ᠳᠤᠮᠳᠠᠳᠤ ᠤᠯᠤᠰ ᠤᠨ ᠲᠦᠮᠦᠰᠦᠨ ᠤ ᠲᠦᠪ
ᠨᠡᠶᠢᠲᠡᠯᠡᠭᠰᠡᠨ ᠴᠠᠭ᠄
2017/8/9
     ᠤᠯᠠᠭᠠᠨᠴᠠᠪ ᠤᠨ ᠲᠦᠮᠦᠰᠦᠨ ᠤ ᠲᠠᠷᠢᠮᠠᠯ ᠤᠨ ᠳᠠᠯᠠᠪᠠᠢ ᠬᠡᠪ ᠤᠨ ᠵᠢᠯ ᠳᠤ 400 ᠲᠦᠮᠡᠨ ᠮᠦ ᠳᠤ ᠲᠤᠭᠳᠠᠪᠤᠷᠢᠵᠢᠵᠤ᠂ ᠵᠢᠯ ᠤᠨ ᠬᠡᠪ ᠤᠨ ᠬᠡᠮᠵᠢᠶᠡᠨ ᠤ ᠶᠡᠷᠦᠩᠭᠡᠢ ᠭᠠᠷᠤᠯᠳᠠ 450 ᠲᠦᠮᠡᠨ ᠳᠤᠨ᠂ ᠲᠠᠷᠢᠮᠠᠯ ᠤᠨ ᠳᠠᠯᠠᠪᠠᠢ ᠪᠠ ᠭᠠᠷᠤᠯᠳᠠ ᠨᠢ ᠴᠦᠮ ᠪᠦᠬᠦ ᠤᠯᠤᠰ ᠤᠨ ᠲᠤᠰᠬᠠᠢ ᠤᠷᠤᠨ ᠤ ᠳᠡᠰ ᠤᠨ ᠬᠤᠲᠠ ᠶᠢᠨ ᠲᠡᠷᠢᠬᠦᠨ ᠳᠤ ᠤᠷᠤᠵᠤ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ 1/2 ᠤᠷᠴᠢᠮ ᠢ ᠡᠵᠡᠯᠡᠵᠦ᠂ ᠪᠦᠬᠦ ᠤᠯᠤᠰ  ᠤᠨ 6% ᠶᠢ ᠡᠵᠡᠯᠡᠪᠡ᠃ ᠪᠦᠬᠦ ᠬᠤᠲᠠ ᠶᠢᠨ 70% ᠠᠴᠠ ᠳᠡᠭᠡᠭᠰᠢᠬᠢ ᠲᠠᠷᠢᠶᠠᠨ ᠭᠠᠵᠠᠷ ᠲᠤ ᠲᠦᠮᠦᠰᠦ ᠲᠠᠷᠢᠵᠦ᠂ ᠬᠦᠮᠦᠨ ᠳᠤᠮᠳᠠᠴᠢ ᠶᠢᠨ ᠲᠦᠮᠦᠰᠦᠨ ᠤ ᠦᠢᠯᠡᠰ ᠠᠴᠠ ᠢᠷᠡᠭᠰᠡᠨ ᠤᠷᠤᠯᠭ᠎ᠠ ᠲᠠᠷᠢᠮᠠᠯ ᠤᠨ ᠦᠢᠯᠡᠰ ᠤᠨ ᠤᠷᠤᠯᠭ᠎ᠠ ᠶᠢᠨ 53% ᠶᠢ ᠡᠵᠡᠯᠡᠪᠡ᠃ ᠪᠦᠬᠦ ᠤᠷᠤᠨ ᠤ ᠠᠩᠬᠠᠳᠠᠭᠴᠢ ᠲᠦᠮᠦᠰᠦᠨ ᠤ ᠭᠤᠤᠯ ᠠᠮᠤᠵᠢᠭᠤᠯᠤᠭᠰᠠᠨ ᠪᠦᠲᠦᠭᠡᠭᠳᠡᠬᠦᠨ ᠤ ᠦᠢᠯᠡᠳᠪᠦᠷᠢᠯᠡᠯ ᠤᠨ ᠱᠤᠭᠤᠮ ᠨᠢ 2015 ᠤᠨ ᠳᠤ ᠤᠯᠠᠭᠠᠨᠴᠠᠪ ᠲᠤ ᠠᠰᠢᠭᠯᠠᠯᠲᠠ ᠳᠤ ᠤᠷᠤᠵᠤ᠂ ᠲᠦᠮᠦᠰᠦᠨ ᠤ ᠠᠵᠤ ᠦᠢᠯᠡᠰ ᠨᠢᠭᠡᠨᠳᠡ ᠲᠤᠰ ᠭᠠᠵᠠᠷ ᠤᠨ ᠲᠠᠷᠢᠶᠠᠴᠢᠨ ᠮᠠᠯᠴᠢᠨ ᠤ ᠤᠷᠤᠯᠭ᠎ᠠ ᠪᠠᠨ ᠨᠡᠮᠡᠭᠳᠡᠬᠦᠯᠦᠨ ᠪᠠᠶᠠᠵᠢᠨ ᠴᠢᠨᠡᠭᠡᠯᠢᠭᠵᠢᠬᠦ ᠶᠢᠨ ᠲᠤᠯᠭᠠᠭᠤᠷᠢ ᠠᠵᠤ ᠦᠢᠯᠡᠰ ᠪᠤᠯᠵᠤ᠂ ᠳᠤᠮᠳᠠᠳᠤ ᠤᠯᠤᠰ ᠤᠨ ᠢᠳᠡᠭᠡᠨ ᠤ ᠠᠵᠤ ᠦᠢᠯᠡᠳᠪᠦᠷᠢ ᠶᠢᠨ ᠨᠡᠶᠢᠬᠡᠮᠯᠢᠭ ᠠᠴᠠ ︽ᠳᠤᠮᠳᠠᠳᠤ ᠤᠯᠤᠰ ᠤᠨ ᠲᠦᠮᠦᠰᠦᠨ ᠤ ᠬᠤᠲᠠ︾ ᠪᠠᠷ ᠨᠡᠷᠡᠶᠢᠳᠪᠡ᠃      ᠮᠢᠨ ᠹᠧᠩ᠂ ᠵᠢᠶᠠ ᠾᠧᠩ᠂ ᠵᠦᠩ ᠵᠢᠶᠠ᠂ ᠵᠧᠩ ᠹᠧᠩ ᠲᠦᠷᠪᠡᠨ ᠲᠤᠮᠤ ᠲᠤᠯᠤᠭᠠᠶᠢᠯᠠᠭᠴᠢ ᠠᠵᠤ ᠠᠬᠤᠶᠢᠯᠠᠯ ᠢᠶᠠᠷ ᠭᠤᠤᠯ ᠬᠦᠴᠦᠨ ᠪᠤᠯᠭᠠᠵᠤ᠂ ᠤᠯᠭᠠᠨᠴᠠᠪ ᠲᠤ ᠦᠷ᠎ᠡ ᠶᠢᠨ ᠲᠦᠮᠦᠰᠦ ᠶᠢ ᠰᠠᠶᠢᠨ ᠡᠬᠦᠯᠳᠡᠷᠵᠢᠬᠦᠯᠦᠨ ᠦᠷᠡᠵᠢᠬᠦᠯᠬᠦ ᠰᠢᠰᠲ᠋ᠧᠮᠵᠢ ᠪᠦᠷᠢᠯᠳᠦᠬᠦᠯᠪᠡ᠃ ᠦᠨᠦ ᠲᠦᠮᠦᠰᠦᠨ ᠤ ᠬᠤᠤᠷ ᠢ ᠨᠢ ᠦᠭᠡᠶᠢᠳᠡᠬᠦᠯᠦᠨ ᠪᠤᠶᠢᠵᠢᠭᠤᠯᠬᠤ ᠲᠠᠰᠤᠭ 25000 ᠲᠡᠭᠰᠢ ᠲᠦᠷᠪᠡᠯᠵᠢᠨ ᠮᠧᠲᠷ᠂  ᠤᠤᠯ ᠡᠬᠦᠯᠳᠡᠷ ᠤᠨ ᠳᠠᠷᠢᠶᠠᠨ ᠭᠠᠵᠠᠷ 5 ᠲᠦᠮᠡᠨ ᠮᠦ᠂ ᠬᠢᠷᠢ ᠳᠤ ᠲᠡᠩᠴᠡᠭᠰᠡᠨ ᠦᠷ᠎ᠡ ᠶᠢᠨ ᠲᠦᠮᠦᠰᠦᠨ ᠤ ᠲᠠᠷᠢᠶᠠᠨ ᠭᠠᠵᠠᠷ 50 ᠲᠦᠮᠡᠨ ᠮᠦ ᠲᠠᠷᠢᠵᠤ᠂ ᠵᠢᠯ ᠳᠤ ᠬᠤᠤᠷ ᠢ ᠨᠢ ᠦᠭᠡᠶᠢᠳᠡᠬᠦᠯᠦᠭᠰᠡᠨ ᠴᠢᠬᠢ 1.2 ᠳ᠋ᠦᠩᠰᠢᠭᠤᠷ᠂ ᠬᠤᠤᠷ ᠢ ᠨᠢ ᠦᠭᠡᠶᠢᠳᠡᠬᠦᠯᠦᠭᠰᠡᠨ ᠪᠢᠴᠢᠯ ᠮᠠᠶ᠋ᠢᠭ ᠤᠨ ᠲᠦᠮᠦᠰᠦ 4.5  ᠳ᠋ᠦᠩᠰᠢᠭᠤᠷ ᠮᠦᠬᠦᠯᠢᠭ᠂ ᠤᠤᠯ ᠡᠬᠦᠯᠳᠡᠷ ᠤᠨ ᠲᠦᠮᠦᠰᠦ 10 ᠲᠤᠨ ᠪᠠ ᠬᠢᠷᠢ ᠳᠤ ᠲᠡᠩᠴᠡᠭᠰᠡᠨ ᠲᠦᠮᠦᠰᠦ 120 ᠲᠤᠨ ᠭᠠᠷᠭᠠᠵᠤ᠂ ᠦᠷ᠎ᠡ ᠶᠢᠨ ᠲᠦᠮᠦᠰᠦᠨ  ᠤ ᠬᠤᠴᠢᠯᠳᠠ ᠨᠢ ᠪᠦᠬᠦ ᠤᠯᠤᠰ ᠤᠨ1/4 ᠤᠷᠴᠢᠮ ᠤᠨ ᠲᠦᠮᠦᠰᠦᠨ ᠤ ᠲᠠᠷᠢᠮᠠᠯ ᠤᠨ ᠤᠷᠤᠨ ᠢ ᠡᠵᠡᠯᠡᠵᠦ᠂ ᠪᠦᠬᠦ ᠤᠯᠤᠰ ᠤᠨ ᠬᠠᠮᠤᠭ ᠤᠨ ᠲᠤᠮᠤ ᠦᠷ᠎ᠡ ᠶᠢᠨ ᠲᠦᠮᠦᠰᠦᠨ ᠤ ᠦᠢᠯᠡᠳᠪᠦᠷᠢᠯᠡᠯ ᠤᠨ ᠰᠠᠭᠤᠷᠢᠨ ᠪᠤᠯᠤᠭᠰᠠᠨ ᠪᠠᠶᠢᠨ᠎ᠠ᠃      ᠤᠯᠠᠭᠠᠨᠴᠠᠪ ᠲᠦᠮᠦᠰᠦᠨ ᠤ ᠲᠠᠷᠢᠮᠠᠯ ᠪᠤᠶᠢᠵᠢᠭᠤᠯᠤᠯᠲᠠ ᠶᠢᠨ ᠮᠡᠷᠭᠡᠵᠢᠯ ᠤᠨ ᠰᠤᠳᠤᠯᠭᠠᠨ ᠤ ᠲᠠᠯ᠎ᠠ ᠪᠠᠷ ᠳᠤᠪᠤᠶᠢᠮ᠎ᠠ ᠳᠠᠪᠠᠭᠤᠯᠢᠭ ᠲᠠᠢ ᠪᠠᠶᠢᠵᠤ᠂ ᠪᠦᠬᠦ ᠤᠯᠤᠰ ᠤᠨ ᠠᠩᠬᠠᠳᠠᠭᠴᠢ ᠲᠦᠮᠦᠰᠦᠨ ᠤ ᠤᠤᠯ ᠡᠬᠦᠯᠳᠡᠷ ᠤᠨ ᠳᠠᠯᠠᠪᠠᠢ᠂ ᠠᠩᠬᠠᠳᠠᠭᠴᠢ ᠲᠦᠮᠦᠰᠦᠨ ᠤ ᠤᠭ ᠤᠨ ᠤᠤᠯ ᠡᠬᠦᠯᠳᠡᠷ ᠤᠨ ᠦᠢᠯᠡᠳᠪᠦᠷᠢᠯᠡᠯ ᠤᠨ ᠲᠤᠤᠷ ᠲᠠᠰᠤᠭ᠂ ᠠᠩᠬᠠᠳᠠᠭᠴᠢ ᠬᠤᠤᠷ ᠦᠭᠡᠶᠢᠳᠡᠬᠦᠯᠦᠭᠰᠡᠨ ᠦᠷ᠎ᠡ ᠲᠦᠮᠦᠰᠦ ᠪᠤᠶᠢᠵᠢᠭᠤᠯᠬᠤ ᠲᠠᠰᠤᠭ ᠢ ᠤᠯᠠᠭᠠᠨᠴᠠᠪ ᠲᠤ ᠪᠠᠶᠢᠭᠤᠯᠪᠠ᠃      ᠰᠢᠨᠵᠢᠯᠡᠭᠡᠨ ᠮᠡᠷᠭᠡᠵᠢᠯ ᠤᠨ ᠪᠠᠶᠢᠭᠤᠯᠤᠮᠵᠢ ᠵᠢᠯ ᠪᠤᠯᠭᠠᠨ ᠤᠯᠤᠰ᠂ ᠦᠪᠡᠷᠲᠡᠭᠡᠨ ᠵᠠᠰᠠᠬᠤ ᠤᠷᠤᠨ ᠤ ᠲᠦᠮᠦᠰᠦᠨ ᠤ ᠤᠷᠤᠨ ᠪᠦᠰᠡ᠂ ᠦᠢᠯᠡᠳᠪᠦᠷᠢᠯᠡᠯ ᠲᠤᠷᠰᠢᠯᠳᠠ 20 ᠭᠠᠷᠤᠢ ᠲᠦᠷᠦᠯ ᠢ ᠡᠬᠦᠷᠭᠡᠯᠡᠵᠦ ᠪᠤᠢ᠃ ᠤᠯᠠᠭᠠᠨᠴᠠᠪ ᠬᠤᠲᠠ ᠶᠢᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ︽ᠲᠦᠮᠦᠰᠦᠨ ᠤ ᠦᠢᠯᠡᠳᠪᠦᠷᠢᠯᠡᠯ ᠡᠳ᠋ᠰᠢᠬᠦᠯᠦᠯᠲᠡ ᠶᠢᠨ ᠰᠠᠯᠪᠤᠷᠢ︾ ᠭᠠᠷᠭᠠᠵᠤ᠂ ᠪᠦᠬᠦ ᠤᠯᠤᠰ ᠤᠨ ᠦᠨᠳᠦᠷ ᠵᠡᠷᠭᠡ ᠶᠢᠨ ᠳᠡᠭᠡᠳᠦ ᠰᠤᠷᠭᠠᠭᠤᠯᠢ ᠳᠤ ᠬᠠᠮᠤᠭ ᠲᠡᠷᠢᠬᠦᠨ ᠳᠤ ᠲᠦᠮᠦᠰᠦᠨ ᠤ ᠦᠢᠯᠡᠳᠪᠦᠷᠢᠯᠡᠯ ᠡᠳ᠋ᠰᠢᠬᠦᠯᠦᠯᠲᠡ ᠶᠢᠨ ᠰᠠᠯᠪᠤᠷᠢ ᠭᠠᠷᠭᠠᠭᠰᠠᠨ ᠪᠠᠶᠢᠨ᠎ᠠ᠃      2007 ᠤᠨ ᠳᠤ ᠤᠯᠠᠭᠠᠨᠴᠠᠪ ᠲᠦᠮᠦᠰᠦᠨ ᠤ ᠨᠡᠶᠢᠭᠡᠮᠯᠢᠭ ᠪᠠᠶᠢᠭᠤᠯᠵᠤ᠂ 2011 ᠤᠨ ᠳᠤ ᠤᠯᠤᠰ ᠤᠨ ᠠᠵᠤ ᠦᠢᠯᠡᠳᠪᠦᠷᠢ ᠬᠤᠳᠠᠯᠳᠤᠭᠠᠨ ᠤ ᠶᠡᠷᠦᠩᠭᠡᠢ ᠲᠤᠪᠴᠢᠶᠠᠨ ᠳᠤ ︽ᠤᠯᠠᠭᠠᠨᠴᠠᠪ ᠤᠨ ᠲᠦᠮᠦᠰᠦᠨ︾ ᠤ ᠭᠠᠵᠠᠷ ᠵᠦᠢ ᠤᠨ ᠪᠡᠯᠭᠡ ᠳᠡᠮᠳᠡᠭ ᠤᠨ ᠭᠡᠷᠡᠴᠢᠯᠡᠯᠳᠡ ᠶᠢᠨ ᠱᠤᠰᠢᠭ᠎ᠠ ᠳᠠᠩᠰᠠᠯᠠᠭᠤᠯᠵᠤ᠂ 2016 ᠤᠨ ᠳᠤ ︽ᠤᠯᠠᠭᠠᠨᠴᠠᠪ  ᠤᠨ ᠲᠦᠮᠦᠰᠦᠨ︾ ᠤ ᠭᠠᠵᠠᠷ ᠵᠦᠢ ᠶᠢᠨ ᠪᠡᠯᠭᠡ ᠳᠡᠮᠳᠡᠭ ᠤᠨ ᠪᠦᠲᠦᠭᠡᠭᠳᠡᠬᠦᠨ ᠨᠢ ᠨᠡᠷᠡᠲᠦ ᠳᠡᠮᠳᠡᠭ ᠤᠨ ᠦᠨ᠎ᠡ ᠦᠷᠲᠡᠭ ᠤᠨ ᠦᠨᠡᠯᠡᠯᠲᠡ ᠶᠢᠨ ᠰᠤᠷᠠᠭ ᠵᠠᠩᠬᠢ ᠶᠢᠨ ᠰᠠᠮᠪᠠᠷ᠎ᠠ ᠳᠤ ᠰᠤᠩᠭᠤᠭᠳᠠᠨ ᠤᠷᠤᠵᠤ᠂ ᠦᠪᠡᠷᠲᠡᠭᠡᠨ ᠵᠠᠰᠠᠬᠤ ᠤᠷᠤᠨ ᠤ ᠴᠤᠷ ᠤᠨ ᠭᠠᠭᠴᠠ ᠰᠤᠩᠭᠤᠭᠳᠠᠨ ᠤᠷᠤᠭᠰᠠᠨ ᠪᠦᠲᠦᠭᠡᠭᠳᠡᠬᠦᠨ ᠪᠤᠯᠵᠤ᠂ ᠤᠷᠤᠨ ᠪᠦᠰᠡ ᠶᠢᠨ ᠨᠡᠷᠡᠲᠦ ᠳᠡᠮᠳᠡᠭ ᠤᠨ ᠦᠨ᠎ᠡ ᠦᠷᠲᠡᠭ 114.91 ᠳ᠋ᠦᠩᠰᠢᠭᠤᠷ ᠲᠦᠬᠦᠷᠢᠭ᠂ ᠪᠦᠬᠦ ᠤᠯᠤᠰ ᠤᠨ ᠠᠩᠬ᠎ᠠ ᠵᠡᠷᠭᠡ ᠶᠢᠨ ᠲᠠᠷᠢᠶᠠᠯᠠᠩ ᠤᠨ ᠪᠦᠲᠦᠭᠡᠭᠳᠡᠬᠦᠨ ᠤ ᠲᠦᠷᠦᠯ ᠤᠨ ᠭᠠᠵᠠᠷ ᠵᠦᠢ ᠶᠢᠨ ᠪᠡᠯᠭᠡ ᠳᠡᠮᠳᠡᠭ ᠤᠨ ᠪᠦᠲᠦᠭᠡᠭᠳᠡᠬᠦᠨ ᠳᠤ 14  ᠳ᠋ᠦᠭᠡᠷ ᠪᠠᠶᠢᠷᠢ ᠳᠤ ᠤᠷᠤᠪᠠ᠃ ︽ᠬᠤᠶᠢᠲᠤ ᠬᠤᠰᠢᠭᠤᠨ ᠤ ᠤᠯᠠᠭᠠᠨ︾ ᠲᠦᠮᠦᠰᠦ ᠲᠤᠰᠪᠦᠷᠢ ︽ᠠᠷᠪᠠᠨ ᠵᠢᠷᠭᠤᠳᠤᠭᠠᠷ ᠬᠤᠭᠤᠴᠠᠭᠠᠨ ᠤ ᠳᠤᠮᠳᠠᠳᠤ ᠤᠯᠤᠰ ᠤᠨ ᠪᠤᠬᠢᠷᠳᠤᠯ ᠦᠭᠡᠢ ᠢᠳᠡᠭᠡᠨ ᠤ ᠦᠵᠡᠰᠬᠦᠯᠡᠩ ᠤᠨ ᠴᠤᠭᠯᠠᠭᠠᠨ︾ ᠪᠠ ︽ᠠᠷᠪᠠᠨ ᠲᠦᠷᠪᠡᠳᠦᠭᠡᠷ ᠬᠤᠭᠤᠴᠠᠭᠠᠨ ᠤ ᠳᠤᠮᠳᠠᠳᠤ ᠤᠯᠤᠰ ᠤᠨ ᠤᠯᠠᠨ ᠤᠯᠤᠰ ᠤᠨ ᠲᠠᠷᠢᠶᠠᠯᠠᠩ ᠤᠨ ᠪᠦᠲᠦᠭᠡᠭᠳᠡᠬᠦᠨ ᠤ ᠠᠷᠠᠯᠵᠢᠶᠠᠨ ᠤ ᠴᠤᠭᠯᠠᠭᠠᠨ︾ ᠤ ᠱᠠᠩᠨᠠᠯ ᠤᠯᠵᠤ᠂ ᠤᠯᠠᠨ ᠤᠯᠤᠰ ᠤᠨ 5A ᠳᠡᠰ ᠤᠨ ᠨᠡᠷᠡᠲᠦ ᠲᠡᠮᠳᠡᠭ ᠢᠶᠠᠷ ᠬᠡᠷᠡᠴᠢᠯᠡᠭᠳᠡᠭᠰᠡᠨ ᠪᠠᠶᠢᠨ᠎ᠠ᠃
 
ᠢᠷᠡᠯᠲᠡ᠄ ᠤᠯᠠᠭᠠᠨᠴᠠᠪ ᠬᠤᠳᠠ ᠶᠢᠨ ᠠᠷᠠᠳ ᠤᠨ ᠵᠠᠰᠠᠭ ᠤᠨ ᠤᠷᠳᠣᠨ ᠤ ᠬᠢᠳᠠᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
1
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2