡᠷᠮᠢᠴᠡ ᠤᠨᠴᠠᠯᠢᠭ ᠲᠠᠢ ᠦᠨᠳᠦᠷᠯᠢᠭ ᠤᠨ ᠲᠠᠯ᠎ᠠ ᠨᠤᠲᠤᠭ ᠤᠨ ᠦᠵᠡᠮᠵᠢ ᠶᠢᠨ | ᠤᠷᠤᠨ ᠪᠤᠯᠭᠠᠨ ᠪᠦᠲᠦᠭᠡᠨ ᠪᠠᠶᠢᠭᠤᠯᠪᠠ᠃ ᠡᠭᠦᠨ ᠤ ᠳᠠᠭᠠᠤ᠂ ᠲᠠᠯ᠎ᠠ ᠨᠤᠲᠤᠭ ᠤᠨ ᠢᠵᠢ ᠪᠦᠷᠢᠳᠦᠭᠰᠡᠨ | ᠦᠢᠯᠡᠴᠢᠯᠡᠭᠡᠨ ᠤ ᠴᠢᠳᠠᠮᠵᠢ ᠶᠢ ᠪᠦᠷᠢᠨᠰᠢᠭᠦᠯᠬᠦ ᠶᠢᠨ ᠲᠤᠰᠠᠳᠠ᠂ 50 ᠲᠡᠭᠰᠢ ᠳᠦᠷᠪᠡᠯᠵᠢᠨ ᠺᠢᠯᠤᠮᠧᠲᠷ ᠤᠨ | ᠶᠡᠷᠦᠩᠬᠡᠢ ᠵᠢᠭᠤᠯᠴᠢᠯᠠᠯ ᠤᠨ ᠦᠢᠯᠡᠴᠢᠯᠡᠭᠡᠨ ᠤ ᠲᠤᠭᠤᠷᠢᠭ ᠢ ᠲᠦᠯᠦᠪᠵᠢᠭᠦᠯᠵᠦ᠂ ᠭᠤᠤᠯᠳᠠᠭᠤ ᠰᠤᠶᠤᠯ᠂ | ᠰᠡᠯᠡᠭᠦᠴᠡᠯ ᠤᠨ ᠲᠠᠷᠢᠶᠠᠯᠠᠩ᠂ ᠠᠷᠠᠳ ᠤᠨ ᠵᠠᠩ ᠦᠢᠯᠡ᠂ ᠴᠠᠰᠤ ᠮᠦᠰᠦᠨ ᠤ ᠬᠦᠳᠡᠯᠭᠡᠭᠡᠨ ᠢᠶᠠᠷ ᠭᠤᠤᠯᠳᠠᠭᠤᠯᠵᠤ | ᠂ ᠠᠮᠢ ᠠᠬᠤᠢ ᠪᠠᠷ ᠭᠤᠶᠢᠳᠠ ᠰᠠᠶᠢᠬᠠᠨ᠂ ᠰᠠᠭᠤᠬᠤ ᠵᠤᠭᠠᠴᠠᠬᠤ ᠳᠤ ᠲᠤᠬᠢᠷᠠᠮᠵᠢᠲᠠᠢ᠂ ᠠᠭᠤᠯᠭ᠎ᠠ ᠪᠠᠷ ᠤᠯᠠᠨ | ᠶᠠᠩᠵᠤ ᠶᠢᠨ ᠲᠠᠲᠠᠯᠲᠠ ᠬᠦᠴᠦ ᠪᠠᠷ ᠴᠢᠩᠭ᠎ᠠ ᠲᠤᠮᠤ ᠮᠠᠶ᠋ᠢᠭ ᠤᠨ ᠶᠡᠷᠦᠩᠬᠡᠢ ᠵᠢᠭᠤᠯᠴᠢᠯᠠᠯ ᠤᠨ ᠲᠤᠭᠤᠷᠢᠭ ᠢ | ᠭᠤᠤᠯᠳᠠᠯᠭ᠎ᠠ ᠲᠠᠢ ᠪᠠᠶᠢᠭᠤᠯᠤᠨ᠎ᠠ᠃ ᠡᠭᠦᠨ ᠤ ᠳᠠᠭᠠᠤ᠂ ᠮᠠᠨ ᠤ ᠤᠷᠤᠨ ᠰᠢ ᠶᠢᠨ ᠫᠢᠩ ᠶᠡᠷᠦᠩᠬᠡᠢ ᠱᠦᠵᠢ ᠶᠢᠨ | ᠳᠤᠷᠠᠳᠤᠭᠰᠠᠨ ︽ᠭᠤᠷᠪᠠᠨ ᠳ᠋ᠦᠩᠰᠢᠭᠤᠷ ᠬᠦᠮᠦᠨ ᠮᠦᠰᠦ ᠴᠠᠰᠤᠨ ᠤ ᠬᠦᠳᠡᠯᠭᠡᠭᠡᠨ ᠳᠤ ᠤᠷᠤᠯᠴᠠᠬᠤ︾ | ᠤᠷᠢᠶᠠᠯᠠᠭ᠎ᠠ ᠶᠢ ᠴᠤᠤᠷᠢᠶᠠᠳᠤᠨ ᠳᠠᠭᠠᠵᠤ᠂ 2018 ᠤᠨ ᠤ 9 ᠰᠠᠷ᠎ᠠ ᠶᠢᠨ 15 ᠤ ᠡᠳᠦᠷ ᠳ᠋ᠠ ᠾᠧ ᠸᠠᠨ ᠤ | ᠤᠯᠠᠨ ᠤᠯᠤᠰ ᠤᠨ ᠴᠠᠰᠤᠨ ᠳᠤ ᠭᠤᠯᠭᠤᠬᠤ ᠲᠠᠯᠠᠪᠤᠷ ᠤᠨ ᠪᠦᠲᠦᠭᠡᠨ ᠪᠠᠶᠢᠭᠤᠯᠤᠯᠲᠠ ᠶᠢ ᠡᠬᠢᠯᠡᠭᠦᠯᠦᠨ | ᠶᠠᠪᠤᠭᠳᠠᠭᠤᠯᠵᠤ᠂ 12 ᠰᠠᠷ᠎ᠠ ᠶᠢᠨ 8 ᠤ ᠡᠳᠦᠷ ᠡᠬᠢᠯᠡᠨ ᠠᠰᠢᠭᠯᠠᠯᠲᠠ ᠳᠤ ᠤᠷᠤᠭᠤᠯᠵᠤ ᠡᠷᠭᠢᠯᠳᠦᠭᠦᠯᠵᠦ᠂ | ᠴᠠᠰᠤᠨ ᠳᠤ ᠭᠤᠯᠭᠤᠬᠤ ᠲᠠᠯᠠᠪᠤᠷ ᠨᠢ ᠤᠬᠤᠷᠬᠠᠨ12 ᠰᠠᠷ᠎ᠠ ᠭᠠᠷᠤᠢ ᠶᠢᠨ ᠴᠠᠭ ᠳᠤᠲᠤᠷ᠎ᠠ ᠪᠦᠲᠦᠭᠡᠨ | ᠪᠠᠶᠢᠭᠤᠯᠤᠭᠳᠠᠨ ᠡᠷᠭᠢᠯᠲᠡ ᠳᠤ ᠤᠷᠤᠭᠰᠠᠨ ᠨᠢ᠂ ᠮᠠᠨ ᠤ ᠲᠤᠭᠤᠷᠢᠭ ᠤᠨ ᠨᠢᠭᠲᠠᠷᠠᠯ ᠤᠨ ᠬᠦᠴᠦ ᠪᠠ ᠳᠠᠶᠢᠴᠢᠨ | ᠬᠦᠴᠦᠨ ᠢ ᠭᠦᠢᠴᠡᠳ ᠢᠯᠡᠷᠡᠭᠦᠯᠵᠦ᠂ ᠪᠠᠰᠠ ᠵᠢᠨᠢᠩ ᠲᠤᠭᠤᠷᠢᠭ ᠤᠨ ᠵᠢᠭᠤᠯᠴᠢᠯᠠᠯ ᠤᠨ ᠦᠢᠯᠡᠰ ᠤᠨ ᠲᠤᠮᠤ | ᠲᠦᠯᠦᠪ ᠪᠠᠶᠢᠳᠠᠯ ᠳᠤ ᠦᠩᠭᠡ ᠪᠤᠳᠤᠭ ᠨᠡᠮᠡᠭᠰᠡᠨ ᠪᠠᠶᠢᠨ᠎ᠠ᠃ ᠬᠤᠶᠢᠲᠤᠨ ᠵᠢᠯ᠂ ᠮᠠᠨ ᠤ ᠲᠤᠭᠤᠷᠢᠭ ᠪᠠᠰᠠ ᠴᠠᠭᠠᠨ | ᠠᠶᠢᠯ᠂ ᠪᠠᠶᠢᠰᠢᠩᠲᠦ ᠶᠢᠨ ᠭᠤᠤ᠂ ᠰᠡᠭᠦᠵᠢ ᠶᠢᠨ ᠪᠤᠯᠤᠩ ᠵᠡᠷᠭᠡ 10 ᠭᠠᠷᠤᠢ ᠤᠨᠴᠠᠯᠢᠭᠲᠦ ᠵᠢᠵᠢᠭ ᠪᠠᠯᠭᠠᠰᠤ | ᠤᠨᠴᠠᠯᠢᠭᠲᠦ ᠲᠤᠰᠬᠤᠨ ᠢ ᠪᠠᠶᠢᠭᠤᠯᠵᠤ᠂ ᠤᠯᠠᠭᠠᠨᠴᠠᠪ ᠤᠨ ᠶᠡᠭᠡ ᠲᠠᠯ᠎ᠠ ᠨᠤᠲᠤᠭ ᠤᠨ ᠵᠢᠭᠤᠯᠴᠢᠯᠠᠯ ᠤᠨ | ᠦᠢᠯᠡᠴᠢᠯᠡᠭᠡᠨ ᠤ ᠡᠬᠢ ᠪᠠᠶᠠᠯᠢᠭ ᠢ ᠤᠯᠠᠮ ᠪᠠᠶᠠᠯᠢᠭᠵᠢᠭᠤᠯᠤᠨ᠎ᠠ᠃ | ᠰᠤᠷᠪᠤᠯᠵᠢᠯᠠᠭᠴᠢ᠄ ᠳ᠋ᠠ ᠾᠧ ᠸᠠᠨ ᠤ ᠤᠯᠠᠨ ᠤᠯᠤᠰ ᠤᠨ ᠴᠠᠰᠤᠨ ᠳᠤ ᠭᠤᠯᠭᠤᠬᠤ ᠲᠠᠯᠠᠪᠤᠷ ᠪᠠ ᠴᠠᠭᠠᠨ | ᠠᠶᠢᠯ ᠴᠠᠰᠤᠨ ᠳᠤ ᠭᠤᠯᠭᠤᠬᠤ ᠲᠠᠯᠠᠪᠤᠷ ᠤᠨ ᠦᠢᠯᠡᠴᠢᠯᠡᠭᠡᠨ ᠤ ᠢᠵᠢ ᠪᠦᠷᠢᠢᠳᠦᠭᠰᠡᠨ ᠲᠦᠬᠦᠭᠡᠷᠤᠮᠵᠢ ᠶᠢ | ᠲᠠᠨᠢᠯᠴᠠᠭᠤᠯᠵᠤ ᠦᠭᠬᠦ ᠪᠤᠯᠪᠠᠤ᠃ | ᠰᠢᠤᠸᠠᠢ ᠹᠧᠩ ᠴᠢᠩ᠄ ᠨᠢᠭᠡ᠂ ᠳ᠋ᠠ ᠾᠧ ᠸᠠᠨ ᠤ ᠤᠯᠠᠨ ᠤᠯᠤᠰ ᠤᠨ ᠴᠠᠰᠤᠨ ᠳᠤ ᠭᠤᠯᠭᠤᠬᠤ ᠲᠠᠯᠠᠪᠤᠷ | ᠨᠢ ᠵᠢᠨᠢᠩ ᠲᠤᠭᠤᠷᠢᠭ ᠤᠨ ᠮᠠ ᠯᠢᠶᠠᠨ ᠴᠢᠥᠢ ᠰᠢᠶᠠᠩ ᠤᠨ ᠱᠢ ᠵᠢᠶᠠ ᠲᠤᠰᠬᠤᠨ ᠪᠠ ᠪᠠᠢ ᠬᠠᠢ ᠽᠢ ᠪᠠᠯᠭᠠᠰᠤᠨ ᠤ | ᠳ᠋ᠠ ᠾᠧ ᠸᠠᠨ ᠲᠤᠰᠬᠤᠨ ᠤ ᠬᠤᠭᠤᠷᠤᠨᠳᠦ ᠪᠠᠶᠢᠷᠢᠯᠠᠵᠤ᠂ ᠵᠢᠭᠤᠯᠴᠢᠯᠠᠯ ᠢ ᠬᠦᠭᠵᠢᠬᠦᠯᠬᠦ᠂ ᠬᠦᠳᠡᠭᠡ ᠲᠤᠰᠬᠤᠨ ᠢ | ᠮᠠᠨᠳᠤᠭᠤᠯᠬᠤ ᠪᠠᠷ ᠭᠤᠤᠯ ᠪᠤᠯᠭᠠᠭᠰᠠᠨ ᠤᠯᠠᠭᠠᠨᠴᠠᠪ ᠤᠨ ᠪᠦᠬᠦ ᠤᠯᠠᠷᠢᠯ ᠤᠨ ᠵᠢᠭᠤᠯᠴᠢᠯᠠᠯ ᠢ ᠪᠤᠢ ᠪᠤᠯᠭᠠᠬᠤ ᠪᠠᠷ | ᠬᠠᠷᠠᠯᠲᠠ ᠪᠤᠯᠭᠠᠭᠰᠠᠨ ᠴᠠᠰᠤᠨ ᠳᠤ ᠭᠤᠯᠭᠤᠬᠤ ᠠᠮᠠᠷᠠᠯᠲᠠ ᠪᠠᠨ ᠦᠩᠭᠡᠷᠡᠭᠦᠯᠬᠦ᠂ ᠰᠡᠯᠡᠭᠦᠴᠡᠯ ᠤᠨ ᠬᠦᠳᠡᠯᠭᠡᠭᠡᠨ᠂ | ᠠᠮᠢ ᠠᠬᠤᠢ ᠶᠢᠨ ᠵᠤᠭᠠᠴᠠᠯ᠂ ᠭᠡᠷᠲᠦ ᠲᠡᠷᠭᠡ ᠪᠠᠷ ᠬᠡᠭᠡᠷᠡᠯᠡᠨ ᠬᠤᠨᠤᠭᠯᠠᠬᠤ ᠶᠢ ᠪᠦᠬᠦ ᠬᠦᠴᠦᠨ ᠢ ᠪᠠᠶᠢᠭᠤᠯᠬᠤ ᠪᠠᠷ | ᠭᠤᠤᠯᠯᠠᠭᠤᠯᠤᠭᠰᠠᠨ ᠶᠡᠷᠦᠩᠬᠡᠶᠢᠯᠡᠭᠰᠡᠨ ᠴᠢᠨᠠᠷ ᠪᠦᠬᠦᠢ ᠠᠮᠠᠷᠠᠨ ᠵᠤᠭᠠᠴᠠᠬᠤ ᠶᠢᠨ ᠦᠵᠡᠮᠵᠢ ᠶᠢᠨ ᠤᠷᠤᠨ ᠮᠦᠨ᠃ | ᠴᠠᠰᠤᠨ ᠳᠤ ᠭᠤᠯᠭᠤᠬᠤ ᠲᠠᠯᠠᠪᠤᠷ ᠤᠨ ᠪᠦᠲᠦᠭᠡᠨ ᠪᠠᠶᠢᠭᠤᠯᠤᠯᠲᠠ ᠶᠢᠨ ᠠᠭᠤᠯᠭ᠎ᠠ ᠳᠤ ᠴᠠᠰᠤᠨ ᠳᠤ ᠭᠤᠯᠭᠤᠬᠤ | ᠲᠠᠯᠠᠪᠤᠷ ᠤᠨ ᠶᠡᠷᠦᠩᠬᠡᠢ ᠦᠢᠯᠡᠴᠢᠯᠠᠭᠡᠨ ᠤ ᠲᠤᠮᠤ ᠲᠢᠩᠬᠢᠮ 7700 ᠭᠠᠷᠤᠢ ᠴᠠᠭᠠᠨ ᠠᠶᠢᠯ ᠴᠠᠰᠤᠨ ᠳᠤ | ᠭᠤᠯᠭᠤᠬᠤ ᠲᠠᠯᠠᠪᠤᠷ ᠲᠡᠭᠰᠢ ᠳᠦᠷᠪᠡᠯᠵᠢᠨ ᠮᠧᠲᠷ᠂ ᠦᠨᠳᠦᠷᠯᠢᠭ ᠤᠨ ᠤᠯᠠᠨ ᠨᠡᠶᠢᠲᠠ ᠶᠢᠨ ᠴᠠᠰᠤᠨ ᠳᠤ | ᠭᠤᠯᠭᠤᠬᠤ ᠱᠤᠭᠤᠮ 23 ᠲᠦᠮᠡᠨ ᠲᠡᠭᠰᠢ ᠳᠦᠷᠪᠡᠯᠵᠢᠨ ᠮᠧᠲᠷ᠂ ᠲᠠᠩ ᠬᠠᠪᠳᠠᠰᠤᠲᠦ ᠴᠡᠴᠡᠷᠯᠢᠭ 2 | ᠲᠦᠮᠡᠨᠲ᠋ᠡᠭᠰᠢ ᠳᠦᠷᠪᠡᠯᠵᠢᠨ ᠮᠧᠲᠷ᠂ ᠪᠡᠶᠡᠴᠢᠯᠡᠭᠰᠠᠨ ᠮᠠᠶ᠋ᠢᠭ ᠤᠨ ᠴᠠᠰᠤᠨ ᠳᠤ ᠲᠤᠭᠯᠠᠬᠤ ᠴᠡᠩᠭᠡᠯᠢᠭ ᠢ ᠲᠦᠮᠡᠨ | ᠲᠡᠭᠰᠢ ᠳᠦᠷᠪᠡᠯᠵᠢᠨ ᠮᠧᠲᠷ᠂ ᠦᠵᠡᠮᠦᠷᠢ ᠶᠢᠨ ᠤᠰᠤᠨ ᠤ ᠲᠠᠳᠠᠭᠠᠯ 1.5 ᠲᠦᠮᠡᠨ ᠲᠡᠭᠰᠢ ᠳᠦᠷᠪᠡᠯᠵᠢᠨ ᠮᠧᠲᠷ ︵ | ᠬᠤᠷᠠᠭᠰᠠᠨ ᠤᠰᠤᠨ ᠤ ᠬᠡᠮᠵᠢᠶ᠎ᠡ 5 ᠲᠦᠮᠡᠨ ᠳᠡᠭᠰᠢ ᠲᠦᠷᠪᠡᠯᠵᠢᠨ ᠮᠧᠲᠷ ᠬᠢᠷᠢᠲᠠᠢ︶ ᠲᠡᠷᠭᠡᠨ ᠵᠤᠭᠰᠤᠭᠠᠯ 3 | ᠲᠦᠡᠮᠨ ᠲᠡᠭᠰᠢ ᠳᠦᠷᠪᠡᠯᠵᠢᠨ ᠮᠧᠲᠷ ᠵᠡᠷᠭᠡ ᠪᠠᠭᠲᠠᠨ᠎ᠠ᠃ ᠲᠦᠷᠦᠯ ᠵᠦᠢᠯ ᠤᠨ ᠲᠤᠭᠤᠷᠢᠭ ᠲᠤᠳᠤᠷ᠎ᠠ ᠬᠤᠤᠰ | ᠬᠦᠮᠦᠨ ᠤ ᠡᠯᠭᠡᠭᠦᠷ ᠰᠠᠨᠳᠠᠯᠢ ᠶᠢᠨ ᠳᠡᠭᠦᠵᠢᠩ ᠵᠠᠮ 2 ᠵᠤᠷᠪᠤᠰ ᠪᠠᠶᠢᠭᠤᠯᠵᠤ᠂ ᠴᠠᠬᠢᠯᠭᠠᠨ ᠬᠦᠳᠡᠯᠭᠡᠭᠦᠷᠲᠦ | ᠳᠠᠮᠵᠢᠭᠤᠯᠬᠤ ᠪᠦᠰᠡ4 ᠵᠤᠷᠪᠤᠰ᠂ ᠢᠲ᠋ᠠᠯᠢ ᠠᠴᠠ ᠤᠷᠤᠭᠤᠯᠤᠭᠰᠠᠨ ᠵᠤᠬᠢᠶᠠᠮᠠᠯ ᠴᠠᠰᠤᠨ ᠤ ᠮᠠᠰᠢᠨ 2᠂ ᠴᠠᠰᠤ | ᠲᠤᠭᠤᠯᠬᠤ ᠮᠤᠲ᠋ᠤᠷ 2 ᠵᠢᠴᠢ ᠢᠲ᠋ᠠᠯᠢ ᠠᠴᠠ ᠤᠷᠤᠭᠤᠯᠤᠭᠰᠠᠨ ᠴᠠᠰᠤ ᠳᠠᠷᠤᠰᠢᠭᠤᠯᠬᠤ ᠲᠡᠷᠭᠡ ᠪᠠᠶᠢᠵᠤ ᠲᠡᠷᠢᠭᠦᠨ ᠤ | ᠡᠯᠧᠺᠲᠷᠤᠨ ᠰᠦᠢᠳᠭᠡᠯ ᠬᠤᠷᠢᠶᠠᠬᠤ ᠬᠠᠮᠢᠶᠠᠷᠤᠯᠲᠠ ᠶᠢᠨ ᠰᠢᠰᠲ᠋ᠧᠮ ᠢ ᠲᠤᠬᠢᠷᠠᠭᠤᠯᠵᠤ᠂ ᠴᠠᠰᠤᠨ ᠤ ᠪᠠᠭᠠᠵᠢ | ᠬᠡᠷᠡᠭᠰᠡᠯ 2650 ᠢᠵᠢ ᠲᠤᠬᠢᠷᠠᠭᠤᠯᠵᠠᠢ᠃ ᠴᠠᠰᠤᠨ ᠤ ᠲᠤᠭᠯᠠᠭᠠᠮ ᠤᠨ ᠲᠤᠭᠤᠷᠢᠭ ᠲᠤ ᠴᠠᠰᠣ ᠲᠤᠭᠤᠯᠬᠤ | ᠮᠤᠲ᠋ᠤᠷ᠂ ᠴᠠᠰᠤᠨ ᠴᠢᠷᠭ᠎ᠠ ᠵᠡᠷᠭᠡ ᠠᠷᠪᠠ ᠭᠠᠷᠤᠢ ᠲᠦᠷᠦᠯ ᠤᠨ ᠴᠠᠰᠤ ᠮᠦᠰᠤᠨ ᠤ ᠲᠤᠭᠯᠠᠭᠠᠮ ᠤᠨ ᠲᠦᠷᠦᠯ | ᠵᠦᠢᠯ ᠪᠤᠢ᠃ ᠢᠳᠡᠬᠦ᠂ ᠰᠠᠭᠤᠬᠤ᠂ ᠲᠤᠭᠯᠠᠬᠤ ᠪᠠᠷ ᠨᠢᠭᠡ ᠴᠤᠭᠴᠠ ᠪᠤᠯᠭᠠᠭᠰᠠᠨ ᠲᠦᠯᠦᠪᠵᠢᠬᠦᠯᠬᠡ ᠵᠢᠷᠤᠭ | ᠲᠦᠯᠦᠪᠡᠯᠭᠡ ᠨᠢ ᠴᠠᠰᠤᠨ ᠳᠤ ᠭᠤᠯᠭᠤᠬᠤ ᠪᠠᠭ᠋ᠠᠲᠤᠨ ᠪᠠ ᠵᠤᠭᠠᠴᠠᠭᠰᠠᠳ ᠤᠨ ᠭᠤᠶᠢᠳᠠ ᠰᠠᠶᠢᠬᠠᠨ ᠪᠡᠶᠡᠴᠢᠯᠡᠨ | ᠨᠠᠭᠠᠳᠬᠤ ᠶᠢ ᠠᠪᠴᠢᠷᠠᠭᠰᠠᠨ ᠪᠠᠶᠢᠨ᠎ᠠ᠃ | ᠬᠤᠶᠠᠷ᠄ ᠵᠢᠨᠢᠩ ᠲᠤᠭᠤᠷᠢᠭ ᠤᠨ ᠴᠠᠭᠠᠨ ᠠᠶᠢᠯ ᠤᠨ ᠴᠠᠰᠤᠨ ᠳᠤ ᠭᠤᠯᠭᠤᠬᠤ ᠲᠠᠯᠠᠪᠤᠷ ᠨᠢ ᠤᠯᠠᠭᠠᠨᠴᠠᠪ | ᠬᠤᠲᠠ ᠶᠢᠨ ᠮᠠ ᠯᠢᠶᠠᠨ ᠴᠢᠥᠢ ᠰᠢᠶᠠᠩ ᠤᠨ ᠬᠤᠪᠢ ᠶᠢᠨ ᠨᠢᠰᠭᠡᠯ ᠤᠨ ᠪᠠᠭᠤᠳᠠᠯ ᠶᠢᠨ ᠬᠤᠶᠢᠨ᠎ᠠ ᠪᠠᠶᠢᠷᠢᠯᠠᠵᠤ᠂ | ᠡᠵᠡᠯᠡᠭᠰᠡᠨ ᠭᠠᠵᠠᠷ ᠶᠢᠨ ᠲᠠᠯᠠᠪᠠᠢ 995 ᠮᠦ ᠵᠢᠯ ᠤᠨ ᠬᠦᠯᠢᠶᠠᠨ ᠠᠪᠬᠤ ᠴᠢᠳᠠᠪᠤᠷᠢ 30 ᠲᠦᠮᠡᠨ ᠬᠦᠮᠦᠨ | ᠤᠳᠠᠭ᠎ᠠ᠂ 7000 ᠲᠡᠭᠰᠢ ᠳᠦᠷᠪᠡᠯᠵᠢᠨ ᠮᠧᠲᠷ ᠲᠡᠷᠭᠡᠨ ᠵᠤᠭᠰᠤᠭᠠᠯ ᠲᠠᠢ᠂ 1800 ᠪᠠᠶᠢᠷᠢ ᠲᠠᠢ᠃ ᠴᠠᠭᠠᠨ | ᠠᠶᠢᠯ ᠤᠨ ᠴᠠᠰᠤᠨ ᠳᠤ ᠭᠤᠯᠭᠤᠬᠤ ᠲᠠᠯᠠᠪᠤᠷ ᠶᠢᠨ ᠪᠠᠶᠢᠷᠢᠰᠢᠯ ᠤᠨ ᠳᠠᠪᠠᠭᠤᠯᠢᠭ ᠲᠠᠯ᠎ᠠ ᠪᠠᠷ ᠰᠢᠯᠢᠳᠡᠭ᠂ ᠴᠠᠰᠤᠨ ᠤ | ᠴᠢᠨᠡᠷ ᠰᠠᠶᠢᠨ᠂ ᠦᠩᠭᠡ ᠦᠵᠡᠮᠵᠢ ᠰᠦᠷᠯᠢᠭ ᠭᠤᠶᠤ᠂ ᠠᠭᠤᠷ ᠠᠮᠢᠰᠬᠤᠯ ᠲᠤᠬᠢᠯᠢᠭ᠃ ︽ᠤᠯᠠᠭᠠᠨᠴᠠᠪ ᠳ᠋ᠠᠲ᠋ᠦᠩ | ᠴᠢᠭᠤᠯᠤᠯᠳᠤ ᠬᠠᠭᠠᠯᠭ᠎ᠠ︾ ᠶᠢᠨ ᠠᠯᠲᠠᠨ ᠭᠤᠷᠪᠠᠯᠵᠢᠨ ᠤ ᠤᠷᠤᠨ ᠳᠤ ᠪᠠᠶᠢᠷᠢᠯᠡᠵᠦ᠂ ᠳ᠋ᠠᠲ᠋ᠦ᠋ᠩ ᠠᠴᠠ 116 | ᠺᠢᠯᠤᠮᠧᠲᠷ ᠵᠠᠶᠢᠲᠠᠢ ᠴᠢᠭᠤᠯᠤᠯᠲᠦ ᠬᠠᠭᠠᠯᠭ᠎ᠠ ᠠᠴᠠ 152 ᠺᠢᠯᠤᠮᠧᠲᠷ ᠵᠠᠶᠢᠲᠠᠢ᠂ ᠪᠡᠭᠡᠵᠢᠩ ᠠᠴᠠ 350 | ᠺᠢᠯᠤᠮᠧᠲᠷ ᠵᠠᠶᠢᠲᠠᠢ᠂ ᠬᠤᠷᠳᠤᠨ ᠤ ᠲᠡᠮᠦᠷ ᠵᠠᠮ ᠤᠨ ᠭᠠᠯᠲᠦ ᠲᠡᠷᠭᠡ ᠪᠡᠭᠡᠵᠢᠩ ᠳᠤ ᠬᠦᠷᠬᠦ ᠳᠤ ᠵᠦᠪᠬᠡᠨ 70 | ᠮᠢᠨᠦ᠋ᠲ ᠬᠡᠷᠡᠭᠰᠡᠵᠦ᠂ ᠤᠷᠤᠨ ᠤ ᠲᠦᠪ ᠬᠦᠬᠡᠬᠤᠲᠠ ᠬᠦᠷᠬᠦ ᠳᠤ ᠵᠦᠪᠬᠡᠨ 39 ᠮᠢᠨᠦ᠋ᠲ ᠬᠡᠷᠡᠭᠰᠡᠨ᠎ᠡ᠃ ᠴᠠᠰᠤᠨ | ᠳᠤ ᠭᠤᠯᠭᠤᠬᠤ ᠠᠮᠠᠷᠠᠯᠲᠠ ᠵᠤᠭᠠᠴᠠᠯ᠂ ᠰᠡᠯᠡᠭᠦᠴᠡᠯ ᠤᠨ ᠬᠦᠳᠡᠯᠭᠡᠭᠡᠨ᠂ ᠲᠡᠷᠭᠡ ᠵᠢᠯᠤᠭᠤᠳᠴᠦ ᠵᠤᠭᠠᠴᠠᠬᠤ ᠭᠡᠷ | ᠪᠦᠯᠢ ᠶᠢᠨ ᠵᠤᠭᠤᠯᠴᠢᠯᠠᠯ᠂ ᠵᠠᠩ ᠦᠢᠯᠡ ᠶᠢᠨ ᠪᠡᠶᠡᠴᠢᠯᠡᠯ᠂ ᠪᠤᠬᠢᠷᠳᠠᠯ ᠦᠭᠡᠢ ᠦᠢᠯᠡᠳᠪᠦᠷᠢᠯᠡᠯ᠂ ᠲᠠᠯ᠎ᠠ ᠨᠤᠲᠤᠭ | ᠤᠨ ᠦᠵᠡᠮᠦᠷᠢ ᠪᠠᠷ ᠭᠤᠤᠯᠯᠠᠭᠤᠯᠤᠭᠰᠠᠨ ᠶᠡᠷᠦᠩᠬᠡᠶᠢᠯᠡᠭᠰᠡᠨ ᠴᠢᠨᠠᠷ ᠪᠦᠬᠦᠢ ᠳᠦᠷᠪᠡᠨ ᠤᠯᠠᠷᠢᠯ ᠤᠨ ᠵᠤᠭᠠᠴᠠᠬᠤ | ᠠᠮᠠᠷᠠᠬᠤ ᠭᠠᠵᠠᠷ ᠶᠤᠮ᠃ ᠴᠠᠭᠠᠨ ᠠᠶᠢᠯ ᠤᠨ ᠴᠠᠰᠤᠨ ᠳᠤ ᠭᠤᠯᠭᠤᠬᠤ ᠲᠠᠯᠠᠪᠤᠷ ᠲᠤ ᠠᠳᠠᠯᠢ ᠪᠤᠰᠤ ᠬᠦᠲᠦᠯ ᠤᠨ | 6 ᠴᠠᠰᠤᠨ ᠵᠠᠮ ᠲᠠᠢ᠂ ᠤᠯᠤᠰ ᠤᠨ ᠲᠤᠳᠤᠭᠠᠲᠤ ᠶᠢᠨ ᠲᠡᠷᠢᠭᠦᠨ ᠤ ᠴᠠᠰᠤ ᠵᠤᠬᠢᠶᠠᠬᠤ ᠲᠦᠭᠦᠬᠡᠷᠤᠮᠵᠢ ᠶᠢ | ᠤᠷᠤᠭᠤᠯᠪᠠ᠃ ᠴᠠᠰᠤᠨ ᠤ ᠲᠤᠭᠯᠠᠭᠠᠮ ᠤᠨ ᠲᠤᠭᠤᠷᠢᠭ ᠤᠨ ᠭᠠᠵᠠᠷ ᠡᠵᠡᠯᠡᠭᠰᠡᠨ ᠲᠠᠯᠠᠪᠠᠢ 17083 ᠲᠦᠮᠡᠨ | ᠲᠡᠭᠰᠢ ᠳᠦᠷᠪᠡᠯᠵᠢᠨ ᠮᠧᠲᠷ᠃ ᠨᠠᠭᠠᠳᠤᠮ ᠳᠤᠭᠯᠠᠭᠠᠮ ᠤᠨ ᠲᠦᠬᠦᠭᠡᠷᠦᠮᠵᠢ ᠪᠠᠷ ᠡᠯᠪᠡᠭ ᠪᠠᠶᠠᠯᠢᠭ ᠤᠯᠠᠨ ᠶᠠᠩᠵᠤ᠄ | ᠬᠦᠴᠦᠷᠭᠡᠭ ᠲᠤᠮᠤ ᠲᠤᠰᠬᠠᠢ ᠳᠠᠰᠬᠠᠯᠵᠢᠭᠤᠯᠤᠭᠴᠢ ᠶᠢᠨ ᠡᠩᠨᠡᠭᠡ ᠨᠢ ᠦᠷᠭᠡᠨ ᠤᠯᠠᠨ ᠵᠤᠭᠠᠴᠠᠭᠴᠢ ᠳᠤ ᠪᠡᠶ᠎ᠡ ᠳᠤ | ᠨᠢ ᠲᠤᠬᠢᠷᠠᠭᠤᠯᠤᠨ ᠬᠦᠮᠦᠡᠯᠢᠭ ᠰᠢᠯᠵᠢᠬᠦᠯᠦᠭᠰᠡᠨ ᠵᠢᠭᠠᠨ ᠰᠤᠷᠭᠠᠯᠳᠠ ᠶᠢᠨ ᠦᠢᠯᠡᠴᠢᠯᠡᠭᠡ ᠬᠠᠩᠭᠠᠵᠤ᠂ ᠴᠠᠰᠤᠨ ᠳᠤ | ᠭᠤᠯᠭᠤᠬᠤ ᠳᠠᠯᠠᠪᠤᠷ ᠤᠨ ᠳᠤᠳᠤᠷ᠎ᠠ᠂ ᠬᠠᠯᠠᠭᠤᠨ ᠤᠮᠳᠠᠭᠠᠨ ᠬᠤᠭᠤᠯᠠᠨ ᠳᠢᠩᠬᠢᠮ ᠵᠡᠷᠭᠡ ᠦᠢᠯᠡᠴᠢᠯᠡᠭᠡᠨ ᠤ | ᠲᠦᠬᠦᠭᠡᠷᠦᠮᠵᠢ ᠪᠠᠷ ᠪᠦᠷᠢᠨ ᠳᠦᠬᠦᠷ᠃ | ᠰᠤᠷᠪᠤᠯᠵᠢᠯᠠᠭᠴᠢ᠄ ᠦᠪᠡᠷᠳᠡᠭᠡᠨ ᠵᠠᠰᠠᠬᠤ ᠤᠷᠤᠨ ᠤ ᠵᠠᠭᠤᠨ ᠲᠦᠮᠡᠨ ᠵᠠᠯᠠᠭᠤᠴᠤᠳ ᠪᠠᠭᠠᠴᠤᠳ ᠴᠠᠰᠤ | ᠮᠦᠰᠦᠨ ᠤ ᠬᠦᠯᠳᠡᠭᠡᠭᠡᠨ ᠳᠤ ᠤᠷᠤᠯᠴᠠᠬᠤ ᠱᠠᠭᠠᠷᠳᠠᠯᠭ᠎ᠠ ᠶᠢ ᠨᠠᠶᠢᠳᠠᠪᠤᠷᠢᠵᠢᠭᠤᠯᠬᠤ ᠳᠠᠭᠠᠨ᠂ ᠵᠢᠨᠢᠩ ᠲᠤᠭᠤᠷᠢᠭ | ᠶᠠᠮᠠᠷ ᠲᠦᠰᠦᠯ ᠤᠳ ᠢ ᠳᠤᠭᠳᠠᠭᠠᠵᠤ᠂ ᠵᠠᠯᠠᠭᠤᠴᠤᠳ ᠪᠠᠭᠠᠴᠤᠳ ᠤᠨ ᠴᠠᠰᠤ ᠮᠦᠰᠦᠨ ᠤ ᠬᠦᠳᠡᠯᠭᠡᠭᠡᠨ ᠳᠤ | ᠤᠷᠤᠯᠴᠠᠬᠤ ᠶᠢ ᠬᠡᠷᠬᠢᠨ ᠦᠷᠨᠢᠬᠦᠯᠬᠦ ᠪᠤᠢ︖ | ᠰᠢᠤᠸᠠᠢ ᠹᠧᠩ ᠴᠢᠩ᠄ ᠦᠪᠡᠷᠳᠡᠭᠡᠨ ᠵᠠᠰᠠᠬᠤ ᠤᠷᠤᠨ ᠤ ᠵᠠᠭᠤᠨ ᠲᠦᠮᠡᠨ ᠵᠠᠯᠠᠭᠤᠴᠤᠳ ᠪᠠᠭᠠᠴᠤᠳ | ᠴᠠᠰᠤ ᠮᠦᠰᠦᠨ ᠤ ᠬᠦᠳᠡᠯᠭᠡᠭᠡᠨ ᠳᠤ ᠤᠷᠤᠯᠴᠠᠬᠤ ᠠᠵᠢᠯᠯᠠᠭ᠎ᠠ ᠶᠢᠨ ᠱᠠᠭᠠᠷᠳᠠᠯᠭ᠎ᠠ ᠶᠢ ᠨᠠᠶᠢᠳᠠᠪᠤᠷᠢᠵᠢᠭᠤᠯᠬᠤ ᠶᠢᠨ | ᠲᠤᠰᠠᠳᠠ᠂ ᠵᠢᠨᠢᠩ ᠲᠤᠭᠤᠷᠢᠭ ᠤᠨ ᠵᠠᠰᠠᠭ ᠤᠨ ᠤᠷᠳᠤᠨ ︽ᠵᠢᠨᠢᠩ ᠲᠤᠭᠤᠷᠢᠭ ᠤᠨ ᠳᠤᠮᠳᠠᠳᠤ ᠪᠠᠭ᠎ᠠ | ᠰᠤᠷᠭᠠᠭᠤᠯᠢ ᠶᠢᠨ ᠴᠠᠰᠤ ᠮᠦᠰᠦᠨ ᠤ ᠬᠦᠳᠡᠯᠭᠡᠭᠡᠨ ᠳᠤ ᠤᠷᠤᠯᠴᠠᠬᠤ︾ ᠲᠦᠰᠦᠯ ᠢ ᠲᠤᠭᠳᠠᠭᠠᠵᠠᠢ᠃ ︽ᠭᠤᠷᠪᠠᠨ | ᠳ᠋ᠦᠩᠰᠢᠭᠤᠷ ᠬᠦᠮᠦᠨ ᠴᠠᠰᠤ ᠮᠦᠰᠦᠨ ᠳᠤ ᠭᠠᠷᠬᠤ ᠬᠦᠳᠡᠯᠭᠡᠭᠡᠨ︾ ᠪᠣᠯ ᠨᠢᠭᠡᠨ ᠰᠤᠷᠭᠠᠨ ᠬᠦᠮᠦᠵᠢᠯ ᠤᠨ | ᠬᠠᠷᠠᠯᠳᠠ ᠮᠥᠨ᠂ ᠪᠡᠶ᠎ᠡ ᠶᠢᠨ ᠳᠠᠮᠢᠷ ᠤᠨ ᠬᠦᠳᠡᠯᠭᠡᠭᠡᠨ ᠪᠠ ᠰᠤᠶᠤᠯ ᠰᠤᠷᠭᠠᠨ ᠬᠦᠮᠦᠵᠢᠯ ᠢ ᠠᠭᠤᠰᠤᠯᠴᠠᠭᠤᠯᠤᠨ | ᠨᠢᠭᠡ ᠴᠤᠭᠴᠠ ᠪᠤᠯᠭᠠᠵᠤ᠂ ᠤᠯᠢᠮᠫᠢᠺ ᠤᠨ ᠬᠦᠳᠡᠯᠭᠡᠭᠡᠨ ᠤ ᠬᠦᠮᠦᠵᠢᠯ ᠤᠨ ᠮᠥᠨ ᠴᠢᠨᠠᠷ ᠢ ᠳᠤᠳᠤᠷᠠᠭᠤᠯᠤᠨᠠ᠃ | ᠴᠠᠰᠤ ᠮᠦᠰᠦᠨ ᠤ ᠬᠦᠳᠡᠯᠭᠡᠭᠡᠨ ᠢ ᠰᠤᠷᠭᠠᠨ ᠬᠦᠮᠦᠵᠢᠯ ᠠᠴᠠ ᠡᠬᠢᠯᠡᠵᠦ ᠠᠳᠬᠤᠵᠤ᠂ ᠰᠤᠷᠭᠠᠭᠤᠯᠢ ᠳᠤ ᠴᠠᠰᠤ | ᠮᠦᠰᠦᠨ ᠤ ᠬᠢᠴᠢᠶᠡᠯ ᠭᠠᠷᠭᠠᠵᠤ᠂ ᠰᠢᠯᠢᠳᠡᠭ ᠪᠠᠭᠰᠢ ᠪᠠ ᠳᠠᠰᠬᠠᠯᠵᠢᠭᠤᠯᠤᠭᠴᠢ ᠪᠠᠷ ᠬᠦᠳᠡᠯᠭᠡᠭᠡᠨ ᠤ ᠰᠤᠶᠤᠯ ᠪᠠ | ᠮᠡᠳᠡᠯᠭᠡ ᠶᠢ ᠲᠦᠭᠡᠮᠡᠯᠵᠢᠬᠦᠯᠵᠦ᠂ ᠴᠠᠰᠤ ᠮᠦᠰᠦᠨ ᠤ ᠬᠦᠳᠡᠯᠭᠡᠭᠡᠨ ᠤ ᠲᠤᠬᠠᠢ ᠰᠤᠷᠤᠭᠴᠢᠳ ᠤᠨ ᠤᠷᠮ᠎ᠠ ᠪᠠᠬ᠎ᠠ | ᠪᠠ ᠳᠤᠷ᠎ᠠ ᠰᠤᠨᠢᠷᠬᠠᠯ ᠢ ᠨᠢ ᠳᠠᠳᠠᠵᠤ᠂ ᠰᠤᠷᠤᠭᠴᠢᠳ ᠤᠨ ᠴᠠᠰᠤ ᠮᠦᠰᠦᠨ ᠤ ᠬᠦᠳᠡᠯᠭᠡᠭᠡᠨ ᠤ ᠢᠳᠡᠪᠬᠢᠵᠢᠯ ᠢ ᠨᠢ | ᠳᠡᠭᠡᠭᠰᠢᠯᠡᠬᠦᠯᠵᠦ᠂ ᠰᠤᠷᠤᠭᠴᠢ ᠶᠢᠨ ᠪᠡᠶ᠎ᠡ ᠮᠠᠬᠠᠪᠤᠳ ᠢ ᠴᠢᠬᠢᠷᠠᠭᠵᠢᠭᠤᠯᠵᠤ᠂ ᠰᠤᠷᠤᠭᠴᠢ ᠶᠢ ᠪᠦᠬᠦ ᠳᠠᠯ᠎ᠠ ᠪᠠᠷ | ᠬᠦᠭᠵᠢᠬᠦᠯᠦᠨ᠎ᠡ᠃ | ᠰᠤᠷᠪᠤᠯᠵᠢᠯᠠᠭᠴᠢ᠄ ᠤᠶᠢᠯᠠᠭᠠᠭᠰᠠᠨ ᠢᠶᠠᠷ ᠬᠤᠳᠠ ᠶᠢᠨ ᠠᠷᠠᠳ ᠤᠨ ᠴᠠᠰᠤᠨ ᠮᠦᠰᠦᠨ ᠤ ᠦᠵᠡᠮᠦᠷᠢ ᠳᠤ | ᠲᠦᠬᠦᠮ ᠦᠵᠡᠬᠦᠯᠵᠦ᠂ ᠵᠢᠨᠢᠩ ᠤᠨ ᠵᠢᠭᠤᠯᠴᠢᠯᠠᠯ ᠤᠨ ᠠᠵᠤ ᠠᠬᠤᠢ ᠶᠢᠨ ᠬᠦᠭᠵᠢᠯᠳᠡ ᠶᠢ ᠠᠬᠢᠭᠤᠯᠬᠤ ᠶᠢᠨ | ᠲᠤᠰᠠᠳᠠ᠂ ᠲᠦᠷ ᠴᠠᠭ KI ᠵᠠᠮ ᠤᠨ ᠴᠠᠰᠤᠨ ᠳᠤ ᠭᠤᠯᠭᠤᠬᠤ ᠳᠠᠯᠠᠪᠤᠷ ᠤᠨ ᠰᠢᠭᠤᠳ ᠲᠦᠷᠭᠡᠨ ᠲᠤᠰᠬᠠᠢ | ᠱᠤᠭᠤᠮ ᠢ ᠨᠡᠪᠳᠡᠷᠡᠬᠦᠯᠦᠨ᠎ᠡ᠂ ᠤᠳᠤᠷᠢᠳᠤᠯᠭ᠎ᠠ ᠠᠴᠠ ᠵᠠᠮ ᠱᠤᠭᠤᠮ ᠢ ᠬᠡᠷᠬᠢᠨ ᠲᠤᠬᠢᠷᠠᠭᠤᠯᠤᠭᠰᠠᠨ ᠢᠶᠠᠨ ᠶᠠᠷᠢᠵᠦ | ᠦᠭᠭᠦᠨ᠎ᠡ ᠦᠦ︖ | ᠰᠢᠤᠸᠠᠨ ᠹᠧᠩ ᠴᠢᠩ᠄ 2018 ᠤᠨ ᠤ 12 ᠰᠠᠷ᠎ᠠ ᠶᠢᠨ 23 ᠤ ᠡᠳᠦᠷ᠂ ᠲᠦᠷ ᠴᠠᠭ KI ᠵᠠᠮ ᠤᠨ | ᠴᠠᠰᠤᠨ ᠳᠤ ᠭᠤᠯᠭᠤᠬᠤ ᠰᠢᠭᠤᠳ ᠲᠦᠷᠭᠡᠨ ᠲᠤᠰᠬᠠᠢ ᠱᠤᠭᠤᠮ ᠢ ᠨᠡᠪᠳᠡᠷᠡᠬᠦᠯᠵᠦ᠂ KI ᠵᠠᠮ ᠤᠨ ᠴᠠᠰᠤᠨ ᠳᠤ | ᠭᠤᠯᠭᠤᠬᠤ ᠳᠤᠰᠬᠠᠢ ᠱᠤᠭᠤᠮ ᠨᠢ ᠲᠤᠭᠤᠷᠢᠭᠤᠯ ᠵᠠᠮ ᠪᠠᠶᠢᠵᠤ᠂ 170 ᠮᠢᠨᠦ᠋ᠲ ᠡᠷᠬᠢᠯᠳᠦᠵᠦ᠂ ᠪᠦᠬᠦ ᠶᠠᠪᠤᠴᠠ | 90 ᠺᠢᠯᠤᠮᠧᠲᠷ᠂ ᠡᠳᠦᠷ ᠪᠦᠷᠢ 4 ᠲᠡᠷᠭᠡ ᠬᠦᠳᠡᠯᠭᠡᠵᠦ᠂ ᠹᠧᠯᠲ ᠤᠨ ᠦᠨ᠎ᠡ ᠳᠠᠪᠤᠨ ᠲᠦᠬᠦᠷᠢᠭ᠂ ᠸᠧᠢ ᠪᠠᠩ | ᠱᠢ ᠵᠢᠢ ᠤᠷᠤᠨ ᠰᠠᠭᠤᠴᠠ ᠶᠢᠨ ᠲᠤᠭᠤᠷᠢᠭ ᠠᠴᠠ ᠡᠬᠢᠯᠡᠵᠦ᠂ ᠵᠠᠮ ᠳᠠᠭᠠᠨ ᠬᠤᠳᠠ ᠶᠢᠨ ᠨᠠᠮ ᠤᠨ ᠬᠤᠷᠢᠶ᠎ᠠ ᠵᠠᠰᠠᠭ | ᠤᠨ ᠤᠷᠳᠤᠨ—— ᠡᠮᠦᠨ᠎ᠡ ᠦᠷᠳᠡᠭᠡ—— ᠲᠦᠪ ᠠᠭᠤᠳᠠᠮ ᠳᠠᠯᠠᠪᠠᠢ—— ᠾᠧ ᠢ | ᠶᠦᠩ—— ᠬᠤᠸᠠᠩ ᠵᠢᠶᠠ ᠲᠤᠰᠬᠤᠨ—— ᠳ᠋ᠠ ᠾᠧ ᠸᠠᠨ ᠴᠠᠰᠤᠨ ᠳᠤ ᠭᠤᠯᠭᠤᠬᠤ | ᠳᠠᠯᠠᠪᠠᠢ—— ᠴᠠᠭᠠᠨ ᠠᠶᠢᠯ ᠴᠠᠰᠤᠨ ᠳᠤ ᠭᠤᠯᠭᠤᠬᠤ ᠳᠠᠯᠠᠪᠠᠢ—— ᠳ᠋ᠠ ᠱᠢ ᠬᠤᠤ—— ᠮᠠ | ᠯᠢᠶᠠᠨ ᠴᠢᠤᠢ—— ᠸᠧᠢ ᠳ᠋ᠦᠸᠧ ᠯᠢ ᠠᠭᠤᠳᠠᠮ ᠳᠠᠯᠠᠪᠠᠢ—— ᠲᠦᠪ ᠠᠭᠤᠳᠠᠮ ᠳᠠᠯᠠᠪᠠᠢ—— | ᠡᠮᠦᠨ᠎ᠡ ᠦᠷᠳᠡᠭᠡ—— ᠬᠤᠳᠠ ᠶᠢᠨ ᠨᠠᠮ ᠤᠨ ᠬᠤᠷᠢᠶ᠎ᠠ ᠵᠠᠰᠠᠭ ᠤᠨ ᠤᠷᠳᠤᠨ ᠢᠶᠠᠷ ᠦᠩᠭᠡᠷᠡᠵᠦ᠂ ᠡᠴᠦᠰ | ᠤᠨ ᠦᠷᠳᠡᠭᠡ ᠨᠢ ᠸᠧᠢ ᠪᠠᠩ ᠱᠢ ᠵᠢᠢ ᠤᠷᠤᠨ ᠰᠠᠭᠤᠴᠠ ᠶᠢᠨ ᠲᠤᠭᠤᠷᠢᠭ ᠠᠴᠠ ᠳᠡᠷᠭᠡ ᠬᠦᠳᠡᠯᠬᠦ ᠴᠠᠭ ᠨᠢ᠄ | 8᠄ 00 ᠂ 8᠄ 30 ᠂ 9᠄ 00᠂ 12᠄ 00᠂ 12᠄ 30᠂ 13᠄ 00᠂ | 13᠄ 30᠂ 15᠄ 30᠂ 16᠄30᠃ | ᠲᠤᠰ ᠱᠤᠭᠤᠮ ᠤᠨ ᠨᠡᠪᠳᠡᠷᠡᠭᠰᠡᠨ ᠨᠢ ᠴᠠᠭᠠᠨ ᠠᠶᠢᠯ᠂ ᠳ᠋ᠠ ᠾᠧ ᠸᠠᠨ ᠴᠠᠰᠤᠨ ᠳᠤ ᠭᠤᠯᠭᠤᠬᠤ ᠳᠠᠯᠠᠪᠠᠢ | ᠳᠤ ᠤᠴᠢᠬᠤ ᠬᠤᠳᠠ ᠶᠢᠨ ᠠᠷᠠᠳ ᠲᠤ ᠲᠦᠬᠦᠮ ᠦᠵᠡᠬᠦᠯᠦᠭᠰᠡᠨ ᠪᠦᠭᠡᠳ ᠡᠷᠬᠢᠨ ᠲᠤᠭᠤᠷᠢᠨ ᠤ ᠲᠤᠰᠬᠤᠨ ᠤ | ᠠᠷᠠᠳ ᠤᠨ ᠠᠰᠠᠭᠤᠳᠠᠯ ᠢ ᠰᠢᠢᠳᠪᠦᠷᠢᠯᠡᠵᠦ᠂ ᠬᠤᠳᠠ ᠬᠦᠳᠡᠭᠡ ᠶᠢ ᠨᠡᠪᠳᠡᠷᠡᠬᠦᠯᠵᠦ᠂ ᠨᠡᠶᠢᠳᠡ ᠶᠢᠨ ᠵᠠᠮ | ᠬᠠᠷᠢᠯᠴᠠᠭᠠᠨ ᠤ ᠪᠦᠷᠬᠦᠬᠦᠯᠳᠡ ᠶᠢᠨ ᠳᠠᠯᠠᠪᠠᠢ ᠶᠢ ᠦᠷᠭᠡᠳᠭᠡᠵᠦ᠂ ᠨᠡᠶᠢᠳᠡ ᠶᠢᠨ ᠵᠠᠮ ᠬᠠᠷᠢᠯᠴᠠᠭᠠᠨ ᠤ ᠦᠢᠯᠡᠰ ᠤᠨ | ᠦᠳᠳᠡᠷ ᠲᠦᠷᠭᠡᠨ ᠬᠦᠭᠵᠢᠯᠳᠡ ᠳᠤ ᠪᠠᠰᠠ ᠨᠢᠭᠡ ᠬᠤᠪᠢ ᠦᠩᠭᠡ ᠪᠤᠳᠤᠭ ᠨᠡᠮᠡᠷᠢᠯᠡᠭᠰᠡᠨ ᠪᠠᠶᠢᠨ᠎ᠠ᠃ | ᠰᠤᠷᠪᠤᠯᠵᠢᠯᠠᠭᠴᠢ᠄ ᠰᠠᠶᠢᠨ᠂ ᠰᠢᠤᠸᠠᠢ ᠲᠤᠭᠤᠷᠢᠭ ᠤᠨ ᠳᠠᠷᠤᠭ᠎ᠠ ᠪᠢᠳᠡᠨ ᠤ ᠰᠤᠷᠪᠤᠯᠵᠢᠯᠠᠭ᠎ᠠ ᠶᠠᠷᠢᠯᠴᠠᠭ᠎ᠠ | ᠶᠢ ᠬᠦᠯᠢᠶᠡᠨ ᠠᠪᠤᠭᠰᠠᠨ ᠳᠤ ᠨᠢ ᠳᠠᠯᠠᠷᠬᠠᠵᠤ ᠪᠠᠶᠢᠨ᠎ᠠ᠂ ᠦᠨᠦᠳᠦᠷ ᠤᠨ ᠰᠤᠷᠪᠤᠯᠵᠢᠯᠠᠭ᠎ᠠ ᠶᠠᠷᠢᠯᠴᠠᠭ᠎ᠠ ᠠᠳᠡ | ᠬᠦᠷᠦᠭᠡᠳ ᠦᠨᠳᠦᠷᠯᠡᠯ᠎ᠡ᠂ ᠡᠯ᠎ᠡ ᠰᠦᠯᠵᠢᠶᠡᠨ ᠨᠠᠶᠢᠵᠠ ᠨᠠᠷ ᠲᠠᠢ ᠳᠠᠷᠠᠭᠠᠴᠢ ᠪᠠᠷ ᠠᠭᠤᠯᠵᠠᠶ᠎ᠠ︕ | | | | ᠨᠠᠶᠢᠷᠠᠭᠤᠯᠤᠭᠴᠢ᠄ ᠢᠷᠭᠤᠢ | ᠤᠷᠴᠢᠭᠤᠯᠤᠭᠴᠢ᠄ ᠬᠡᠷᠡᠯᠳᠦ | | | | | |