ᠰᠠᠯᠬᠢᠨ ᠴᠠᠬᠢᠯᠭᠠᠨ ᠤ ᠲᠦᠪ
ᠨᠡᠶᠢᠲᠡᠯᠡᠭᠰᠡᠨ ᠴᠠᠭ᠄
2017/8/1
  ᠤᠯᠠᠭᠠᠨᠴᠠᠪ ᠤᠨ ᠠᠰᠢᠭᠲᠠᠢ ᠰᠠᠯᠬᠢᠨ  ᠴᠠᠬᠢᠯᠭᠠᠨ ᠤ ᠳᠠᠯᠠᠪᠠᠢ 6828 ᠳᠡᠭᠰᠢ ᠲᠦᠷᠪᠡᠯᠵᠢᠨ ᠺᠢᠯᠤᠮᠧᠲᠷ ᠲᠤ ᠬᠦᠷᠴᠦ᠂ ᠮᠡᠷᠭᠡᠵᠢᠯ ᠢᠶᠠᠷ ᠨᠡᠭᠡᠭᠡᠨ ᠠᠰᠢᠭᠯᠠᠵᠤ ᠪᠤᠯᠬᠤᠶᠢᠴᠠ ᠬᠡᠮᠵᠢᠶ᠎ᠡ 6806 ᠲᠦᠮᠡᠨ ᠺᠢᠯᠤᠸᠠᠲ ᠳᠤ ᠬᠦᠷᠴᠦ᠂ ᠲᠤᠰᠪᠤᠷᠢ ᠦᠪᠦᠷ ᠮᠤᠩᠭᠤᠯ ᠤᠨ ᠭᠤᠷᠪᠠᠨ ᠤ ᠨᠢᠭᠡ ᠬᠤᠪᠢ ᠪᠠ ᠪᠦᠬᠦ ᠤᠯᠤᠰ ᠤᠨ ᠠᠷᠪᠠᠨ ᠤ ᠨᠢᠭᠡ ᠬᠤᠪᠢ ᠶᠢ ᠡᠵᠡᠯᠡᠵᠤ᠂ ᠰᠠᠯᠬᠢᠨ ᠬᠦᠴᠦ ᠪᠠᠷ ᠴᠠᠬᠢᠯᠭᠠᠨ ᠭᠠᠷᠭᠠᠬᠤ ᠮᠠᠰᠢᠨ ᠴᠤᠭᠴᠠᠯᠠᠪᠤᠷᠢ ᠶᠢᠨ ᠪᠠᠭᠳᠠᠭᠠᠮᠵᠢ 485 ᠲᠦᠮᠡᠨ ᠺᠢᠯᠤᠸᠠᠲ ᠳᠤ ᠬᠦᠷᠴᠦ᠂ ︽ᠤᠭᠳᠠᠷᠭᠤᠢ ᠶᠢᠨ ᠭᠤᠷᠪᠠᠨ ᠬᠠᠪᠴᠢᠯ᠂ ᠰᠠᠯᠬᠢᠨ ᠴᠠᠬᠢᠯᠭᠠᠨ ᠤ ᠲᠦᠪ︾ ᠢᠶᠠᠷ  ᠨᠡᠷᠡᠶᠢᠳᠦᠭᠳᠡᠪᠡ᠃
  ᠤᠯᠠᠭᠠᠨᠴᠠᠪ ᠪᠤᠯ ᠰᠢᠪᠧᠷᠢᠶ᠎ᠠ ᠶᠢᠨ ᠬᠦᠢᠳᠡᠨ ᠦᠨᠳᠦᠷ ᠳᠠᠷᠤᠯᠳᠠᠳᠤ ᠠᠭᠠᠷ ᠪᠠ ᠮᠤᠩᠭᠤᠯ ᠤᠨ ᠬᠤᠶᠢᠯᠠᠷᠠᠭ᠎ᠠ  ᠶᠢᠨ ᠲᠤᠳᠤᠷ᠎ᠡ ᠭᠠᠵᠠᠷ ᠴᠢᠭᠯᠡᠭᠰᠡᠨ ᠭᠤᠤᠯ ᠵᠠᠮ ᠨᠡᠪᠳᠡᠷᠡᠯᠭᠡ ᠮᠦᠨ᠂ ᠭᠠᠵᠡᠷ ᠤᠨ ᠪᠠᠶᠢᠷᠢᠰᠢᠯ ᠵᠡᠬᠦᠨ ᠤᠷᠳᠤᠷᠢᠭ  ᠤᠨ110。26、—114。49、᠂ ᠬᠤᠶᠢᠳᠤ ᠦᠷᠭᠡᠷᠢᠭ ᠤᠨ 40。10、— 43。28、  ᠤᠨ ᠬᠤᠭᠤᠷᠤᠨᠳᠤ᠂ ᠶᠠᠭ ᠰᠢᠪᠧᠷᠢᠶ᠎ᠠ ᠶᠢᠨ ᠬᠦᠢᠳᠡᠨ ᠦᠨᠳᠦᠷ ᠲᠠᠷᠤᠯᠳᠠᠳᠤ ᠠᠭᠠᠷ ᠪᠠ ᠮᠤᠩᠭᠤᠯ ᠤᠨ ᠬᠤᠶᠢᠯᠠᠷᠠᠭ᠎ᠠ  ᠶᠢᠨ ᠲᠤᠳᠤᠷ᠎ᠡ ᠭᠠᠵᠠᠷ ᠴᠢᠭᠯᠡᠭᠰᠡᠨ ᠰᠠᠯᠬᠢᠨ ᠤ ᠭᠤᠤᠯ ᠵᠠᠮ ᠳᠡᠭᠡᠷ᠎ᠡ ᠪᠠᠶᠢᠵᠤ᠂ ᠦᠪᠦᠷ ᠮᠤᠩᠭᠤᠯ ᠴᠢᠨᠠᠭᠰᠢᠯᠠᠪᠠᠯ ᠪᠦᠬᠦ ᠤᠯᠤᠰ ᠤᠨ ᠰᠠᠯᠬᠢᠨ ᠡᠨᠧᠷᠬᠢ ᠡᠯᠪᠡᠭ ᠬᠤᠷᠠᠭᠰᠠᠨ ᠤᠷᠤᠨ ᠪᠤᠯᠤᠨ᠎ᠠ᠃ ᠭᠠᠵᠠᠷ ᠤᠨ ᠭᠠᠳᠠᠷᠭᠤ ᠠᠴᠠ ᠳᠡᠭᠡᠭᠰᠢ 70m ᠦᠨᠳᠦᠷ ᠭᠠᠵᠠᠷ ᠲᠤ ᠵᠢᠯ ᠳᠤᠮᠳᠠᠴᠢ ᠶᠢᠨ ᠰᠠᠯᠬᠢᠨ ᠤ ᠬᠤᠷᠳᠤᠴᠡ 7.2—8.8m/s ᠪᠠᠶᠢᠵᠤ᠂ ᠵᠢᠯ ᠤᠨ ᠠᠰᠢᠭᠳᠠᠢ ᠰᠠᠯᠬᠢᠨ ᠤ ᠴᠠᠭ ᠨᠢ 7300—8100 ᠴᠠᠭ᠂ ᠠᠰᠢᠭᠳᠠᠢ ᠰᠠᠯᠬᠢᠨ ᠤ ᠴᠠᠭ ᠤᠯᠠᠨ᠂ ᠰᠠᠯᠬᠢᠨ ᠤ ᠡᠨᠧᠷᠭᠢ ᠤᠨ ᠳᠡᠰ ᠵᠡᠷᠭᠡ ᠦᠨᠳᠦᠷ᠂ ᠳᠠᠯᠠᠪᠤᠷ ᠤᠨ ᠳᠠᠯᠠᠪᠠᠢ ᠶᠡᠭᠡ ᠤᠨᠴᠠᠯᠢᠭ ᠲᠠᠢ ᠪᠤᠯᠬᠤᠷ ᠲᠤᠮᠤ ᠬᠡᠯᠪᠡᠷᠢ ᠶᠢᠨ ᠰᠠᠯᠬᠢᠨ ᠬᠦᠴᠦᠨ ᠤ ᠴᠠᠬᠢᠯᠭᠠᠨ ᠭᠠᠷᠭᠠᠬᠤ ᠳᠠᠯᠠᠪᠠᠢ ᠶᠢ ᠲᠦᠯᠦᠪᠵᠢᠬᠦᠯᠦᠨ ᠪᠠᠶᠢᠭᠤᠯᠬᠤ ᠳᠤ ᠲᠤᠬᠢᠷᠠᠮᠵᠢᠳᠠᠢ ᠶᠤᠮ᠃
 
ᠢᠷᠡᠯᠲᠡ᠄ ᠤᠯᠠᠭᠠᠨᠴᠠᠪ ᠬᠤᠳᠠ ᠶᠢᠨ ᠠᠷᠠᠳ ᠤᠨ ᠵᠠᠰᠠᠭ ᠤᠨ ᠤᠷᠳᠣᠨ ᠤ ᠬᠢᠳᠠᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000622号-2